ᠬᠣᠶᠠᠳᠤᠭᠠᠷ ᠺᠣᠷᠢᠨᠲ ᠨᠠᠢ᠌ᠮᠠ
ᠥᠭᠯᠢᠭᠡᠴᠢᠳ ᠤᠨ ᠦᠯᠢᠭᠡᠷ ᠵᠢᠱᠢᠶ᠎ᠡ
1 ᠠᠬ᠎ᠠ ᠳᠡᠭᠦᠦ ᠨᠠᠷ ᠡ᠂ ᠮᠠᠺᠧᠳᠣᠨᠢᠶ᠎ᠠ ᠶᠢᠨ ᠴᠢᠭᠤᠯᠭᠠᠨ ᠨᠤᠭᠤᠳ ᠲᠤ ᠰᠣᠶᠣᠷᠬᠠᠭᠰᠠᠨ ᠪᠤᠷᠬᠠᠨ ᠤ ᠢᠪᠡᠭᠡᠯ ᠢ ᠲᠠ ᠨᠠᠷ ᠲᠤ ᠮᠡᠳᠡᠭᠦᠯᠦᠶ᠎ᠡ᠃ 2 ᠬᠦᠨᠳᠦ ᠵᠣᠪᠠᠯᠠᠩ ᠤᠨ ᠰᠣᠷᠢᠯᠲᠠ ᠳᠤᠮᠳᠠ ᠲᠡᠳᠡᠨ ᠦ ᠣᠷᠭᠢᠯᠤᠭᠤᠨ ᠪᠠᠶᠠᠰᠤᠯ ᠪᠠ ᠲᠤᠢᠯ ᠤᠨ ᠶᠠᠳᠠᠭᠤᠷᠠᠯ ᠨᠢ ᠨᠡᠮᠡᠭᠳᠡᠭᠡᠳ ᠲᠡᠳᠡᠨ ᠢ ᠡᠯᠪᠡᠭ ᠥᠭᠯᠢᠭᠡᠴᠢ ᠪᠣᠯᠭᠠᠵᠠᠢ᠃ 3 ᠪᠢ ᠭᠡᠷᠡᠴᠢᠯᠡᠶ᠎ᠡ᠂ ᠲᠡᠳᠡ ᠴᠢᠳᠠᠯ ᠤᠨ ᠢᠶᠠᠨ ᠬᠢᠷᠢ ᠪᠠᠷ᠂ ᠪᠠᠰᠠ ᠴᠢᠳᠠᠯ ᠠᠴᠠ ᠪᠠᠨ ᠢᠯᠡᠭᠦᠦ ᠶᠢ ᠴᠤ ᠰᠠᠢᠨ ᠳᠤᠷ᠎ᠠ ᠠᠴᠠ ᠪᠠᠨ ᠡᠷᠭᠦᠭᠰᠡᠨ ᠪᠥᠭᠡᠳ 4 ᠠᠷᠢᠭᠤᠨ ᠬᠥᠮᠦᠰ ᠢ ᠲᠡᠳᠬᠦᠬᠦ ᠳᠦ ᠣᠷᠣᠯᠴᠠᠬᠤ ᠣᠨᠴᠠᠭᠠᠢ ᠢᠪᠡᠭᠡᠯ ᠢ ᠪᠢᠳᠡᠨ ᠡᠴᠡ ᠶᠡᠬᠡᠳᠡ ᠬᠢᠴᠢᠶᠡᠩᠭᠦᠢᠯᠡᠨ ᠭᠤᠶᠤᠵᠤ᠂ 5 ᠪᠢᠳᠡᠨ ᠦ ᠬᠦᠰᠡᠯ ᠢ ᠪᠤᠰᠤ᠂ ᠪᠤᠷᠬᠠᠨ ᠤ ᠰᠠᠨᠠᠭ᠎ᠠ ᠶᠢ ᠳᠠᠭᠠᠵᠤ ᠥᠪᠡᠷᠰᠡᠳ ᠢ ᠪᠠᠨ ᠤᠷᠢᠳᠠᠪᠠᠷ ᠡᠵᠡᠨ ᠳᠦ᠂ ᠳᠠᠷᠠᠭ᠎ᠠ ᠨᠢ ᠪᠢᠳᠡᠨ ᠳᠦ ᠡᠷᠭᠦᠭᠰᠡᠨ ᠪᠢᠯᠡ᠃ 6 ᠡᠢᠮᠦ ᠡᠴᠡ ᠪᠢᠳᠡ ᠲᠢᠲ ᠢ ᠢᠳᠬᠠᠨ ᠡᠢᠮᠦᠷᠬᠦ ᠢᠪᠡᠭᠡᠯᠲᠦ ᠠᠵᠢᠯᠯᠠᠭ᠎ᠠ ᠪᠠᠨ ᠲᠠ ᠨᠠᠷ ᠤᠨ ᠳᠤᠮᠳᠠ ᠤᠷᠢᠳᠠᠪᠠᠷ ᠡᠬᠢᠯᠡᠭᠰᠡᠨ ᠶᠣᠰᠣᠭᠠᠷ ᠢᠶᠠᠨ ᠭᠦᠢᠴᠡᠳᠬᠡᠭᠲᠦᠨ ᠭᠡᠪᠡ᠃ 7 ᠲᠠ ᠨᠠᠷ ᠠᠯᠢᠪᠠ ᠶᠠᠪᠤᠳᠠᠯ ᠳᠡᠭᠡᠷ᠎ᠡ᠂ ᠲᠤᠬᠠᠢᠯᠠᠪᠠᠯ ᠢᠲᠡᠭᠡᠯ᠂ ᠦᠭᠡ ᠶᠠᠷᠢᠶ᠎ᠠ᠂ ᠮᠡᠳᠡᠯᠭᠡ᠂ ᠠᠯᠢᠪᠠ ᠵᠢᠳᠬᠦᠯ ᠪᠠ ᠪᠢᠳᠡᠨ ᠳᠦ ᠬᠠᠢᠷᠠᠲᠠᠢ ᠪᠠᠷ ᠢᠶᠠᠨ ᠭᠠᠷᠮᠠᠭᠠᠢ ᠪᠠᠢᠳᠠᠭ ᠪᠣᠯᠬᠣᠷ ᠡᠨᠡ ᠢᠪᠡᠭᠡᠯᠲᠦ ᠠᠵᠢᠯᠯᠠᠭᠠᠨ ᠳᠤ ᠴᠤ ᠭᠠᠷᠮᠠᠭᠠᠢᠯᠠᠬᠤ ᠪᠣᠯᠲᠤᠭᠠᠢ᠃
8 ᠪᠢ ᠲᠠ ᠨᠠᠷ ᠲᠤ ᠡᠭᠦᠨ ᠢ ᠲᠤᠰᠢᠶᠠᠵᠤ ᠪᠠᠢᠭ᠎ᠠ ᠪᠢᠰᠢ᠂ ᠬᠠᠷᠢᠨ ᠲᠠ ᠨᠠᠷ ᠤᠨ ᠬᠠᠢᠷ᠎ᠠ ᠶᠢᠨ ᠦᠨᠡᠨ ᠡᠰᠡᠬᠦ ᠶᠢ ᠪᠤᠰᠤᠳ ᠤᠨ ᠵᠢᠳᠬᠦᠯ ᠢᠶᠡᠷ ᠯᠠᠪᠯᠠᠬᠤ ᠭᠡᠵᠦ ᠬᠡᠯᠡᠵᠦ ᠪᠠᠢᠨ᠎ᠠ᠃ 9 ᠤᠴᠢᠷ ᠨᠢ᠂ ᠲᠠ ᠨᠠᠷ ᠪᠢᠳᠡᠨ ᠦ ᠡᠵᠡᠨ ᠢᠰᠦ᠋ᠰ ᠾᠷᠢᠰᠲ᠋ᠣᠰ ᠤᠨ ᠢᠪᠡᠭᠡᠯ ᠢ ᠮᠡᠳᠡᠳᠡᠭ᠃ ᠲᠡᠷᠡ ᠪᠠᠶᠠᠨ ᠪᠣᠯᠪᠠᠴᠤ ᠲᠠ ᠨᠠᠷ ᠤᠨ ᠲᠥᠯᠥᠭᠡ ᠶᠠᠳᠠᠭᠤᠷᠠᠭᠰᠠᠨ ᠨᠢ ᠶᠠᠳᠠᠭᠤᠷᠠᠯ ᠢᠶᠠᠷ ᠢᠶᠠᠨ ᠲᠠ ᠨᠠᠷ ᠢ ᠪᠠᠶᠠᠵᠢᠭᠤᠯᠬᠤ ᠶᠢᠨ ᠲᠤᠯᠠᠳᠠ ᠶᠤᠮ᠃
ᠥᠭᠯᠢᠭᠡ ᠶᠢᠨ ᠵᠣᠷᠢᠯᠭ᠎ᠠ
10 ᠡᠨᠡ ᠲᠠᠯ᠎ᠠ ᠪᠠᠷ ᠲᠠ ᠨᠠᠷ ᠲᠤ ᠲᠤᠰᠠ ᠪᠣᠯᠬᠤ ᠰᠠᠨᠠᠯ ᠢᠶᠠᠨ ᠬᠡᠯᠡᠶ᠎ᠡ᠂ ᠲᠠ ᠨᠠᠷ ᠨᠢᠳᠤᠨᠤᠨ ᠤ ᠪᠤᠰᠤᠳ ᠠᠴᠠ ᠲᠦᠷᠦᠭᠦᠯᠡᠨ ᠡᠷᠡᠮᠡᠯᠵᠡᠵᠦ ᠡᠬᠢᠯᠡᠭᠰᠡᠨ ᠠᠵᠢᠯᠯᠠᠭ᠎ᠠ ᠪᠠᠨ 11 ᠣᠳᠣ ᠪᠡᠶᠡᠯᠡᠭᠦᠯ᠂ ᠴᠢᠩ ᠰᠡᠳᠬᠢᠯ ᠢᠶᠠᠷ ᠡᠷᠡᠮᠡᠯᠵᠡᠭᠰᠡᠨ ᠶᠣᠰᠣᠭᠠᠷ ᠥᠪᠡᠷ ᠦᠨ ᠪᠠᠢᠭ᠎ᠠ ᠪᠠᠷ ᠢᠶᠠᠨ ᠪᠡᠶᠡᠯᠡᠭᠦᠯᠦᠭᠲᠦᠨ᠃ 12 ᠥᠪᠡᠷ ᠦᠨ ᠪᠠᠢᠬᠤ ᠦᠭᠡᠢ ᠵᠦᠢᠯ ᠢᠶᠠᠷ ᠪᠤᠰᠤ᠂ ᠬᠠᠷᠢᠨ ᠪᠠᠢᠭ᠎ᠠ ᠪᠠᠷ ᠢᠶᠠᠨ ᠴᠢᠩ ᠰᠡᠳᠬᠢᠯ ᠡᠴᠡ ᠪᠡᠨ ᠡᠷᠭᠦᠪᠡᠯ ᠲᠠᠭᠠᠯᠠᠯ ᠢ ᠬᠦᠷᠲᠡᠨ᠎ᠡ᠃ 13 ᠪᠢ ᠪᠤᠰᠤᠳ ᠢ ᠬᠥᠩᠭᠡᠷᠡᠭᠦᠯᠵᠦ ᠲᠠ ᠨᠠᠷ ᠢ ᠬᠦᠨᠳᠦᠷᠡᠭᠦᠯᠬᠦ ᠭᠡᠰᠡᠨ ᠪᠢᠰᠢ᠂ ᠬᠠᠷᠢᠨ ᠲᠡᠩᠴᠡᠭᠦᠯᠬᠦ ᠭᠡᠵᠦ ᠪᠠᠢᠨ᠎ᠠ᠃ 14 ᠣᠳᠣ ᠲᠠ ᠨᠠᠷ ᠤᠨ ᠢᠯᠡᠭᠦᠳᠡᠯ ᠲᠡᠳᠡ ᠨᠠᠷ ᠤᠨ ᠳᠤᠲᠠᠭᠤ ᠶᠢ ᠨᠥᠬᠥᠬᠦ ᠶᠢᠨ ᠠᠳᠠᠯᠢ ᠲᠡᠳᠡᠨ ᠦ ᠢᠯᠡᠭᠦᠳᠡᠯ ᠴᠤ ᠲᠠ ᠨᠠᠷ ᠤᠨ ᠳᠤᠲᠠᠭᠤ ᠶᠢ ᠨᠥᠬᠥᠨ᠎ᠡ᠃ 15 ᠡᠨᠡ ᠨᠢ 《ᠠᠷᠪᠢᠨ ᠲᠠᠢ ᠨᠢ ᠢᠯᠡᠭᠦᠳᠡᠭᠰᠡᠨ ᠦᠭᠡᠢ᠂ ᠴᠥᠭᠡᠨ ᠲᠡᠢ ᠨᠢ ᠴᠤ ᠳᠤᠲᠠᠭᠰᠠᠨ ᠦᠭᠡᠢ》 ᠭᠡᠵᠦ ᠪᠢᠴᠢᠭᠳᠡᠭᠰᠡᠨ ᠲᠡᠢ ᠠᠳᠠᠯᠢ ᠪᠣᠯᠣᠨ᠎ᠠ᠃
ᠥᠭᠯᠢᠭᠡ ᠬᠠᠷᠢᠭᠤᠴᠠᠭᠴᠢᠳ
16 ᠲᠠ ᠨᠠᠷ ᠤᠨ ᠲᠥᠯᠥᠭᠡ ᠨᠠᠳᠠ ᠰᠢᠭ᠋ ᠵᠢᠳᠬᠦᠬᠦ ᠰᠡᠳᠬᠢᠯ ᠢ ᠲᠢᠲ ᠲᠤ ᠰᠣᠶᠣᠷᠬᠠᠭᠰᠠᠨ ᠪᠤᠷᠬᠠᠨ ᠳᠤ ᠲᠠᠯᠠᠷᠬᠠᠶ᠎ᠠ᠃ 17 ᠲᠡᠷᠡ ᠪᠢᠳᠡᠨ ᠦ ᠢᠳᠬᠠᠯ ᠢ ᠬᠦᠯᠢᠶᠡᠨ ᠠᠪᠤᠭᠰᠠᠨ ᠲᠡᠳᠦᠢ ᠦᠭᠡᠢ᠂ ᠨᠡᠩ ᠢᠯᠡᠭᠦᠦ ᠵᠢᠳᠬᠦᠯ ᠲᠡᠢ ᠪᠠᠷ ᠰᠠᠢᠨ ᠳᠤᠷ᠎ᠠ ᠠᠴᠠ ᠪᠠᠨ ᠲᠠᠨ ᠤ ᠲᠡᠨᠳᠡ ᠣᠴᠢᠬᠤ ᠪᠣᠯᠣᠯ᠎ᠠ᠃ 18 ᠪᠢᠳᠡ ᠲᠡᠭᠦᠨ ᠲᠡᠢ ᠬᠠᠮᠲᠤ ᠪᠠᠰᠠ ᠨᠢᠭᠡ ᠳᠡᠭᠦᠦ ᠶᠢ ᠢᠯᠡᠭᠡᠵᠦ ᠪᠠᠢᠨ᠎ᠠ᠃ ᠡᠨᠡ ᠬᠥᠮᠦᠨ ᠪᠠᠶᠠᠷ ᠤᠨ ᠮᠡᠳᠡᠭᠡᠨ ᠦ ᠠᠵᠢᠯ ᠢᠶᠠᠷ ᠬᠠᠮᠤᠭ ᠴᠢᠭᠤᠯᠭᠠᠨ ᠳᠤ ᠰᠠᠢᠰᠢᠶᠠᠭᠳᠠᠭᠰᠠᠨ᠃ 19 ᠡᠭᠦᠨ ᠢᠶᠡᠷ ᠪᠠᠷᠠᠬᠤ ᠦᠭᠡᠢ᠂ ᠴᠢᠭᠤᠯᠭᠠᠨ ᠨᠤᠭᠤᠳ ᠲᠡᠭᠦᠨ ᠢ ᠪᠢᠳᠡᠨ ᠲᠡᠢ ᠬᠠᠮᠲᠤ ᠠᠶᠠᠯᠠᠭᠤᠯᠬᠤ ᠪᠠᠷ ᠲᠣᠮᠢᠯᠠᠵᠠᠢ᠃ ᠪᠢᠳᠡ ᠡᠵᠡᠨ ᠢ ᠠᠯᠳᠠᠷᠰᠢᠭᠤᠯᠤᠨ ᠴᠢᠩ ᠰᠡᠳᠬᠢᠯ ᠢᠶᠠᠨ ᠬᠠᠷᠠᠭᠤᠯᠬᠤ ᠶᠢᠨ ᠲᠥᠯᠥᠭᠡ ᠡᠨᠡ ᠢᠪᠡᠭᠡᠯᠲᠦ ᠠᠵᠢᠯᠯᠠᠭ᠎ᠠ ᠶᠢ ᠬᠠᠷᠢᠭᠤᠴᠠᠳᠠᠭ ᠪᠥᠭᠡᠳ 20 ᠪᠢᠳᠡᠨ ᠦ ᠬᠠᠷᠢᠭᠤᠴᠠᠵᠤ ᠪᠠᠢᠭ᠎ᠠ ᠡᠯᠪᠡᠭ ᠬᠠᠨᠳᠢᠪ ᠤᠨ ᠤᠯᠠᠮ ᠢᠶᠠᠷ ᠬᠡᠨ ᠳᠦ ᠴᠤ ᠥᠭᠡᠯᠡᠭᠳᠡᠬᠦ ᠦᠭᠡᠢ ᠭᠡᠳ ᠪᠣᠯᠭᠣᠮᠵᠢᠯᠠᠵᠤ ᠪᠠᠢᠳᠠᠭ᠃ 21 ᠦᠨᠡᠨ ᠳᠡᠭᠡᠨ ᠪᠢᠳᠡ ᠡᠵᠡᠨ ᠦ ᠡᠮᠦᠨ᠎ᠡ ᠲᠡᠳᠦᠢ ᠦᠭᠡᠢ᠂ ᠬᠥᠮᠦᠨ ᠦ ᠡᠮᠦᠨ᠎ᠡ ᠴᠤ ᠰᠢᠳᠤᠷᠭᠤ ᠪᠠᠢᠬᠤ ᠶᠢ ᠠᠩ᠋ᠬᠠᠷᠳᠠᠭ᠃ 22 ᠪᠢᠳᠡ ᠪᠠᠰᠠ ᠨᠢᠭᠡ ᠳᠡᠭᠦᠦ ᠶᠢ ᠲᠡᠳᠡᠨ ᠲᠡᠢ ᠬᠠᠮᠲᠤ ᠶᠠᠪᠤᠭᠤᠯᠪᠠ᠃ ᠪᠢᠳᠡ ᠲᠡᠭᠦᠨ ᠦ ᠵᠢᠳᠬᠦᠯᠲᠡᠨ ᠭᠡᠳᠡᠭ ᠢ ᠣᠯᠠᠨ ᠤᠳᠠᠭ᠎ᠠ ᠣᠯᠠᠨ ᠶᠠᠪᠤᠳᠠᠯ ᠢᠶᠠᠷ ᠰᠢᠯᠭᠠᠭᠠᠳ ᠪᠠᠲᠤᠯᠠᠪᠠ᠃ ᠣᠳᠣ ᠲᠡᠷᠡ ᠲᠠ ᠨᠠᠷ ᠢ ᠢᠲᠡᠭᠡᠭᠡᠳ ᠤᠯᠠᠮ ᠶᠡᠬᠡ ᠵᠢᠳᠬᠦᠯ ᠭᠠᠷᠭᠠᠵᠤ ᠪᠠᠢᠨ᠎ᠠ᠃ 23 ᠲᠢᠲ ᠪᠣᠯ ᠮᠢᠨᠦ ᠠᠨᠳᠠ ᠪᠥᠭᠡᠳ ᠲᠠ ᠨᠠᠷ ᠲᠤ ᠵᠣᠷᠢᠭᠤᠯᠤᠭᠰᠠᠨ ᠬᠠᠮᠲᠤᠷᠠᠨ ᠠᠵᠢᠯᠯᠠᠭᠴᠢ ᠮᠥᠨ᠃ ᠪᠢᠳᠡᠨ ᠦ ᠠᠬ᠎ᠠ ᠳᠡᠭᠦᠦ ᠨᠠᠷ ᠪᠣᠯ ᠴᠢᠭᠤᠯᠭᠠᠨ ᠨᠤᠭᠤᠳ ᠤᠨ ᠡᠯᠴᠢ ᠪᠥᠭᠡᠳ ᠾᠷᠢᠰᠲ᠋ᠣᠰ ᠤᠨ ᠠᠯᠳᠠᠷ ᠪᠢᠯᠡ᠃ 24 ᠲᠠ ᠨᠠᠷ ᠤᠨ ᠬᠠᠢᠷ᠎ᠠ ᠪᠠ ᠪᠢᠳᠡᠨ ᠦ ᠲᠠ ᠨᠠᠷ ᠢ ᠮᠠᠭᠲᠠᠭᠰᠠᠨ ᠤ ᠦᠨᠡᠨ ᠭᠡᠳᠡᠭ ᠢ ᠴᠢᠭᠤᠯᠭᠠᠨ ᠨᠤᠭᠤᠳ ᠤᠨ ᠡᠮᠦᠨ᠎ᠡ ᠲᠡᠳᠡᠨ ᠳᠦ ᠦᠵᠡᠭᠦᠯᠦᠭᠡᠷᠡᠢ᠃