ᠬᠣᠶᠠᠳᠤᠭᠠᠷ ᠺᠣᠷᠢᠨᠲ ᠠᠷᠪᠠᠨ ᠨᠢᠭᠡ
ᠬᠠᠭᠤᠷᠮᠠᠭ ᠰᠢᠳᠠᠷ ᠱᠠᠪᠢ ᠨᠠᠷ
1 ᠥᠴᠦᠬᠡᠨ ᠮᠤᠩ᠋ᠬᠠᠭᠯᠠᠯ ᠢ ᠮᠢᠨᠢ ᠲᠠ ᠨᠠᠷ ᠠᠭᠤᠴᠢᠯᠠᠨ᠎ᠠ ᠤᠤ︖ ᠠᠭᠤᠴᠢᠯᠠᠭᠠᠴᠢ᠃ 2 ᠪᠢ ᠪᠤᠷᠬᠠᠨ ᠤ ᠬᠠᠷᠠᠳᠠᠯᠲᠠ ᠪᠠᠷ ᠲᠠ ᠨᠠᠷ ᠢ ᠬᠠᠷᠠᠳᠠᠵᠤ ᠪᠠᠢᠨ᠎ᠠ᠂ ᠤᠴᠢᠷ ᠨᠢ᠂ ᠪᠢ ᠲᠠ ᠨᠠᠷ ᠢ ᠣᠩ᠋ᠭᠣᠨ ᠪᠠᠢᠳᠠᠯ ᠢᠶᠠᠷ ᠴᠢᠨᠢ ᠨᠢᠭᠡ ᠡᠷ᠎ᠡ᠂ ᠲᠤᠬᠠᠢᠯᠠᠪᠠᠯ ᠾᠷᠢᠰᠲ᠋ᠣᠰ ᠲᠠᠢ ᠨᠡᠢᠯᠡᠭᠦᠯᠬᠦ ᠭᠡᠵᠦ ᠰᠦᠢ ᠲᠠᠯᠪᠢᠭᠰᠠᠨ ᠶᠤᠮ᠃ 3 ᠬᠠᠷᠢᠨ ᠬᠠᠸᠠ ᠮᠣᠭᠠᠢ ᠶᠢᠨ ᠪᠠᠴᠢ ᠳᠤ ᠮᠡᠬᠡᠯᠡᠭᠳᠡᠭᠰᠡᠨ ᠮᠡᠲᠦ᠂ ᠲᠠ ᠨᠠᠷ ᠤᠨ ᠰᠠᠨᠠᠭ᠎ᠠ ᠾᠷᠢᠰᠲ᠋ᠣᠰ ᠲᠤ ᠬᠠᠨᠳᠤᠭᠰᠠᠨ ᠴᠠᠢᠯᠭᠠᠨ᠂ ᠠᠷᠢᠭᠤᠨ ᠪᠠᠢᠳᠠᠯ ᠠᠴᠠ ᠪᠠᠨ ᠮᠠᠭᠤᠳᠠᠬᠤ ᠠᠴᠠ ᠪᠢ ᠠᠶᠤᠵᠤ ᠪᠠᠢᠨ᠎ᠠ᠃ 4 ᠤᠴᠢᠷ ᠨᠢ᠂ ᠬᠡᠨ ᠨᠢᠭᠡ ᠨᠢ ᠢᠷᠡᠭᠡᠳ ᠪᠢᠳᠡᠨ ᠦ ᠤᠯᠠᠮᠵᠢᠯᠠᠭᠰᠠᠨ ᠠᠴᠠ ᠥᠭᠡᠷ᠎ᠡ ᠢᠰᠦ᠋ᠰ ᠢ ᠤᠯᠠᠮᠵᠢᠯᠠᠭᠰᠠᠨ ᠴᠤ᠂ ᠲᠠ ᠨᠠᠷ ᠤᠨ ᠬᠦᠷᠲᠡᠭᠰᠡᠨ ᠡᠴᠡ ᠥᠭᠡᠷ᠎ᠡ ᠰᠦᠨᠡᠰᠦ ᠶᠢ ᠬᠦᠷᠲᠡᠭᠡᠭᠰᠡᠨ ᠴᠤ᠂ ᠲᠠ ᠨᠠᠷ ᠤᠨ ᠬᠦᠯᠢᠶᠡᠨ ᠠᠪᠤᠭᠰᠠᠨ ᠠᠴᠠ ᠥᠭᠡᠷ᠎ᠡ ᠪᠠᠶᠠᠷ ᠤᠨ ᠮᠡᠳᠡᠭᠡ ᠶᠢ ᠬᠦᠯᠢᠶᠡᠨ ᠠᠪᠤᠭᠤᠯᠤᠭᠰᠠᠨ ᠴᠤ ᠲᠠ ᠨᠠᠷ ᠠᠮᠠᠷᠬᠠᠨ ᠵᠥᠪᠰᠢᠶᠡᠷᠡᠳᠡᠭ ᠶᠤᠮ᠃ 5 ᠲᠡᠳᠡᠭᠡᠷ ᠠᠭᠤᠤ ᠶᠡᠬᠡ ᠰᠢᠳᠠᠷ ᠱᠠᠪᠢ 7 ᠭᠡᠭᠴᠢ ᠡᠴᠡ ᠶᠠᠭᠤ ᠪᠠᠷ ᠴᠤ ᠳᠤᠲᠠᠬᠤ ᠦᠭᠡᠢ ᠭᠡᠵᠦ ᠪᠢ ᠥᠪᠡᠷ ᠢ ᠪᠠᠨ ᠦᠵᠡᠳᠡᠭ᠃ 6 ᠪᠢ ᠬᠡᠯᠡ ᠶᠠᠷᠢᠶᠠᠨ ᠳᠠᠭᠠᠨ ᠪᠢᠳᠠᠭᠤ ᠭᠡᠭᠳᠡᠳᠡᠭ ᠴᠤ᠂ ᠮᠡᠳᠡᠯᠭᠡ ᠪᠡᠷ ᠲᠡᠢᠮᠦ ᠪᠢᠰᠢ ᠭᠡᠳᠡᠭ ᠢᠶᠡᠨ ᠲᠠ ᠨᠠᠷ ᠲᠤ ᠪᠦᠬᠦ ᠲᠠᠯ᠎ᠠ ᠪᠠᠷ ᠭᠦᠢᠴᠡᠳ ᠦᠵᠡᠭᠦᠯᠦᠭᠰᠡᠨ ᠶᠤᠮ᠃
7 ᠪᠢ ᠲᠠ ᠨᠠᠷ ᠢ ᠳᠡᠭᠡᠳᠦᠯᠡᠬᠦ ᠶᠢᠨ ᠲᠤᠯᠠᠳᠠ ᠥᠪᠡᠷ ᠢ ᠪᠠᠨ ᠳᠣᠣᠷᠠᠳᠤ ᠪᠣᠯᠭᠠᠵᠤ ᠪᠤᠷᠬᠠᠨ ᠤ ᠪᠠᠶᠠᠷ ᠤᠨ ᠮᠡᠳᠡᠭᠡ ᠶᠢ ᠦᠨ᠎ᠡ ᠦᠭᠡᠢ ᠤᠯᠠᠮᠵᠢᠯᠠᠭᠰᠠᠨ ᠨᠢ ᠨᠢᠭᠦᠯ ᠦᠢᠯᠡᠳᠦᠭᠰᠡᠨ ᠭᠡᠵᠢ ᠤᠤ︖ 8 ᠪᠢ ᠲᠠ ᠨᠠᠷ ᠲᠤ ᠦᠢᠯᠡᠴᠢᠯᠡᠬᠦ ᠶᠢᠨ ᠲᠤᠯᠠᠳᠠ ᠪᠤᠰᠤᠳ ᠴᠢᠭᠤᠯᠭᠠᠨ ᠠᠴᠠ ᠬᠥᠯᠥᠰᠥ ᠠᠪᠤᠭᠰᠠᠨ ᠨᠢ ᠲᠡᠳᠡᠨ ᠢ ᠴᠥᠯᠪᠡᠭᠰᠡᠨ ᠬᠡᠷᠡᠭ ᠪᠤᠶᠤ᠃ 9 ᠪᠢ ᠲᠠ ᠨᠠᠷ ᠲᠠᠢ ᠬᠠᠮᠲᠤ ᠪᠠᠢᠬᠤ ᠳᠠᠭᠠᠨ ᠭᠠᠴᠢᠭᠳᠠᠯ ᠲᠠᠢ ᠪᠠᠢᠭᠰᠠᠨ ᠪᠣᠯᠪᠠᠴᠤ ᠬᠡᠨ ᠳᠦ ᠴᠤ ᠳᠠᠷᠤᠭᠠᠰᠤ ᠪᠣᠯᠣᠭᠰᠠᠨ ᠦᠭᠡᠢ᠂ ᠮᠠᠺᠧᠳᠣᠨᠢᠶ᠎ᠠ ᠠᠴᠠ ᠢᠷᠡᠭᠰᠡᠨ ᠠᠬ᠎ᠠ ᠳᠡᠭᠦᠦᠰ ᠭᠠᠴᠢᠭᠳᠠᠯ ᠢ ᠮᠢᠨᠢ ᠨᠥᠬᠥᠭᠰᠡᠨ ᠶᠤᠮ᠃ ᠪᠢ ᠠᠯᠢ ᠲᠠᠯ᠎ᠠ ᠪᠠᠷ ᠴᠤ ᠲᠠ ᠨᠠᠷ ᠲᠤ ᠲᠡᠭᠡᠭᠡᠷ᠎ᠡ ᠪᠣᠯᠬᠤ ᠦᠭᠡᠢ ᠶᠢᠨ ᠲᠤᠯᠠᠳᠠ ᠬᠢᠴᠢᠶᠡᠭᠰᠡᠨ ᠪᠥᠭᠡᠳ ᠴᠠᠭᠠᠰᠢᠳᠠ ᠴᠤ ᠬᠢᠴᠢᠶᠡᠨ᠎ᠡ᠃ 10 ᠪᠢ ᠮᠢᠨᠦ ᠳᠣᠲᠣᠷᠠᠬᠢ ᠾᠷᠢᠰᠲ᠋ᠣᠰ ᠤᠨ ᠦᠨᠡᠨ ᠢᠶᠡᠷ ᠪᠠᠲᠤᠯᠠᠶ᠎ᠠ᠃ ᠠᠺᠠᠢᠶ᠎ᠠ ᠶᠢᠨ ᠨᠤᠲᠤᠭ ᠤᠳ ᠲᠤ ᠮᠢᠨᠦ ᠡᠨᠡ ᠰᠠᠢᠷᠬᠠᠯ ᠢ ᠬᠣᠷᠢᠭᠯᠠᠬᠤ ᠬᠥᠮᠦᠨ ᠦᠭᠡᠢ ᠶᠤᠮ᠃ 11 ᠶᠠᠭᠤᠨ ᠳᠤ ᠪᠢ ᠲᠡᠭᠡᠳᠡᠭ ᠪᠤᠢ︖ ᠪᠢ ᠲᠠ ᠨᠠᠷ ᠲᠤ ᠬᠠᠢᠷ᠎ᠠ ᠦᠭᠡᠢ ᠳᠡᠭᠡᠨ ᠤᠤ︖ ᠪᠤᠷᠬᠠᠨ ᠮᠡᠳᠡᠨ᠎ᠡ᠃
12 ᠬᠠᠷᠢᠨ ᠪᠢ ᠬᠢᠵᠦ ᠪᠠᠢᠭ᠎ᠠ ᠪᠠᠨ ᠦᠷᠭᠦᠯᠵᠢᠯᠡᠨ ᠬᠢᠨ᠎ᠡ᠂ ᠢᠩᠭᠢᠭᠰᠡᠨ ᠢᠶᠡᠷ ᠪᠢᠳᠡᠨ ᠲᠡᠢ ᠠᠳᠠᠯᠢ ᠬᠡᠮᠡᠨ ᠰᠠᠭᠰᠠᠭᠤᠷᠠᠬᠤ ᠵᠠᠪᠰᠢᠶᠠᠨ ᠢ ᠡᠷᠢᠵᠦ ᠪᠠᠢᠭ᠎ᠠ ᠬᠥᠮᠦᠰ ᠦᠨ ᠲᠡᠷᠡ ᠬᠦ ᠵᠠᠪᠰᠢᠶᠠᠨ ᠢ ᠲᠠᠰᠤᠯᠬᠤ ᠶᠤᠮ᠃ 13 ᠲᠡᠳᠡ ᠨᠠᠷ ᠬᠠᠭᠤᠷᠮᠠᠭ ᠰᠢᠳᠠᠷ ᠱᠠᠪᠢ᠂ ᠵᠠᠯᠢᠲᠠᠢ ᠠᠵᠢᠯᠴᠢᠨ ᠪᠠᠢᠲᠠᠯ᠎ᠠ ᠪᠠᠨ ᠾᠷᠢᠰᠲ᠋ᠣᠰ ᠤᠨ ᠰᠢᠳᠠᠷ ᠱᠠᠪᠢ ᠪᠠᠷ ᠣᠪᠯᠠᠳᠠᠭ᠃ 14 ᠭᠠᠢᠬᠠᠬᠤ ᠶᠠᠭᠤᠮ᠎ᠠ ᠠᠯᠠᠭ᠎ᠠ᠂ ᠰᠠᠲ᠋ᠠᠨ ᠴᠤ ᠲᠩᠷᠢ ᠶᠢᠨ ᠭᠡᠷᠡᠯᠲᠦ ᠡᠯᠴᠢ ᠪᠠᠷ ᠣᠪᠯᠠᠳᠠᠭ᠃ 15 ᠡᠢᠨ ᠬᠦ ᠰᠠᠲ᠋ᠠᠨ ᠤ ᠵᠠᠷᠤᠴᠠ ᠵᠥᠪ ᠦᠨ ᠵᠠᠷᠤᠴᠠ ᠪᠣᠯᠵᠤ ᠣᠪᠯᠠᠭᠰᠠᠨ ᠴᠤ ᠰᠦᠷᠡᠬᠡᠢ ᠶᠠᠭᠤᠮ᠎ᠠ ᠪᠢᠰᠢ᠃ ᠲᠡᠳᠡᠨ ᠦ ᠲᠡᠭᠦᠰᠬᠡᠯ ᠥᠪᠡᠷᠰᠡᠳ ᠦᠨ ᠬᠢᠨᠢ ᠬᠢᠭᠰᠡᠨ ᠶᠣᠰᠣᠭᠠᠷ ᠪᠣᠯᠬᠤ ᠪᠣᠯᠣᠨ᠎ᠠ᠃
ᠰᠢᠳᠠᠷ ᠱᠠᠪᠢ ᠶᠢᠨ ᠠᠵᠢᠯ ᠪᠠ ᠵᠣᠪᠠᠭᠤᠷᠢ
16 ᠳᠠᠬᠢᠨ ᠬᠡᠯᠡᠶ᠎ᠡ᠂ ᠬᠡᠨ ᠴᠤ ᠨᠠᠮᠠᠶᠢ ᠮᠤᠩ᠋ᠬᠠᠭ ᠭᠡᠵᠦ ᠪᠦᠦ ᠪᠣᠳᠣ᠂ ᠬᠠᠷᠢᠨ ᠲᠡᠭᠡᠵᠦ ᠪᠣᠳᠣᠬᠤ ᠶᠤᠮ ᠪᠣᠯ ᠮᠤᠩ᠋ᠬᠠᠭ ᠪᠠᠢᠳᠠᠯ ᠢᠶᠠᠷ ᠮᠢᠨᠢ ᠬᠦᠯᠢᠶᠡᠨ ᠠᠪᠤᠭᠠᠴᠢ᠂ ᠪᠢ ᠴᠤ ᠵᠢᠭᠠᠬᠠᠨ ᠰᠠᠢᠷᠬᠠᠶᠠ᠃ 17 ᠡᠢᠮᠦ ᠵᠣᠷᠢᠭᠲᠠᠢ ᠪᠠᠷ ᠰᠠᠢᠷᠬᠠᠬᠤ ᠳᠤ᠂ ᠶᠠᠷᠢᠬᠤ ᠮᠢᠨᠢ ᠡᠵᠡᠨ ᠦ ᠶᠣᠰᠣᠭᠠᠷ ᠶᠠᠷᠢᠬᠤ ᠪᠢᠰᠢ᠂ ᠬᠠᠷᠢᠨ ᠮᠤᠩ᠋ᠬᠠᠭᠯᠠᠯ ᠤᠨ ᠶᠠᠷᠢᠶ᠎ᠠ ᠶᠤᠮ᠃ 18 ᠣᠯᠠᠨ ᠬᠥᠮᠦᠨ ᠮᠢᠬᠠᠨ ᠪᠡᠶᠡᠲᠦ ᠬᠥᠮᠦᠨ ᠦ ᠶᠣᠰᠣᠭᠠᠷ ᠰᠠᠢᠷᠬᠠᠳᠠᠭ ᠪᠣᠯᠬᠣᠷ ᠪᠢ ᠴᠤ ᠰᠠᠢᠷᠬᠠᠶᠠ᠃ 19 ᠤᠴᠢᠷ ᠨᠢ᠂ ᠲᠠ ᠨᠠᠷ ᠤᠬᠠᠭᠠᠯᠢᠭ ᠠᠲᠠᠯ᠎ᠠ ᠪᠠᠨ ᠤᠬᠠᠭᠠᠨ ᠦᠭᠡᠢ ᠬᠥᠮᠦᠨ ᠢ ᠳᠤᠷᠠᠲᠠᠶ᠎ᠠ ᠪᠠᠭᠲᠠᠭᠠᠳᠠᠭ᠃ 20 ᠬᠡᠨ ᠨᠢᠭᠡ ᠨᠢ ᠲᠠ ᠨᠠᠷ ᠢ ᠪᠣᠭᠣᠯᠴᠢᠯᠠᠭᠰᠠᠨ ᠴᠤ᠂ ᠬᠡᠨ ᠨᠢᠭᠡ ᠨᠢ ᠮᠥᠯᠵᠢᠭᠰᠡᠨ ᠴᠤ᠂ ᠬᠡᠨ ᠨᠢᠭᠡ ᠨᠢ ᠪᠤᠯᠢᠶᠠᠭᠰᠠᠨ ᠴᠤ᠂ ᠬᠡᠨ ᠨᠢᠭᠡ ᠨᠢ ᠣᠩᠭᠢᠷᠠᠭᠰᠠᠨ ᠴᠤ᠂ ᠬᠡᠨ ᠨᠢᠭᠡ ᠨᠢ ᠬᠠᠴᠠᠷ ᠢ ᠴᠢᠨᠢ ᠠᠯᠠᠭᠠᠳᠠᠭᠰᠠᠨ ᠴᠤ ᠪᠠᠭᠲᠠᠭᠠᠵᠤ ᠪᠠᠢᠨ᠎ᠠ᠃ 21 ᠪᠢ ᠬᠡᠯᠡᠬᠦ ᠡᠴᠡ ᠪᠡᠨ ᠢᠴᠢᠵᠦ ᠪᠠᠢᠨ᠎ᠠ᠂ ᠪᠢᠳᠡ ᠳᠡᠩᠳᠡᠭᠦᠦ ᠵᠣᠷᠢᠭ ᠦᠭᠡᠢ ᠪᠠᠢᠭᠰᠠᠨ᠃
22 ᠲᠡᠳᠡ ᠨᠠᠷ ᠢᠪᠷᠠᠢᠴᠤᠳ ᠮᠥᠨ ᠤᠤ︖ ᠪᠢ ᠴᠤ ᠮᠥᠨ᠃ ᠲᠡᠳᠡ ᠨᠠᠷ ᠢᠰᠷᠧᠯᠴᠦᠳ ᠮᠥᠨ ᠤᠤ︖ ᠪᠢ ᠴᠤ ᠮᠥᠨ᠃ ᠲᠡᠳᠡ ᠨᠠᠷ ᠠᠪᠷᠠᠬᠠᠮ ᠤᠨ ᠦᠷ᠎ᠡ ᠮᠥᠨ ᠤᠤ︖ ᠪᠢ ᠴᠤ ᠮᠥᠨ᠃ 23 ᠲᠡᠳᠡ ᠾᠷᠢᠰᠲ᠋ᠣᠰ ᠤᠨ ᠵᠠᠷᠤᠴᠠ ᠤᠤ︖ (ᠪᠢ ᠰᠣᠯᠢᠶ᠎ᠠ ᠲᠠᠢ ᠶᠤᠮ ᠰᠢᠭ᠋ ᠬᠡᠯᠡᠶ᠎ᠡ᠂) ᠪᠢ ᠪᠣᠯ ᠨᠡᠩ ᠢᠯᠡᠭᠦᠦ ᠮᠥᠨ᠃ ᠪᠢ ᠢᠯᠡᠭᠦᠦ ᠵᠦᠳᠡᠷᠡᠵᠦ᠂ ᠢᠯᠡᠭᠦᠦ ᠬᠣᠷᠢᠭᠳᠠᠭᠰᠠᠨ᠂ ᠲᠣᠭᠠᠯᠠᠰᠢ ᠦᠭᠡᠢ ᠣᠯᠠᠨ ᠲᠠᠰᠢᠭᠤᠷᠳᠠᠭᠤᠯᠵᠤ ᠣᠯᠠᠨ ᠤᠳᠠᠭ᠎ᠠ ᠦᠬᠦᠬᠦ ᠰᠢᠬᠠᠭᠰᠠᠨ᠃ 24 ᠪᠢ ᠶᠦᠳᠠᠢᠴᠤᠳ ᠲᠤ ᠳᠥᠴᠢ ᠳᠤ ᠨᠢᠭᠡ ᠯᠠ ᠳᠤᠲᠠᠭᠤ ᠪᠠᠷ ᠲᠠᠪᠤ ᠤᠳᠠᠭ᠎ᠠ ᠲᠠᠰᠢᠭᠤᠷᠳᠠᠭᠤᠯᠤᠭᠰᠠᠨ᠂ 25 ᠭᠤᠷᠪᠠ ᠤᠳᠠᠭ᠎ᠠ ᠰᠠᠪᠠᠭᠠᠳᠠᠭᠳᠠᠭᠰᠠᠨ᠂ ᠨᠢᠭᠡ ᠤᠳᠠᠭ᠎ᠠ ᠴᠢᠯᠠᠭᠤ ᠪᠠᠷ ᠴᠣᠬᠢᠭᠳᠠᠭᠰᠠᠨ᠂ ᠭᠤᠷᠪᠠ ᠤᠳᠠᠭ᠎ᠠ ᠣᠩ᠋ᠭᠣᠴᠠ ᠰᠦᠢᠷᠡᠵᠦ᠂ ᠨᠢᠭᠡ ᠰᠥᠨᠢ ᠨᠢᠭᠡ ᠡᠳᠦᠷ ᠳᠠᠯᠠᠢ ᠳᠤ ᠬᠥᠪᠪᠥᠭᠰᠡᠨ᠂ 26 ᠣᠯᠠᠨ ᠤᠳᠠᠭᠠᠨ ᠤ ᠠᠶᠠᠯᠠᠯ᠂ ᠭᠣᠣᠯ ᠮᠥᠷᠡᠨ ᠦ ᠠᠶᠤᠯ᠂ ᠳᠡᠭᠡᠷᠡᠮᠴᠢᠳ ᠤᠨ ᠠᠶᠤᠯ᠂ ᠥᠪᠡᠷ ᠦᠨ ᠦᠨᠳᠦᠰᠦᠲᠡᠨ ᠦ ᠠᠶᠤᠯ᠂ ᠬᠠᠷᠢ ᠦᠨᠳᠦᠰᠦᠲᠡᠨ ᠦ ᠠᠶᠤᠯ᠂ ᠬᠣᠲᠠ ᠶᠢᠨ ᠠᠶᠤᠯ᠂ ᠴᠥᠯ ᠦᠨ ᠠᠶᠤᠯ᠂ ᠳᠠᠯᠠᠢ ᠶᠢᠨ ᠠᠶᠤᠯ᠂ ᠬᠠᠭᠤᠷᠮᠠᠭ ᠠᠬ᠎ᠠ ᠳᠡᠭᠦᠦ ᠶᠢᠨ ᠠᠶᠤᠯ᠂ 27 ᠵᠣᠪᠠᠯᠠᠩ᠂ ᠵᠦᠳᠡᠷᠡᠯ᠂ ᠨᠣᠢᠷ ᠦᠭᠡᠢ ᠣᠯᠠᠨ ᠰᠥᠨᠢ᠂ ᠥᠯᠥᠰᠬᠥᠯᠡᠩ᠂ ᠴᠠᠩ᠋ᠭᠠᠭ᠎ᠠ᠂ ᠣᠯᠠᠨ ᠤᠳᠠᠭ᠎ᠠ ᠶᠢᠨ ᠬᠦᠨᠡᠰᠦ ᠲᠠᠰᠤᠷᠠᠯ᠂ ᠲᠠᠭᠠᠷᠠᠯ ᠪᠡᠬᠡᠷᠡᠯ᠂ ᠬᠤᠪᠴᠠᠰᠤᠨ ᠤ ᠭᠠᠴᠢᠭᠳᠠᠯ᠂ 28 ᠡᠳᠡᠭᠡᠷ ᠡᠴᠡ ᠭᠠᠳᠠᠨ᠎ᠠ ᠡᠳᠦᠷ ᠪᠦᠷᠢ ᠶᠢᠨ ᠳᠠᠷᠤᠭᠠᠰᠤ ᠴᠤ ᠨᠠᠳᠠ ᠳᠤ ᠪᠤᠢ᠂ ᠪᠢ ᠬᠠᠮᠤᠭ ᠴᠢᠭᠤᠯᠭᠠᠨ ᠤ ᠲᠥᠯᠥᠭᠡ ᠰᠠᠨᠠᠭᠠᠰᠢᠷᠠᠳᠠᠭ᠃ 29 ᠬᠡᠨ ᠨᠢ ᠳᠣᠷᠣᠢ ᠪᠠᠢᠬᠤ ᠳᠤ ᠪᠢ ᠳᠣᠷᠣᠢ ᠪᠠᠢᠬᠤ ᠦᠭᠡᠢ ᠪᠤᠢ︖ ᠬᠡᠨ ᠨᠢ ᠪᠦᠳᠦᠷᠢᠬᠦ ᠳᠦ ᠮᠢᠨᠦ ᠳᠣᠲᠣᠷ᠎ᠠ ᠰᠢᠲᠠᠬᠤ ᠦᠭᠡᠢ ᠪᠤᠢ︖
30 ᠬᠡᠷᠪᠡ ᠪᠢ ᠰᠠᠢᠷᠬᠠᠬᠤ ᠶᠣᠰᠣᠲᠠᠢ ᠶᠤᠮ ᠪᠣᠯ ᠳᠣᠷᠣᠢ ᠪᠠᠷ ᠢᠶᠠᠨ ᠰᠠᠢᠷᠬᠠᠶᠠ᠃ 31 ᠮᠥᠩᠬᠡᠳᠡ ᠮᠠᠭᠲᠠᠭᠳᠠᠭᠤᠰᠢᠲᠠᠢ ᠡᠵᠡᠨ ᠢᠰᠦ᠋ᠰ ᠤᠨ ᠡᠴᠢᠭᠡ ᠪᠤᠷᠬᠠᠨ ᠮᠢᠨᠦ ᠬᠤᠳᠠᠯ ᠶᠠᠷᠢᠳᠠᠭ ᠦᠭᠡᠢ ᠶᠢ ᠮᠡᠳᠡᠨ᠎ᠡ᠃ 32 ᠳ᠋ᠠᠮᠠᠰᠺᠦ᠋ᠰ ᠲᠤ ᠪᠠᠢᠬᠤ ᠳᠤ ᠮᠢᠨᠢ ᠠᠷᠧᠲ᠋ᠠ ᠬᠠᠭᠠᠨ ᠤ ᠨᠣᠶᠠᠨ ᠨᠠᠮᠠᠶᠢ ᠪᠠᠷᠢᠪᠴᠢᠯᠠᠬᠤ ᠪᠠᠷ ᠳ᠋ᠠᠮᠠᠰᠺᠦ᠋ᠰ ᠬᠣᠲᠠ ᠶᠢ ᠰᠠᠬᠢᠵᠤ ᠪᠠᠢᠭᠰᠠᠨ ᠪᠣᠯᠪᠠᠴᠤ 33 ᠪᠢ ᠰᠠᠭᠰᠤᠨ ᠳᠤ ᠰᠠᠭᠤᠵᠤ᠂ ᠬᠡᠷᠡᠮ ᠦᠨ ᠴᠣᠩ᠋ᠬᠣ ᠪᠠᠷ ᠪᠠᠭᠤᠯᠭᠠᠭᠳᠠᠭᠠᠳ ᠲᠡᠭᠦᠨ ᠦ ᠭᠠᠷ ᠠᠴᠠ ᠮᠤᠯᠲᠤᠷᠠᠭᠰᠠᠨ ᠶᠤᠮ᠃