1 2 3 4 5 6 7 8 9 10 11 12 13


ᠬᠣᠶᠠᠳᠤᠭᠠᠷ ᠺᠣᠷᠢᠨᠲ ᠠᠷᠪᠠ
 ᠰᠢᠳᠠᠷ ᠱᠠᠪᠢ ᠶᠢᠨ ᠡᠷᠬᠡ ᠮᠡᠳᠡᠯ

1 ᠲᠠ ᠨᠠᠷ ᠲᠠᠢ ᠨᠢᠭᠤᠷ ᠵᠣᠯᠭᠠᠬᠤ ᠳᠤ ᠵᠣᠷᠢᠭ ᠦᠭᠡᠢ ᠪᠣᠯᠪᠠᠴᠤ ᠳᠠᠯᠳᠠ ᠳᠠᠭᠠᠨ ᠵᠣᠷᠢᠭᠲᠠᠢ ᠪᠠᠢᠳᠠᠭ ᠫᠠᠦ᠋ᠯ ᠪᠢ ᠲᠠ ᠨᠠᠷ ᠢ ᠾᠷᠢᠰᠲ᠋ᠣᠰ ᠤᠨ ᠡᠶᠡᠯᠳᠡᠭ ᠵᠥᠭᠡᠯᠡᠨ ᠢᠶᠡᠷ ᠢᠳᠬᠠᠶ᠎ᠠ᠃ 2 ᠪᠢᠳᠡᠨ ᠢ ᠮᠢᠬᠠᠨ ᠪᠡᠶᠡᠲᠦ ᠬᠥᠮᠦᠨ ᠦ ᠪᠠᠨ ᠶᠣᠰᠣᠭᠠᠷ ᠠᠮᠢᠳᠤᠷᠠᠳᠠᠭ ᠭᠡᠵᠦ ᠪᠣᠳᠣᠳᠠᠭ ᠵᠠᠷᠢᠮ ᠬᠥᠮᠦᠰ ᠲᠦ ᠪᠢ ᠵᠣᠷᠢᠭᠲᠠᠢ ᠬᠠᠨᠳᠤᠶ᠎ᠠ ᠭᠡᠵᠦ ᠪᠣᠳᠣᠵᠤ ᠪᠠᠢᠨ᠎ᠠ᠃ ᠬᠠᠷᠢᠨ ᠲᠡᠨᠳᠡ ᠣᠴᠢᠭᠠᠳ ᠲᠡᠢᠮᠦ ᠵᠣᠷᠢᠭ ᠭᠠᠷᠭᠠᠬᠤ ᠴᠢᠬᠤᠯᠠ ᠦᠭᠡᠢ ᠪᠠᠢᠬᠤ ᠶᠢ ᠪᠢ ᠬᠦᠰᠡᠨ᠎ᠡ᠃ 3 ᠪᠢᠳᠡ ᠦᠨᠡᠨ ᠳᠡᠭᠡᠨ ᠮᠢᠬᠠᠨ ᠪᠡᠶ᠎ᠡ ᠶᠢᠨ ᠢᠶᠠᠨ ᠳᠣᠲᠣᠷ᠎ᠠ ᠠᠮᠢᠳᠤᠷᠠᠳᠠᠭ᠂ ᠭᠡᠪᠡᠴᠦ ᠮᠢᠬᠠᠨ ᠪᠡᠶᠡᠲᠦ ᠬᠥᠮᠦᠨ ᠦ ᠪᠠᠨ ᠶᠣᠰᠣᠭᠠᠷ ᠡᠰᠡ ᠲᠡᠮᠡᠴᠡᠳᠡᠭ ᠪᠥᠭᠡᠳ 4 (ᠲᠡᠮᠡᠴᠡᠯ ᠳᠦ ᠠᠰᠢᠭᠯᠠᠳᠠᠭ ᠵᠡᠪᠰᠡᠭ ᠮᠢᠨᠢ ᠮᠢᠬᠠᠨ ᠪᠡᠶᠡᠲᠦ ᠬᠥᠮᠦᠨ ᠦ ᠬᠢ ᠪᠢᠰᠢ᠂ ᠬᠠᠷᠢᠨ ᠪᠡᠬᠢᠯᠡᠯᠲᠡ ᠨᠤᠭᠤᠳ ᠢ ᠨᠤᠷᠠᠭᠠᠬᠤ ᠪᠤᠷᠬᠠᠨ ᠤ ᠬᠦᠴᠦᠲᠦ ᠵᠡᠪᠰᠡᠭ) 5 ᠪᠤᠷᠬᠠᠨ ᠢ ᠮᠡᠳᠡᠬᠦ ᠶᠢ ᠡᠰᠡᠷᠭᠦᠴᠡᠭᠴᠢ ᠦᠵᠡᠯ ᠰᠠᠨᠠᠭ᠎ᠠ ᠪᠣᠯᠣᠨ ᠠᠯᠢᠪᠠ ᠳᠡᠭᠡᠷᠡᠩᠭᠦᠢ ᠪᠠᠷᠳᠠᠮᠨᠠᠯ ᠢ ᠨᠤᠷᠠᠭᠠᠵᠤ᠂ ᠠᠯᠢᠪᠠ ᠪᠣᠳᠣᠯ ᠰᠠᠨᠠᠭ᠎ᠠ ᠶᠢ ᠣᠯᠵᠠᠯᠠᠨ ᠾᠷᠢᠰᠲ᠋ᠣᠰ ᠲᠤ ᠵᠠᠬᠢᠷᠤᠭᠤᠯᠳᠠᠭ᠃ 6 ᠲᠠ ᠨᠠᠷ ᠪᠦᠷᠢᠨ ᠵᠠᠬᠢᠷᠤᠭᠳᠠᠬᠤ ᠴᠠᠭ ᠲᠤ ᠪᠢᠳᠡ ᠠᠯᠢᠪᠠ ᠳᠤᠭᠤᠯᠭᠠᠪᠤᠷᠢ ᠦᠭᠡᠢ ᠶᠠᠪᠤᠳᠠᠯ ᠢ ᠰᠢᠳᠬᠡᠬᠦ ᠳᠦ ᠪᠡᠯᠡᠨ ᠪᠠᠢᠬᠤ ᠪᠣᠯᠣᠨ᠎ᠠ᠃

7 ᠲᠠ ᠨᠠᠷ ᠭᠠᠳᠠᠨ᠎ᠠ ᠲᠥᠷᠬᠥ ᠶᠢ ᠯᠠ ᠦᠵᠡᠳᠡᠭ᠂ ᠥᠪᠡᠷ ᠢ ᠪᠠᠨ ᠾᠷᠢᠰᠲ᠋ᠣᠰ ᠤᠨ ᠬᠢ ᠭᠡᠵᠦ ᠢᠲᠡᠭᠡᠭᠴᠢ ᠨᠢ ᠥᠪᠡᠷ ᠢᠶᠡᠨ ᠾᠷᠢᠰᠲ᠋ᠣᠰ ᠤᠨ ᠬᠢ ᠪᠠᠢᠳᠠᠭ ᠲᠠᠢ ᠠᠳᠠᠯᠢ ᠪᠠᠷ ᠪᠢᠳᠡᠨ ᠢ ᠴᠤ ᠲᠡᠷᠡ ᠮᠡᠲᠦ ᠪᠡᠷ ᠳᠠᠬᠢᠨ ᠪᠣᠳᠣᠲᠤᠭᠠᠢ᠃ 8 ᠨᠠᠮᠠᠶᠢ ᠡᠷᠬᠡ ᠮᠡᠳᠡᠯ ᠢᠶᠡᠨ ᠵᠢᠭᠠᠬᠠᠨ ᠬᠡᠲᠦᠷᠬᠡᠢ ᠮᠠᠭᠲᠠᠳᠠᠭ ᠭᠡᠰᠡᠨ ᠴᠤ ᠪᠢ ᠢᠴᠢᠬᠦ ᠦᠭᠡᠢ᠂ ᠤᠴᠢᠷ ᠨᠢ᠂ ᠲᠠ ᠨᠠᠷ ᠢ ᠨᠤᠷᠠᠭᠠᠬᠤ ᠪᠠᠷ ᠪᠢᠰᠢ᠂ ᠬᠠᠷᠢᠨ ᠪᠣᠰᠬᠠᠨ ᠪᠠᠢᠭᠤᠯᠬᠤ ᠭᠡᠵᠦ ᠡᠵᠡᠨ ᠲᠡᠷᠡ ᠡᠷᠬᠡ ᠶᠢ ᠪᠢᠳᠡᠨ ᠳᠦ ᠰᠣᠶᠣᠷᠬᠠᠭᠰᠠᠨ ᠶᠤᠮ᠃ 9 ᠨᠠᠮᠠᠶᠢ ᠵᠠᠬᠢᠳᠠᠯ ᠤᠳ ᠢᠶᠠᠷ ᠢᠶᠠᠨ ᠲᠠ ᠨᠠᠷ ᠢ ᠰᠦᠷᠳᠡᠭᠦᠯᠵᠦ ᠪᠠᠢᠨ᠎ᠠ ᠭᠡᠵᠦ ᠪᠦᠦ ᠪᠣᠳᠣ᠃ 10 ᠶᠠᠭᠤ ᠭᠡᠪᠡᠯ᠂ ᠵᠠᠷᠢᠮ ᠨᠢ᠄ 《ᠲᠡᠭᠦᠨ ᠦ ᠵᠠᠬᠢᠳᠠᠯ ᠤᠳ ᠬᠦᠨᠳᠦ ᠪᠥᠭᠡᠳ ᠬᠦᠴᠦᠲᠡᠢ ᠪᠣᠯᠪᠠᠴᠤ ᠠᠭᠤᠯᠵᠠᠭᠠᠳ ᠬᠠᠷᠠᠪᠠᠯ ᠪᠡᠶ᠎ᠡ ᠨᠢ ᠰᠤᠯᠠ᠂ ᠦᠭᠡ ᠶᠠᠷᠢᠶ᠎ᠠ ᠨᠢ ᠪᠢᠳᠠᠭᠤ》 ᠭᠡᠵᠦ ᠪᠠᠢᠳᠠᠭ᠃ 11 ᠲᠡᠳᠡᠭᠡᠷ ᠬᠥᠮᠦᠨ ᠡᠭᠦᠨ ᠢ ᠮᠡᠳᠡᠲᠦᠭᠡᠢ᠂ ᠬᠠᠮᠲᠤ ᠪᠠᠢᠬᠤ ᠦᠭᠡᠢ ᠦᠶ᠎ᠡ ᠳᠡᠭᠡᠨ ᠪᠢᠳᠡᠨ ᠦ ᠵᠠᠬᠢᠳᠠᠯ ᠤᠨ ᠦᠭᠡᠰ ᠶᠠᠮᠠᠷ ᠪᠠᠢᠭᠰᠠᠨ ᠪᠣᠯ᠂ ᠬᠠᠮᠲᠤ ᠪᠠᠢᠬᠤ ᠳᠠᠭᠠᠨ ᠪᠢᠳᠡᠨ ᠦ ᠦᠢᠯᠡᠰ ᠮᠥᠨ ᠲᠡᠭᠦᠨᠴᠢᠯᠡᠨ ᠪᠠᠢᠳᠠᠭ᠃

12 ᠥᠪᠡᠷᠰᠡᠳ ᠢ ᠪᠠᠨ ᠮᠠᠭᠲᠠᠳᠠᠭ ᠵᠠᠷᠢᠮ ᠬᠥᠮᠦᠰ ᠲᠡᠢ ᠥᠪᠡᠷᠰᠡᠳ ᠢ ᠪᠠᠨ ᠲᠡᠩᠴᠡᠭᠦᠯᠬᠦ ᠪᠤᠶᠤ ᠬᠠᠷᠢᠴᠠᠭᠤᠯᠬᠤ ᠵᠣᠷᠢᠭ ᠪᠢᠳᠡᠨ ᠳᠦ ᠪᠠᠢᠬᠤ ᠦᠭᠡᠢ᠃ ᠭᠡᠪᠡᠴᠦ ᠲᠡᠳᠡ ᠪᠣᠯ ᠥᠪᠡᠷᠰᠡᠳ ᠢ ᠪᠠᠨ ᠥᠪᠡᠷᠰᠡᠳ ᠢᠶᠡᠷ ᠢᠶᠠᠨ ᠬᠡᠮᠵᠢᠵᠦ᠂ ᠥᠪᠡᠷᠰᠡᠳ ᠢ ᠪᠠᠨ ᠥᠪᠡᠷᠰᠡᠳ ᠢᠶᠡᠷ ᠢᠶᠠᠨ ᠬᠠᠷᠢᠴᠠᠭᠤᠯᠳᠠᠭ ᠪᠣᠯᠬᠣᠷ ᠤᠬᠠᠭᠠᠨ ᠦᠭᠡᠢ ᠪᠠᠢᠨ᠎ᠠ᠃ 13 ᠪᠢᠳᠡ ᠬᠡᠮᠵᠢᠶᠡᠨ ᠡᠴᠡ ᠪᠡᠨ ᠬᠡᠲᠦᠷᠬᠡᠢ ᠰᠠᠢᠷᠬᠠᠬᠤ ᠦᠭᠡᠢ᠂ ᠬᠠᠷᠢᠨ ᠪᠤᠷᠬᠠᠨ ᠤ ᠪᠢᠳᠡᠨ ᠳᠦ ᠬᠦᠷᠲᠡᠭᠡᠭᠰᠡᠨ ᠲᠠ ᠨᠠᠷ ᠲᠤ ᠴᠤ ᠬᠦᠷᠬᠦ ᠬᠡᠮᠵᠢᠶᠡᠨ ᠦ ᠳᠣᠲᠣᠷ᠎ᠠ ᠰᠠᠢᠷᠠᠬᠠᠶ᠎ᠠ᠃ 14 ᠪᠢᠳᠡ ᠬᠡᠮᠵᠢᠶᠡᠨ ᠡᠴᠡ ᠪᠡᠨ ᠬᠡᠲᠦᠷᠡᠨ ᠲᠠᠨ ᠤ ᠲᠡᠨᠳᠡ ᠬᠦᠷᠦᠭᠰᠡᠨ ᠪᠢᠰᠢ᠂ ᠦᠨᠡᠨ ᠳᠡᠭᠡᠨ ᠲᠠᠨ ᠤ ᠲᠡᠨᠳᠡ ᠾᠷᠢᠰᠲ᠋ᠣᠰ ᠤᠨ ᠪᠠᠶᠠᠷ ᠤᠨ ᠮᠡᠳᠡᠭᠡ ᠶᠢ ᠠᠩᠬ᠎ᠠ ᠬᠦᠷᠭᠡᠭᠰᠡᠨ ᠨᠢ ᠪᠢᠳᠡ ᠪᠢᠯᠡ᠃ 15 ᠪᠢᠳᠡ ᠬᠡᠮᠵᠢᠶᠡᠨ ᠡᠴᠡ ᠪᠡᠨ ᠴᠠᠰᠢ ᠪᠤᠰᠤᠳ ᠤᠨ ᠦᠢᠯᠡ ᠠᠵᠢᠯ ᠢᠶᠠᠷ ᠰᠠᠢᠷᠬᠠᠳᠠᠭ ᠦᠭᠡᠢ᠃ ᠲᠠ ᠨᠠᠷ ᠤᠨ ᠢᠲᠡᠭᠡᠯ ᠥᠰᠬᠦ ᠶᠢᠨ ᠳᠠᠭᠠᠤ ᠪᠢᠳᠡᠨ ᠦ ᠠᠵᠢᠯᠯᠠᠭ᠎ᠠ ᠴᠤ ᠲᠠ ᠨᠠᠷ ᠤᠨ ᠳᠤᠮᠳᠠ ᠬᠡᠮᠵᠢᠶ᠎ᠡ ᠬᠢᠵᠠᠭᠠᠷ ᠤᠨ ᠢᠶᠠᠨ ᠳᠣᠲᠣᠷ᠎ᠠ ᠨᠡᠩ ᠢᠯᠡᠭᠦᠦ ᠲᠡᠯᠡᠵᠦ ᠪᠤᠢ᠂ 16 ᠪᠢᠳᠡ ᠲᠠᠨ ᠤ ᠲᠡᠨᠳᠡ ᠡᠴᠡ ᠴᠠᠰᠢ ᠪᠠᠶᠠᠷ ᠤᠨ ᠮᠡᠳᠡᠭᠡ ᠳᠡᠯᠭᠡᠷᠡᠭᠦᠯᠬᠦ ᠶᠢ ᠡᠷᠡᠮᠡᠯᠵᠡᠵᠦ ᠪᠠᠢᠨ᠎ᠠ᠃ ᠪᠤᠰᠤᠳ ᠤᠨ ᠬᠢᠵᠠᠭᠠᠷ ᠤᠨ ᠳᠣᠲᠣᠷ᠎ᠠ ᠪᠡᠯᠡᠬᠡᠨ ᠪᠣᠯᠣᠭᠰᠠᠨ ᠵᠦᠢᠯᠡᠰ ᠢᠶᠡᠷ ᠰᠠᠢᠷᠬᠠᠬᠤ ᠦᠭᠡᠢ ᠶᠤᠮ᠃ 17 ᠭᠡᠪᠡᠴᠦ 《ᠰᠠᠢᠷᠬᠠᠭᠴᠢ ᠨᠢ ᠡᠵᠡᠨ ᠦ ᠳᠣᠲᠣᠷ᠎ᠠ ᠰᠠᠢᠷᠬᠠᠭ᠃》 18 ᠶᠠᠭᠤ ᠭᠡᠪᠡᠯ᠂ ᠮᠠᠭᠲᠠᠭᠳᠠᠭᠴᠢ ᠨᠢ ᠪᠡᠶ᠎ᠡ ᠪᠡᠨ ᠡᠷᠭᠦᠮᠵᠢᠯᠡᠳᠡᠭ᠌ ᠨᠢ ᠪᠢᠰᠢ᠂ ᠬᠠᠷᠢᠨ ᠡᠵᠡᠨ ᠳᠦ ᠡᠷᠭᠦᠮᠵᠢᠯᠡᠭᠳᠡᠳᠡᠭ᠌ ᠨᠢ ᠪᠢᠯᠡ᠃