1 2 3 4 5 6 7 8 9 10 11 12 13


ᠬᠣᠶᠠᠳᠤᠭᠠᠷ ᠺᠣᠷᠢᠨᠲ ᠶᠢᠰᠦ

1 ᠠᠷᠢᠭᠤᠨ ᠬᠥᠮᠦᠰ ᠢ ᠲᠡᠳᠬᠦᠬᠦ ᠡᠨᠡ ᠠᠵᠢᠯᠯᠠᠭ᠎ᠠ ᠶᠢᠨ ᠲᠤᠬᠠᠢ ᠲᠠ ᠨᠠᠷ ᠲᠤ ᠪᠢᠴᠢᠬᠦ ᠨᠢ ᠬᠡᠷᠡᠭ ᠦᠭᠡᠢ ᠪᠠᠢᠬ᠎ᠠ᠃ 2 ᠪᠢ ᠲᠠ ᠨᠠᠷ ᠤᠨ ᠰᠡᠳᠬᠢᠯ ᠪᠡᠯᠡᠬᠡᠨ ᠭᠡᠳᠡᠭ ᠢ ᠮᠡᠳᠡᠨ᠎ᠡ᠃ ᠲᠡᠢᠮᠦ ᠡᠴᠡ ᠪᠢ ᠮᠠᠺᠧᠳᠣᠨᠢᠴᠤᠳ ᠲᠤ ᠲᠠ ᠨᠠᠷ ᠢ ᠮᠠᠭᠲᠠᠨ᠄ 《ᠠᠺᠠᠢᠶ᠎ᠠ ᠳᠤ ᠪᠣᠯ ᠨᠢᠳᠤᠨᠤᠨ ᠨᠢᠭᠡᠨᠲᠡ ᠪᠡᠯᠡᠳᠬᠡᠴᠢᠬᠡᠭᠰᠡᠨ》 ᠭᠡᠰᠡᠨ ᠳᠦ᠂ ᠲᠠ ᠨᠠᠷ ᠤᠨ ᠵᠢᠳᠬᠦᠯ ᠢᠶᠡᠷ ᠣᠯᠠᠩᠬᠢ ᠬᠥᠮᠦᠨ ᠦ ᠰᠡᠳᠬᠢᠯ ᠳᠣᠭᠳᠣᠯᠪᠠ᠃ 3 ᠡᠨᠡ ᠠᠵᠢᠯᠯᠠᠭ᠎ᠠ ᠳᠡᠭᠡᠷ᠎ᠡ ᠲᠠ ᠨᠠᠷ ᠢ ᠮᠠᠭᠲᠠᠭᠰᠠᠨ ᠢ ᠮᠢᠨᠢ ᠲᠠ ᠨᠠᠷ ᠦᠯᠦ ᠬᠣᠭᠣᠰᠣᠳᠠᠭᠤᠯᠤᠨ ᠮᠢᠨᠦ ᠬᠡᠯᠡᠭᠰᠡᠨ ᠶᠣᠰᠣᠭᠠᠷ ᠪᠡᠯᠡᠳᠬᠡᠯᠭᠡᠬᠦ ᠭᠡᠵᠦ ᠪᠢ ᠠᠬ᠎ᠠ ᠳᠡᠭᠦᠦ ᠨᠠᠷ ᠢᠶᠠᠨ ᠢᠯᠡᠭᠡᠵᠦ ᠪᠠᠢᠨ᠎ᠠ᠃ 4 ᠬᠡᠷᠪᠡ ᠮᠠᠺᠧᠳᠣᠨᠢᠴᠤᠳ ᠨᠠᠳᠠ ᠲᠠᠢ ᠬᠠᠮᠲᠤ ᠣᠴᠢᠭᠠᠳ ᠲᠠ ᠨᠠᠷ ᠤᠨ ᠪᠡᠯᠡᠳᠬᠡᠯ ᠦᠭᠡᠢ ᠶᠢ ᠣᠯᠵᠤ ᠬᠠᠷᠠᠪᠠᠯ᠂ ᠲᠠ ᠨᠠᠷ ᠪᠠᠢᠲᠤᠭᠠᠢ᠂ ᠪᠢᠳᠡ ᠴᠤ ᠲᠠ ᠨᠠᠷ ᠲᠤ ᠲᠡᠢᠮᠦ ᠢᠲᠡᠭᠡᠯ ᠲᠡᠢ ᠪᠠᠢᠭᠰᠠᠨ ᠠᠴᠠ ᠪᠠᠨ ᠢᠴᠢᠩᠭᠦᠷᠡᠬᠦ ᠪᠣᠯᠣᠨ᠎ᠠ᠃ 5 ᠲᠡᠢᠮᠦ ᠡᠴᠡ ᠪᠢ ᠲᠡᠳᠡᠭᠡᠷ ᠠᠬ᠎ᠠ ᠳᠡᠭᠦᠦᠰ ᠢ ᠢᠳᠬᠠᠵᠤ᠂ ᠲᠠᠨ ᠤ ᠲᠡᠨᠳᠡ ᠤᠷᠢᠳᠠᠪᠠᠷ ᠶᠠᠪᠤᠭᠤᠯᠤᠭᠠᠳ ᠲᠠ ᠨᠠᠷ ᠤᠨ ᠠᠮᠠᠯᠠᠭᠰᠠᠨ ᠡᠷᠭᠦᠯ ᠢ ᠪᠡᠯᠡᠳᠬᠡᠯᠭᠡᠬᠦ ᠬᠡᠷᠡᠭᠲᠡᠢ ᠭᠡᠵᠦ ᠪᠣᠳᠣᠪᠠ᠃ ᠡᠨᠡ ᠨᠢ ᠲᠡᠷᠡ ᠡᠷᠭᠦᠯ ᠢ ᠠᠯᠪᠠᠳᠠᠯᠭ᠎ᠠ ᠪᠠᠷ ᠪᠤᠰᠤ᠂ ᠬᠠᠷᠢᠨ ᠦᠨᠡᠨ ᠬᠦ ᠡᠷᠭᠦᠯ ᠪᠣᠯᠭᠠᠬᠤ ᠶᠢᠨ ᠲᠤᠯᠠᠳᠠ ᠶᠤᠮ᠃
 ᠥᠭᠯᠢᠭᠡ ᠶᠢᠨ ᠵᠠᠷᠴᠢᠮ ᠪᠠ ᠦᠷ᠎ᠡ ᠠᠰᠢᠭ

6 ᠲᠣᠪᠴᠢᠯᠠᠨ ᠶᠠᠷᠢᠶ᠎ᠠ᠃ ᠬᠣᠮᠰᠠᠬᠠᠨ ᠲᠠᠷᠢᠭᠴᠢ ᠨᠢ ᠬᠣᠮᠰᠠᠬᠠᠨ ᠬᠤᠷᠢᠶᠠᠨ᠎ᠠ᠂ ᠡᠯᠪᠡᠭ ᠲᠠᠷᠢᠭᠴᠢ ᠨᠢ ᠡᠯᠪᠡᠭ ᠬᠤᠷᠢᠶᠠᠨ᠎ᠠ᠃ 7 ᠬᠥᠮᠦᠨ ᠪᠣᠯᠭᠠᠨ ᠰᠡᠳᠬᠢᠯ ᠳᠡᠭᠡᠨ ᠰᠢᠢᠳᠦᠭᠰᠡᠨ ᠦ ᠳᠠᠭᠠᠤ ᠵᠣᠪᠠᠨᠢᠯ ᠲᠠᠢ ᠪᠠᠷ ᠪᠤᠰᠤ᠂ ᠠᠯᠪᠠᠳᠠᠯᠭ᠎ᠠ ᠶᠢᠨ ᠪᠤᠰᠤ ᠪᠠᠷ ᠡᠷᠭᠦᠭᠲᠦᠨ᠃ ᠳᠤᠷᠠᠲᠠᠶ᠎ᠠ ᠡᠷᠭᠦᠭᠴᠢ ᠳᠤ ᠪᠤᠷᠬᠠᠨ ᠬᠠᠢᠷᠠᠲᠠᠢ ᠪᠠᠢᠳᠠᠭ᠃ 8 ᠪᠤᠷᠬᠠᠨ ᠲᠠ ᠨᠠᠷ ᠢ ᠦᠷᠭᠦᠯᠵᠢᠳᠡ ᠪᠦᠬᠦ ᠲᠠᠯ᠎ᠠ ᠪᠠᠷ ᠳᠦᠭᠦᠷᠡᠩ ᠬᠠᠩ᠋ᠭᠠᠯᠲᠠᠲᠠᠢ ᠪᠠᠢᠯᠭᠠᠵᠤ᠂ ᠲᠠ ᠨᠠᠷ ᠢᠶᠠᠷ ᠵᠦᠢᠯ ᠪᠦᠷᠢ ᠶᠢᠨ ᠰᠠᠢᠨ ᠦᠢᠯᠡ ᠶᠢ ᠬᠡᠮᠵᠢᠶᠡᠯᠡᠰᠢ ᠦᠭᠡᠢ ᠶᠡᠬᠡ ᠬᠢᠯᠭᠡᠬᠦ ᠶᠢᠨ ᠲᠤᠯᠠᠳᠠ ᠲᠠ ᠨᠠᠷ ᠲᠤ ᠪᠦᠬᠦ ᠢᠪᠡᠭᠡᠯ ᠢ ᠬᠡᠮᠵᠢᠶᠡᠯᠡᠰᠢ ᠦᠭᠡᠢ ᠶᠡᠬᠡ ᠪᠢᠯᠬᠠᠭᠠᠬᠤ ᠴᠢᠳᠠᠯ ᠲᠠᠢ᠃ 9 ᠡᠨᠡ ᠲᠤᠬᠠᠢ᠄ 《ᠲᠡᠷᠡ ᠲᠦᠭᠡᠭᠡᠵᠦ ᠶᠠᠳᠠᠭᠤᠰ ᠲᠤ ᠥᠭᠭᠥᠭᠰᠡᠨ᠂ ᠵᠥᠪᠲᠦ ᠦᠢᠯᠡᠰ ᠨᠢ ᠮᠥᠩᠬᠡᠳᠡ ᠦᠯᠡᠳᠡᠨ᠎ᠡ》 ᠭᠡᠵᠦ ᠪᠢᠴᠢᠭᠳᠡᠭᠰᠡᠨ ᠪᠠᠢᠳᠠᠭ᠃ 10 ᠲᠠᠷᠢᠭᠴᠢ ᠳᠤ ᠦᠷ᠎ᠡ ᠪᠠ ᠬᠣᠭᠣᠯᠠ ᠬᠦᠨᠡᠰᠦ ᠰᠣᠶᠣᠷᠬᠠᠭᠴᠢ ᠨᠢ ᠲᠠ ᠨᠠᠷ ᠲᠤ ᠴᠤ ᠦᠷ᠎ᠡ ᠰᠣᠶᠣᠷᠬᠠᠵᠤ ᠦᠷᠡᠵᠢᠭᠦᠯᠦᠨ ᠵᠥᠪ ᠦᠨ ᠬᠤᠷᠢᠶᠠᠯᠲᠠ ᠶᠢ ᠴᠢᠨᠢ ᠨᠡᠮᠡᠨ᠎ᠡ᠃ 11 ᠲᠠ ᠨᠠᠷ ᠪᠦᠬᠦ ᠲᠠᠯ᠎ᠠ ᠪᠠᠷ ᠪᠠᠶᠠᠵᠢᠵᠤ ᠢᠮᠠᠭᠲᠠ ᠥᠭᠭᠢᠶᠡᠮᠦᠷ ᠢᠶᠡᠷ ᠡᠷᠭᠦᠬᠦ ᠪᠥᠭᠡᠳ ᠥᠭᠭᠢᠶᠡᠮᠦᠷ ᠡᠷᠭᠦᠯ ᠢ ᠴᠢᠨᠢ ᠪᠢᠳᠡᠨ ᠢᠶᠡᠷ ᠳᠠᠮᠵᠢᠨ ᠬᠦᠯᠢᠶᠡᠨ ᠠᠪᠤᠭᠴᠢᠳ ᠪᠤᠷᠬᠠᠨ ᠳᠤ ᠲᠠᠯᠠᠷᠬᠠᠬᠤ ᠪᠣᠯᠣᠨ᠎ᠠ᠃ 12 ᠡᠢᠮᠦᠷᠬᠦ ᠲᠡᠳᠬᠦᠮᠵᠢ ᠶᠢᠨ ᠠᠵᠢᠯᠯᠠᠭ᠎ᠠ ᠪᠣᠯ ᠠᠷᠢᠭᠤᠨ ᠬᠥᠮᠦᠰ ᠦᠨ ᠬᠡᠷᠡᠭᠴᠡᠭᠡ ᠶᠢ ᠬᠠᠩ᠋ᠭᠠᠬᠤ ᠪᠠᠷ ᠪᠠᠷᠠᠬᠤ ᠦᠭᠡᠢ᠂ ᠪᠤᠷᠬᠠᠨ ᠳᠤ ᠡᠷᠭᠦᠬᠦ ᠲᠠᠯᠠᠷᠬᠠᠯ ᠢ ᠡᠯᠪᠡᠭᠵᠢᠬᠦᠯᠳᠡᠭ᠌᠃ 13 ᠲᠠ ᠨᠠᠷ ᠾᠷᠢᠰᠲ᠋ᠣᠰ ᠤᠨ ᠪᠠᠶᠠᠷ ᠤᠨ ᠮᠡᠳᠡᠭᠡᠨ ᠳᠦ ᠢᠲᠡᠭᠡᠯ ᠲᠡᠢ ᠪᠠᠢᠭ᠎ᠠ ᠪᠠᠨ ᠢᠯᠡᠷᠬᠡᠶᠢᠯᠡᠭᠰᠡᠨ ᠶᠣᠰᠣᠭᠠᠷ ᠳᠤᠭᠤᠯᠭᠠᠪᠤᠷᠢᠲᠠᠢ ᠪᠠᠢᠵᠤ᠂ ᠲᠡᠳᠡᠨ ᠳᠦ ᠪᠣᠯᠣᠨ ᠪᠦᠬᠦ ᠬᠥᠮᠦᠨ ᠢ ᠥᠭᠭᠢᠶᠡᠮᠦᠷ ᠢᠶᠡᠷ ᠲᠤᠰᠠᠯᠠᠳᠠᠭ ᠢ ᠴᠢᠨᠢ ᠡᠨᠡ ᠠᠵᠢᠯᠯᠠᠭ᠎ᠠ ᠭᠡᠷᠡᠴᠢᠯᠡᠬᠦ ᠪᠥᠭᠡᠳ ᠬᠥᠮᠦᠰ ᠡᠳᠡᠭᠡᠷ ᠭᠡᠷᠡᠴᠢᠯᠡᠯ ᠢᠶᠡᠷ ᠪᠤᠷᠬᠠᠨ ᠢ ᠠᠯᠳᠠᠷᠰᠢᠭᠤᠯᠵᠤ᠂ 14 ᠲᠠ ᠨᠠᠷ ᠤᠨ ᠲᠥᠯᠥᠭᠡ ᠭᠤᠶᠤᠵᠤ᠂ ᠲᠠ ᠨᠠᠷ ᠲᠤ ᠪᠠᠢᠭ᠎ᠠ ᠪᠤᠷᠬᠠᠨ ᠤ ᠠᠭᠤᠤ ᠶᠡᠬᠡ ᠢᠪᠡᠭᠡᠯ ᠢᠶᠡᠷ ᠲᠠ ᠨᠠᠷ ᠢ ᠮᠥᠷᠥᠭᠡᠳᠬᠦ ᠪᠣᠯᠣᠨ᠎ᠠ᠃ 15 ᠥᠭᠦᠯᠡᠰᠢ ᠦᠭᠡᠢ ᠰᠣᠶᠣᠷᠬᠠᠯ ᠤᠨ ᠲᠥᠯᠥᠭᠡ ᠪᠤᠷᠬᠠᠨ ᠳᠤ ᠲᠠᠯᠠᠷᠬᠠᠶ᠎ᠠ᠃