ᠬᠣᠶᠠᠳᠤᠭᠠᠷ ᠺᠣᠷᠢᠨᠲ ᠲᠠᠪᠤ
1 ᠪᠢᠳᠡᠨ ᠦ ᠭᠠᠵᠠᠷ ᠳᠡᠭᠡᠷᠡᠬᠢ ᠭᠡᠷ ᠪᠣᠯᠬᠤ ᠮᠢᠬᠠᠨ ᠪᠡᠶ᠎ᠡ 3 ᠨᠤᠷᠠᠪᠠᠯ᠂ ᠪᠢᠳᠡᠨ ᠳᠦ ᠪᠤᠷᠬᠠᠨ ᠤ ᠪᠠᠷᠢᠯᠭ᠎ᠠ᠂ ᠲᠤᠬᠠᠢᠯᠠᠪᠠᠯ ᠭᠠᠷ ᠢᠶᠠᠷ ᠬᠢᠭᠰᠡᠨ ᠪᠢᠰᠢ᠂ ᠲᠩᠷᠢ ᠳᠤ ᠪᠠᠢᠭ᠎ᠠ ᠮᠥᠩᠬᠡ ᠶᠢᠨ ᠭᠡᠷ ᠪᠠᠢᠬᠤ ᠪᠣᠯᠣᠨ᠎ᠠ ᠭᠡᠳᠡᠭ ᠢᠶᠡᠨ ᠮᠡᠳᠡᠨ᠎ᠡ᠃ 2 ᠦᠨᠡᠨ ᠳᠡᠭᠡᠨ ᠪᠢᠳᠡ ᠲᠩᠷᠢᠯᠢᠭ ᠭᠡᠷ ᠢ ᠡᠮᠦᠰᠬᠦ ᠶᠢ ᠡᠷᠡᠮᠡᠯᠵᠡᠵᠦ᠂ ᠶᠣᠣᠯᠠᠵᠤ ᠪᠠᠢᠳᠠᠭ᠃ 3 ᠡᠮᠦᠰᠴᠢᠭᠡᠪᠡᠯ ᠪᠢᠳᠡ ᠨᠢᠴᠦᠭᠦᠨ ᠢᠶᠡᠷ ᠢᠯᠡᠷᠡᠬᠦ ᠦᠭᠡᠢ᠃ 4 ᠪᠢᠳᠡ ᠪᠡᠶ᠎ᠡ 4 ᠶᠢᠨ ᠳᠣᠲᠣᠷ᠎ᠠ ᠪᠠᠢᠬᠤ ᠳᠠᠭᠠᠨ ᠳᠠᠷᠤᠭᠳᠠᠭᠠᠳ ᠰᠢᠨᠠᠯᠳᠠᠭ ᠬᠢᠷᠢ ᠨᠢ ᠡᠭᠦᠨ ᠢᠶᠡᠨ ᠲᠠᠢᠯᠬᠤ ᠳᠤᠷ᠎ᠠ ᠦᠭᠡᠢ᠂ ᠬᠠᠷᠢᠨ ᠲᠩᠷᠢᠯᠢᠭ ᠭᠡᠷ ᠢ ᠡᠮᠦᠰᠬᠦ ᠶᠢ ᠬᠦᠰᠡᠳᠡᠭ᠃ ᠤᠴᠢᠷ ᠨᠢ᠂ ᠡᠮᠦᠰᠪᠡᠯ ᠦᠬᠦᠬᠦ ᠶᠣᠰᠣᠲᠠᠢ ᠨᠢ ᠠᠮᠢ ᠪᠠᠷ ᠵᠠᠯᠭᠢᠭᠤᠯᠬᠤ ᠪᠣᠯᠣᠨ᠎ᠠ᠃ 5 ᠡᠨᠡ ᠵᠣᠷᠢᠯᠭ᠎ᠠ ᠪᠠᠷ ᠪᠤᠷᠬᠠᠨ ᠪᠢᠳᠡᠨ ᠢ ᠪᠦᠲᠦᠭᠡᠭᠰᠡᠨ ᠪᠥᠭᠡᠳ ᠠᠷᠢᠭᠤᠨ ᠰᠦᠨᠡᠰᠦᠨ ᠦ ᠪᠠᠲᠤᠯᠠᠭ᠎ᠠ ᠶᠢ ᠪᠢᠳᠡᠨ ᠳᠦ ᠰᠣᠶᠣᠷᠬᠠᠵᠠᠢ᠃
