1 2 3 4 5 6 7 8 9 10 11 12 13


ᠬᠣᠶᠠᠳᠤᠭᠠᠷ ᠺᠣᠷᠢᠨᠲ ᠵᠢᠷᠭᠤᠭ᠎ᠠ
 ᠮᠠᠭᠤ ᠠᠴᠠ ᠠᠩᠭᠢᠳᠠ ᠪᠠᠢᠭᠲᠤᠨ

1 ᠪᠤᠷᠬᠠᠨ ᠲᠠᠢ ᠬᠠᠮᠲᠤᠷᠠᠨ ᠠᠵᠢᠯᠯᠠᠭᠴᠢ ᠪᠢᠳᠡ ᠢᠳᠬᠠᠵᠤ ᠪᠠᠢᠨ᠎ᠠ᠂ ᠲᠠ ᠨᠠᠷ ᠪᠤᠷᠬᠠᠨ ᠤ ᠢᠪᠡᠭᠡᠯ ᠢ ᠪᠢᠲᠡᠭᠡᠢ ᠬᠣᠭᠣᠰᠣᠨ ᠠᠪ᠃ 2 ᠤᠴᠢᠷ ᠨᠢ᠂ ᠲᠡᠷᠡ᠄ 《ᠲᠠᠭᠠᠯᠠᠯ ᠤᠨ ᠴᠠᠭ ᠲᠠᠭᠠᠨ ᠪᠢ ᠴᠢᠨᠦᠬᠢ ᠶᠢ ᠰᠣᠨᠣᠰᠣᠯ᠎ᠠ᠂ ᠠᠪᠤᠷᠠᠯ ᠤᠨ ᠡᠳᠦᠷ ᠲᠦ ᠪᠢ ᠴᠢᠮ᠎ᠠ ᠳᠤ ᠲᠤᠰᠠᠯᠠᠯ᠎ᠠ》 ᠭᠡᠵᠦ ᠪᠠᠢᠨ᠎ᠠ᠃ ᠬᠠᠷᠠ᠂ ᠣᠳᠣ ᠪᠣᠯ ᠲᠠᠭᠠᠯᠠᠯ ᠤᠨ ᠴᠠᠭ᠂ ᠬᠠᠷᠠ᠂ ᠣᠳᠣ ᠪᠣᠯ ᠠᠪᠤᠷᠠᠯ ᠤᠨ ᠡᠳᠦᠷ ᠶᠤᠮ︕ 3 ᠡᠨᠡ ᠲᠤᠰᠢᠶᠠᠯ ᠢ ᠥ ᠦᠭᠡᠢ ᠪᠠᠢᠯᠭᠠᠬᠤ ᠶᠢᠨ ᠲᠤᠯᠠᠳᠠ ᠪᠢᠳᠡ ᠬᠡᠨ ᠢ ᠴᠤ ᠪᠦᠳᠦᠷᠢᠭᠦᠯᠳᠡᠭ ᠦᠭᠡᠢ᠂ 4 ᠬᠠᠷᠢᠨ ᠪᠢᠳᠡ ᠪᠤᠷᠬᠠᠨ ᠤ ᠵᠠᠷᠤᠴᠠ ᠭᠡᠳᠡᠭ ᠢᠶᠡᠨ ᠠᠯᠢᠪᠠ ᠲᠠᠯ᠎ᠠ ᠪᠠᠷ᠂ ᠲᠤᠬᠠᠢᠯᠠᠪᠠᠯ ᠶᠡᠬᠡ ᠲᠡᠰᠪᠦᠷᠢ᠂ ᠵᠣᠪᠠᠯᠠᠩ᠂ ᠪᠡᠷᠬᠡ᠂ ᠭᠠᠴᠢᠭᠳᠠᠯ᠂ 5 ᠲᠠᠰᠢᠭᠤᠷ ᠤᠨ ᠰᠢᠷᠬ᠎ᠠ᠂ ᠬᠣᠷᠢᠭᠳᠠᠯ᠂ ᠦᠢᠮᠡᠭᠡᠨ᠂ ᠵᠦᠳᠡᠷᠡᠯ᠂ ᠨᠣᠢᠷ ᠦᠭᠡᠶᠢᠳᠡᠯ᠂ ᠥᠯᠥᠰᠬᠥᠯᠡᠩ᠂ 6 ᠴᠡᠪᠡᠷ ᠪᠠᠢᠳᠠᠯ᠂ ᠮᠡᠳᠡᠯᠭᠡ᠂ ᠬᠦᠯᠢᠴᠡᠯ᠂ ᠡᠯᠢᠭᠡᠰᠡᠭ᠂ ᠠᠷᠢᠭᠤᠨ ᠰᠦᠨᠡᠰᠦ᠂ ᠦᠨᠡᠨᠴᠢ ᠬᠠᠢᠷ᠎ᠠ᠂ 7 ᠦᠨᠡᠨ ᠦᠭᠡ ᠪᠣᠯᠣᠨ ᠪᠤᠷᠬᠠᠨ ᠤ ᠬᠦᠴᠦ ᠪᠡᠷ᠂ ᠮᠥᠨ ᠵᠡᠭᠦᠨ ᠪᠠᠷᠠᠭᠤᠨ ᠭᠠᠷ ᠲᠠᠭᠠᠨ ᠵᠥᠪ ᠦᠨ ᠵᠡᠪᠰᠡᠭ ᠲᠡᠢ ᠪᠠᠷ 8 ᠠᠯᠳᠠᠷ ᠰᠤᠤ ᠲᠠᠢ ᠳᠤ ᠴᠤ᠂ ᠠᠯᠳᠠᠷ ᠰᠤᠤ ᠦᠭᠡᠢ ᠳᠦ ᠴᠤ᠂ ᠮᠠᠭᠤ ᠨᠡᠷ᠎ᠡ ᠲᠠᠢ ᠳᠤ ᠴᠤ᠂ ᠰᠠᠢᠨ ᠨᠡᠷ᠎ᠡ ᠲᠠᠢ ᠳᠤ ᠴᠤ ᠬᠠᠷᠠᠭᠤᠯᠳᠠᠭ᠃ ᠪᠢᠳᠡ ᠮᠡᠬᠡᠯᠡᠭᠴᠢ ᠮᠡᠲᠦ ᠪᠣᠯᠪᠠᠴᠤ ᠦᠨᠡᠨᠴᠢ᠂ 9 ᠲᠠᠨᠢᠭᠳᠠᠭ᠎ᠠ ᠦᠭᠡᠢ ᠮᠡᠲᠦ ᠪᠣᠯᠪᠠᠴᠤ ᠰᠠᠢᠨ ᠲᠠᠨᠢᠭᠳᠠᠵᠤ᠂ ᠦᠬᠦᠭᠰᠡᠨ ᠮᠡᠲᠦ ᠪᠣᠯᠪᠠᠴᠤ ᠠᠮᠢᠳᠤ ᠪᠠᠢᠭ᠎ᠠ ᠶᠤᠮ᠃ ᠰᠢᠳᠬᠡᠭᠳᠡᠭᠰᠡᠨ ᠮᠡᠲᠦ ᠪᠣᠯᠪᠠᠴᠤ ᠦᠬᠦᠭᠡ ᠦᠭᠡᠢ᠂ 10 ᠭᠤᠨᠢᠭᠲᠠᠢ ᠮᠡᠲᠦ ᠪᠣᠯᠪᠠᠴᠤ ᠪᠠᠶᠠᠰᠤᠯ ᠲᠠᠢ ᠪᠠᠢᠭᠰᠠᠭᠠᠷ᠂ ᠶᠠᠳᠠᠭᠤ ᠮᠡᠲᠦ ᠪᠣᠯᠪᠠᠴᠤ ᠣᠯᠠᠨ ᠢ ᠪᠠᠶᠠᠵᠢᠭᠤᠯᠵᠤ᠂ ᠶᠠᠭᠤ ᠴᠤ ᠡᠵᠡᠮᠰᠢᠭᠡ ᠦᠭᠡᠢ ᠮᠡᠲᠦ ᠪᠣᠯᠪᠠᠴᠤ ᠪᠦᠬᠦᠨ ᠢ ᠡᠵᠡᠮᠰᠢᠭᠰᠡᠨ ᠪᠠᠢᠳᠠᠭ᠃

11 ᠺᠣᠷᠢᠨᠲ᠋ᠴᠤᠳ ᠡ᠂ ᠪᠢᠳᠡ ᠲᠠ ᠨᠠᠷ ᠲᠤ ᠢᠯᠡᠨ ᠳᠠᠯᠠᠨ ᠦᠭᠡᠢ ᠶᠠᠷᠢᠭᠰᠠᠨ᠂ ᠪᠢᠳᠡᠨ ᠦ ᠰᠡᠳᠬᠢᠯ ᠠᠭᠤᠳᠠᠮ ᠶᠤᠮ᠃ 12 ᠪᠢᠳᠡᠨ ᠦ ᠬᠠᠢᠷ᠎ᠠ ᠰᠡᠳᠬᠢᠯ ᠢᠪᠴᠤᠤᠷᠠᠭ᠎ᠠ ᠦᠭᠡᠢ᠂ ᠬᠠᠷᠢᠨ ᠲᠠ ᠨᠠᠷ ᠤᠨ ᠰᠡᠳᠬᠢᠯ ᠢᠪᠴᠤᠤᠷᠠᠵᠠᠢ᠃ 13 ᠪᠢ ᠬᠡᠦᠬᠡᠳ ᠲᠡᠭᠡᠨ ᠬᠠᠨᠳᠤᠬᠤ ᠰᠢᠭ᠋ ᠶᠠᠷᠢᠶ᠎ᠠ᠃ ᠲᠠ ᠨᠠᠷ ᠴᠤ ᠬᠠᠷᠢᠭᠤ ᠳᠤᠨᠢ ᠠᠭᠤᠵᠢᠭᠤ ᠪᠠᠢᠭᠠᠷᠠᠢ᠃

14 ᠲᠠ ᠨᠠᠷ ᠦᠯᠦ ᠢᠲᠡᠭᠡᠭᠴᠢᠳ ᠲᠠᠢ ᠪᠤᠭᠤᠯᠠᠭ᠎ᠠ ᠶᠢᠨ ᠳᠣᠣᠷ᠎ᠠ ᠬᠠᠮᠲᠤ ᠪᠦᠦ ᠣᠷᠣ᠃ ᠵᠥᠪ ᠪᠠ ᠵᠥᠪ ᠪᠤᠰᠤ ᠶᠢᠨ ᠬᠣᠭᠣᠷᠣᠨᠳᠣ ᠶᠠᠮᠠᠷ ᠬᠠᠮᠲᠤᠷᠠᠯ ᠪᠠᠢᠵᠤ᠂ ᠭᠡᠷᠡᠯ ᠪᠠ ᠬᠠᠷᠠᠩ᠋ᠭᠤᠢ ᠶᠢᠨ ᠬᠣᠭᠣᠷᠣᠨᠳᠣ ᠶᠠᠮᠠᠷ ᠨᠥᠬᠥᠷᠯᠡᠯ ᠪᠠᠢᠬᠤ ᠶᠤᠮ ᠪᠤᠢ︖ 15 ᠾᠷᠢᠰᠲ᠋ᠣᠰ ᠪᠠ ᠴᠢᠳᠬᠥᠷ (ᠪᠧᠯᠢᠶᠠᠯ) ᠬᠣᠶᠠᠭᠤᠯᠠ ᠶᠠᠭᠤ ᠪᠠᠷ ᠨᠡᠢᠴᠡᠵᠦ᠂ ᠢᠲᠡᠭᠡᠭᠴᠢ ᠨᠢ ᠦᠯᠦ ᠢᠲᠡᠭᠡᠭᠴᠢ ᠲᠠᠢ ᠶᠠᠭᠤ ᠶᠢ ᠬᠤᠪᠢᠶᠠᠯᠴᠠᠬᠤ ᠶᠤᠮ ᠪᠤᠢ︖ 16 ᠪᠤᠷᠬᠠᠨ ᠤ ᠥᠷᠭᠥᠭᠡ ᠨᠢ ᠰᠢᠲᠦᠭᠡᠨ ᠳᠦ ᠶᠠᠭᠠᠬᠢᠨ ᠲᠣᠬᠢᠷᠠᠬᠤ ᠶᠤᠮ ᠪᠤᠢ︖ ᠪᠢᠳᠡ ᠦᠨᠡᠨ ᠳᠡᠭᠡᠨ ᠠᠮᠢᠳᠤ ᠪᠤᠷᠬᠠᠨ ᠤ ᠥᠷᠭᠥᠭᠡ ᠮᠥᠨ᠃ ᠪᠤᠷᠬᠠᠨ᠄ 《ᠪᠢ ᠲᠡᠳᠡᠨ ᠦ ᠳᠣᠲᠣᠷ᠎ᠠ ᠣᠷᠣᠰᠢᠵᠤ ᠲᠡᠳᠡᠨ ᠦ ᠳᠤᠮᠳᠠᠭᠤᠷ ᠠᠯᠬᠤᠨ᠎ᠠ᠂ ᠪᠢ ᠲᠡᠳᠡᠨ ᠦ ᠪᠤᠷᠬᠠᠨ ᠪᠣᠯᠵᠤ᠂ ᠲᠡᠳᠡ ᠮᠢᠨᠦ ᠠᠷᠠᠳ ᠲᠦᠮᠡᠨ ᠪᠣᠯᠣᠨ᠎ᠠ》 ᠭᠡᠪᠡ᠃ 17 ᠡᠢᠮᠦ ᠡᠴᠡ 《ᠲᠡᠳᠡᠨ ᠦ ᠳᠤᠮᠳᠠ ᠠᠴᠠ ᠰᠠᠯᠵᠤ ᠠᠩᠭᠢᠳᠠ ᠪᠠᠢᠭᠲᠤᠨ》 ᠭᠡᠵᠦ ᠡᠵᠡᠨ ᠠᠢᠯᠠᠳᠴᠤ ᠪᠠᠢᠨ᠎ᠠ᠃ ᠡᠵᠡᠨ᠄ 《ᠴᠡᠪᠡᠷ ᠪᠤᠰᠤ ᠳᠤ ᠪᠦᠦ ᠬᠦᠷ᠂ ᠲᠡᠭᠡᠪᠡᠯ ᠪᠢ ᠲᠠ ᠨᠠᠷ ᠢ ᠬᠦᠯᠢᠶᠡᠨ ᠠᠪᠤᠨ᠎ᠠ》 ᠭᠡᠪᠡ᠃ 18 ᠲᠡᠭᠦᠰ ᠬᠦᠴᠦᠲᠦ ᠡᠵᠡᠨ᠄ 《ᠪᠢ ᠲᠠ ᠨᠠᠷ ᠤᠨ ᠡᠴᠢᠭᠡ ᠪᠣᠯᠵᠤ ᠲᠠ ᠨᠠᠷ ᠮᠢᠨᠦ ᠬᠥᠪᠡᠭᠦᠳ ᠪᠠ ᠥᠬᠢᠳ ᠪᠣᠯᠣᠨ᠎ᠠ》 ᠭᠡᠵᠦ ᠠᠢᠯᠠᠳᠴᠤ ᠪᠠᠢᠨ᠎ᠠ᠃