6 ᠲᠡᠢᠮᠦ ᠡᠴᠡ ᠪᠢᠳᠡ ᠦᠷᠭᠦᠯᠵᠢ ᠤᠷᠮ᠎ᠠ ᠵᠣᠷᠢᠭᠲᠠᠢ ᠪᠠᠢᠳᠠᠭ ᠪᠥᠭᠡᠳ ᠪᠡᠶ᠎ᠡ ᠳᠣᠲᠣᠷ᠎ᠠ ᠪᠠᠢᠬᠤ ᠳᠠᠭᠠᠨ ᠡᠵᠡᠨ ᠡᠴᠡ ᠭᠠᠳᠠᠨ᠎ᠠ ᠪᠠᠢᠭ᠎ᠠ ᠪᠠᠨ ᠮᠡᠳᠡᠭᠡᠳ 7 ᠦᠵᠡᠬᠦᠢ ᠪᠠᠷ ᠪᠤᠰᠤ᠂ ᠬᠠᠷᠢᠨ ᠢᠲᠡᠭᠡᠯ ᠢᠶᠡᠷ ᠠᠮᠢᠳᠤᠷᠠᠳᠠᠭ᠃ 8 ᠪᠢᠳᠡ ᠡᠢᠮᠦ ᠵᠣᠷᠢᠭᠲᠠᠢ ᠪᠠᠢᠳᠠᠭ ᠪᠥᠭᠡᠳ ᠪᠡᠶ᠎ᠡ ᠡᠴᠡ ᠪᠡᠨ ᠭᠠᠳᠠᠨ᠎ᠠ ᠭᠠᠷᠴᠤ ᠡᠵᠡᠨ ᠦ ᠳᠣᠲᠣᠷ᠎ᠠ ᠪᠠᠢᠬᠤ ᠨᠢ ᠳᠡᠭᠡᠷ᠎ᠡ ᠭᠡᠵᠦ ᠪᠣᠳᠣᠳᠠᠭ᠃ 9 ᠲᠡᠢᠮᠦ ᠡᠴᠡ ᠪᠢᠳᠡ ᠳᠣᠲᠣᠷ᠎ᠠ ᠪᠠᠢᠭᠰᠠᠨ ᠴᠤ᠂ ᠭᠠᠳᠠᠨ᠎ᠠ ᠪᠠᠢᠭᠰᠠᠨ ᠴᠤ ᠡᠵᠡᠨ ᠳᠦ ᠲᠠᠭᠠᠯᠠᠮᠵᠢᠲᠠᠢ ᠪᠠᠢᠬᠤ ᠪᠠᠷ ᠴᠢᠷᠮᠠᠢᠳᠠᠭ᠃ 10 ᠤᠴᠢᠷ ᠨᠢ᠂ ᠪᠢᠳᠡ ᠪᠦᠭᠦᠳᠡᠭᠡᠷ ᠢᠶᠡᠨ ᠾᠷᠢᠰᠲ᠋ᠣᠰ ᠤᠨ ᠰᠢᠭᠦᠬᠦ ᠰᠠᠭᠤᠳᠠᠯ ᠤᠨ ᠡᠮᠦᠨ᠎ᠡ ᠢᠯᠡᠷᠡᠬᠦ ᠶᠣᠰᠣᠲᠠᠢ᠂ ᠬᠥᠮᠦᠨ ᠪᠣᠯᠭᠠᠨ ᠰᠠᠢᠨ ᠴᠤ ᠪᠠᠢᠭᠰᠠᠨ᠂ ᠮᠠᠭᠤ ᠴᠤ ᠪᠠᠢᠭᠰᠠᠨ ᠥᠪᠡᠷ ᠦᠨ ᠦᠢᠯᠡᠳᠦᠭᠰᠡᠨ ᠦ ᠪᠠᠨ ᠶᠣᠰᠣᠭᠠᠷ ᠣᠯᠬᠤ ᠪᠣᠯᠣᠨ᠎ᠠ᠃
ᠡᠪᠯᠡᠷᠡᠭᠦᠯᠬᠦ ᠲᠤᠰᠢᠶᠠᠯ
11 ᠪᠢᠳᠡ ᠡᠵᠡᠨ ᠡᠴᠡ ᠡᠮᠢᠶᠡᠬᠦ ᠶᠣᠰᠣᠲᠠᠢ ᠶᠢ ᠮᠡᠳᠡᠳᠡᠭ ᠲᠤᠯᠠ ᠬᠥᠮᠦᠰ ᠢ ᠢᠳᠬᠠᠵᠤ ᠪᠠᠢᠨ᠎ᠠ᠃ ᠬᠠᠷᠢᠨ ᠪᠢᠳᠡ ᠪᠤᠷᠬᠠᠨ ᠳᠤ ᠮᠡᠳᠡᠭᠳᠡᠭᠰᠡᠨ ᠪᠥᠭᠡᠳ ᠲᠠ ᠨᠠᠷ ᠤᠨ ᠮᠥᠰᠥ ᠴᠢᠨᠠᠷ ᠤᠨ ᠳᠣᠲᠣᠷ᠎ᠠ ᠴᠤ ᠮᠡᠳᠡᠭᠳᠡᠬᠦ ᠶᠢ ᠬᠦᠰᠡᠨ᠎ᠡ᠃ 12 ᠪᠢᠳᠡ ᠲᠠ ᠨᠠᠷ ᠲᠤ ᠳᠠᠬᠢᠭᠠᠳ ᠥᠪᠡᠷᠰᠡᠳ ᠢ ᠪᠠᠨ ᠮᠠᠭᠲᠠᠬᠤ ᠭᠡᠰᠡᠨ ᠪᠢᠰᠢ᠂ ᠬᠠᠷᠢᠨ ᠪᠢᠳᠡᠨ ᠢᠶᠡᠷ ᠪᠠᠬᠠᠷᠬᠠᠯ ᠪᠣᠯᠭᠠᠬᠤ ᠪᠣᠯᠣᠮᠵᠢ ᠶᠢ ᠲᠠ ᠨᠠᠷ ᠲᠤ ᠣᠯᠭᠣᠬᠤ ᠭᠡᠰᠡᠨ ᠶᠤᠮ᠂ ᠶᠠᠭᠠᠬᠢᠭᠠᠳ ᠭᠡᠪᠡᠯ᠂ ᠳᠣᠲᠣᠷ᠎ᠠ ᠪᠠᠢᠳᠠᠯ ᠢᠶᠠᠷ ᠢᠶᠠᠨ ᠪᠤᠰᠤ᠂ ᠬᠠᠷᠢᠨ ᠭᠠᠳᠠᠷ ᠪᠠᠢᠳᠠᠯ ᠢᠶᠠᠷ ᠢᠶᠠᠨ ᠪᠠᠬᠠᠳᠤᠭᠴᠢᠳ ᠲᠤ ᠬᠠᠷᠢᠭᠤᠯᠬᠤ ᠦᠭᠡ ᠲᠠ ᠨᠠᠷ ᠲᠤ ᠪᠠᠢᠬᠤ ᠶᠣᠰᠣᠲᠠᠢ᠃ 13 ᠪᠢᠳᠡ ᠰᠣᠯᠢᠶᠠᠷᠠᠭᠰᠠᠨ ᠭᠡᠪᠡᠯ᠂ ᠪᠤᠷᠬᠠᠨ ᠤ ᠲᠥᠯᠥᠭᠡ ᠪᠥᠭᠡᠳ ᠡᠷᠡᠭᠦᠯ ᠪᠠᠢᠭᠰᠠᠨ ᠭᠡᠪᠡᠯ᠂ ᠲᠠ ᠨᠠᠷ ᠤᠨ ᠲᠥᠯᠥᠭᠡ ᠪᠢᠯᠡ᠃ 14 ᠦᠨᠡᠨ ᠳᠡᠭᠡᠨ ᠾᠷᠢᠰᠲ᠋ᠣᠰ ᠤᠨ ᠬᠠᠢᠷ᠎ᠠ ᠪᠢᠳᠡᠨ ᠢ ᠰᠢᠪᠠᠳᠠᠭᠤᠯᠵᠤ ᠪᠠᠢᠳᠠᠭ᠂ ᠤᠴᠢᠷ ᠨᠢ᠂ ᠨᠢᠭᠡ ᠬᠥᠮᠦᠨ 5 ᠪᠦᠬᠦ ᠬᠥᠮᠦᠨ ᠦ ᠣᠷᠣᠨ ᠳᠤ ᠨᠠᠰᠤ ᠪᠠᠷᠠᠭᠰᠠᠨ ᠢᠶᠠᠷ ᠪᠦᠬᠦ ᠬᠥᠮᠦᠨ ᠦᠬᠦᠭᠰᠡᠨ ᠪᠥᠭᠡᠳ 15 ᠲᠡᠷᠡ ᠨᠢ ᠪᠦᠬᠦ ᠬᠥᠮᠦᠨ ᠦ ᠣᠷᠣᠨ ᠳᠤ ᠨᠠᠰᠤ ᠪᠠᠷᠠᠭᠠᠳ᠂ ᠠᠮᠢᠳᠤᠷᠠᠭᠰᠠᠳ ᠢ ᠥᠪᠡᠷᠰᠡᠳ ᠦᠨ ᠬᠢᠨᠢ ᠲᠥᠯᠥᠭᠡ ᠪᠤᠰᠤ᠂ ᠬᠠᠷᠢᠨ ᠥᠪᠡᠷᠰᠡᠳ ᠦᠨ ᠬᠢᠨᠢ ᠲᠥᠯᠥᠭᠡ ᠨᠠᠰᠤ ᠪᠠᠷᠠᠭᠠᠳ ᠠᠮᠢᠯᠠᠭᠰᠠᠨ ᠨᠢᠭᠡᠨ ᠦ ᠲᠥᠯᠥᠭᠡ ᠠᠮᠢᠳᠤᠷᠠᠭᠤᠯᠤᠭᠰᠠᠨ ᠭᠡᠵᠦ ᠪᠢᠳᠡ ᠪᠣᠳᠣᠳᠠᠭ᠃
16 ᠡᠢᠮᠦ ᠡᠴᠡ ᠪᠢᠳᠡ ᠡᠭᠦᠨ ᠡᠴᠡ ᠬᠣᠢᠰᠢ ᠬᠡᠨ ᠢ ᠴᠤ ᠮᠢᠬᠠᠨ ᠪᠡᠶᠡᠲᠦ ᠬᠥᠮᠦᠨ ᠦ ᠶᠣᠰᠣᠭᠠᠷ ᠦᠵᠡᠬᠦ ᠦᠭᠡᠢ᠂ ᠬᠡᠳᠦᠢᠪᠡᠷ ᠪᠢᠳᠡ ᠾᠷᠢᠰᠲ᠋ᠣᠰ ᠢ ᠮᠢᠬᠠᠨ ᠪᠡᠶ᠎ᠡ ᠶᠢᠨ ᠶᠣᠰᠣᠭᠠᠷ ᠣᠢᠯᠠᠭᠠᠭᠰᠠᠨ ᠪᠣᠯᠪᠠᠴᠤ ᠣᠳᠣ ᠲᠡᠭᠡᠵᠦ ᠣᠢᠯᠠᠭᠠᠬᠤ ᠪᠠᠨ ᠪᠣᠯᠢᠶ᠎ᠠ᠃ 17 ᠾᠷᠢᠰᠲ᠋ᠣᠰ ᠤᠨ ᠳᠣᠲᠣᠷᠠᠬᠢ ᠬᠡᠨ ᠨᠢ ᠴᠤ ᠰᠢᠨ᠎ᠡ ᠪᠦᠲᠦᠭᠡᠯ ᠮᠥᠨ᠃ ᠠᠩ᠋ᠬᠠᠷᠤᠭᠲᠤᠨ᠂ ᠬᠠᠭᠤᠴᠢᠨ ᠵᠦᠢᠯᠡᠰ ᠨᠢ ᠥᠩᠭᠡᠷᠡᠵᠦ ᠰᠢᠨ᠎ᠡ ᠵᠦᠢᠯᠡᠰ ᠪᠣᠯᠣᠭᠰᠠᠨ︕ 18 ᠡᠨᠡ ᠪᠦᠬᠦ ᠵᠦᠢᠯ ᠪᠤᠷᠬᠠᠨ ᠠᠴᠠ ᠢᠷᠡᠭᠰᠡᠨ᠂ ᠲᠡᠷᠡ ᠾᠷᠢᠰᠲ᠋ᠣᠰ ᠢᠶᠠᠷ ᠳᠠᠮᠵᠢᠭᠤᠯᠤᠨ ᠪᠢᠳᠡᠨ ᠢ ᠥᠪᠡᠷ ᠲᠡᠢ ᠪᠡᠨ ᠡᠪᠯᠡᠷᠡᠭᠦᠯᠦᠭᠰᠡᠨ ᠪᠥᠭᠡᠳ ᠡᠨᠡ ᠬᠦ ᠡᠪᠯᠡᠷᠡᠭᠦᠯᠬᠦ ᠲᠤᠰᠢᠶᠠᠯ ᠢ ᠪᠢᠳᠡᠨ ᠳᠦ ᠰᠣᠶᠣᠷᠬᠠᠵᠠᠢ᠃ 19 ᠡᠢᠨ ᠬᠦ ᠪᠤᠷᠬᠠᠨ ᠾᠷᠢᠰᠲ᠋ᠣᠰ ᠤᠨ ᠳᠣᠲᠣᠷ᠎ᠠ ᠶᠢᠷᠲᠢᠨᠴᠦ ᠶᠢ ᠥᠪᠡᠷ ᠲᠡᠢ ᠪᠡᠨ ᠡᠪᠯᠡᠷᠡᠭᠦᠯᠵᠦ᠂ ᠲᠡᠳᠡᠨ ᠦ ᠪᠤᠷᠤᠭᠤ ᠭᠠᠵᠢᠭᠤ ᠶᠢ ᠡᠰᠡ ᠲᠣᠭᠠᠴᠠᠨ ᠡᠪᠯᠡᠷᠡᠭᠦᠯᠬᠦ ᠦᠭᠡ ᠶᠢ ᠪᠢᠳᠡᠨ ᠳᠦ ᠳᠠᠭᠠᠭᠠᠯᠭᠠᠭᠰᠠᠨ ᠶᠤᠮ᠃ 20 ᠪᠢᠳᠡ ᠪᠣᠯ ᠾᠷᠢᠰᠲ᠋ᠣᠰ ᠤᠨ ᠡᠯᠴᠢᠨ ᠰᠠᠢᠳ ᠮᠥᠨ᠃ ᠪᠤᠷᠬᠠᠨ ᠪᠢᠳᠡᠨ ᠢᠶᠡᠷ ᠳᠠᠮᠵᠢᠭᠤᠯᠤᠨ ᠲᠠ ᠨᠠᠷ ᠢ ᠢᠳᠬᠠᠵᠤ ᠪᠠᠢᠨ᠎ᠠ᠃ ᠪᠢᠳᠡ ᠾᠷᠢᠰᠲ᠋ᠣᠰ ᠢ ᠣᠷᠣᠯᠠᠨ ᠲᠠ ᠨᠠᠷ ᠲᠤ ᠭᠤᠶᠤᠶ᠎ᠠ᠃ ᠪᠤᠷᠬᠠᠨ ᠲᠠᠢ ᠡᠪᠯᠡᠷᠡ︕ 21 ᠪᠤᠷᠬᠠᠨ ᠪᠢᠳᠡᠨ ᠦ ᠣᠷᠣᠨ ᠳᠤ ᠨᠢᠭᠦᠯ ᠦᠭᠡᠢ ᠨᠢᠭᠡᠨ ᠢ ᠨᠢᠭᠦᠯ ᠦᠨ ᠲᠠᠬᠢᠯ 6 ᠪᠣᠯᠭᠠᠭᠰᠠᠨ ᠨᠢ ᠲᠡᠭᠦᠨ ᠦ ᠠᠴᠢ ᠪᠠᠷ ᠪᠢᠳᠡᠨ ᠢ ᠪᠤᠷᠬᠠᠨ ᠤ ᠵᠥᠪᠲᠦ ᠪᠣᠯᠭᠠᠬᠤ ᠶᠢᠨ ᠲᠤᠯᠠᠳᠠ ᠶᠤᠮ᠃