ᠬᠣᠶᠠᠳᠤᠭᠠᠷ ᠺᠣᠷᠢᠨᠲ ᠳᠥᠷᠪᠡ
ᠠᠯᠳᠠᠷ ᠰᠤᠤ ᠪᠠ ᠳᠠᠷᠤᠤ ᠦᠢᠯᠡᠴᠢᠯᠡᠯ
1 ᠲᠡᠢᠮᠦ ᠡᠴᠡ ᠪᠢᠳᠡ ᠡᠨᠡᠷᠢᠭᠳᠡᠵᠦ ᠡᠨᠡ ᠲᠤᠰᠢᠶᠠᠯ ᠢ ᠠᠪᠤᠭᠰᠠᠨ ᠲᠤᠯᠠ ᠰᠢᠨᠲᠠᠷᠠᠬᠤ ᠦᠭᠡᠢ᠃ 2 ᠪᠢᠳᠡ ᠢᠴᠢᠭᠦᠷᠢᠲᠡᠢ ᠨᠢᠭᠤᠭᠳᠠᠮᠠᠯ ᠵᠦᠢᠯ ᠤᠳ ᠢᠶᠠᠨ ᠬᠠᠶᠠᠭᠰᠠᠨ᠂ ᠪᠢᠳᠡ ᠵᠠᠯᠢ ᠮᠡᠬᠡ ᠭᠠᠷᠭᠠᠳᠠᠭ ᠦᠭᠡᠢ᠂ ᠪᠤᠷᠬᠠᠨ ᠤ ᠦᠭᠡ ᠶᠢ ᠭᠠᠵᠢᠭᠤᠳᠠᠭᠤᠯᠳᠠᠭ ᠦᠭᠡᠢ᠂ ᠬᠠᠷᠢᠨ ᠦᠨᠡᠨ ᠢ ᠢᠯᠡᠷᠡᠭᠦᠯᠦᠨ ᠪᠤᠷᠬᠠᠨ ᠤ ᠬᠠᠷᠠᠭᠠᠨ ᠳᠤ᠂ ᠪᠠᠰᠠ ᠪᠦᠬᠦ ᠬᠥᠮᠦᠨ ᠦ ᠮᠥᠰᠥ ᠴᠢᠨᠠᠷ ᠤᠨ ᠡᠮᠦᠨ᠎ᠡ ᠥᠪᠡᠷᠰᠡᠳ ᠢ ᠪᠠᠨ ᠬᠠᠷᠠᠭᠤᠯᠳᠠᠭ᠃ 3 ᠬᠡᠷᠪᠡ ᠪᠢᠳᠡᠨ ᠦ ᠪᠠᠶᠠᠷ ᠤᠨ ᠮᠡᠳᠡᠭᠡ ᠪᠦᠲᠡᠭᠡᠭᠳᠡᠭᠰᠡᠨ ᠭᠡᠪᠡᠯ ᠮᠥᠬᠥᠵᠦ ᠪᠠᠢᠭᠰᠠᠳ ᠲᠤ ᠪᠦᠲᠡᠭᠡᠭᠳᠡᠭᠰᠡᠨ ᠶᠤᠮ᠃ 4 ᠡᠨᠡ ᠶᠢᠷᠲᠢᠨᠴᠦ ᠶᠢᠨ ᠡᠵᠡᠨ 2 ᠦᠯᠦ ᠢᠲᠡᠭᠡᠭᠴᠢᠳ ᠤᠨ ᠰᠠᠨᠠᠭ᠎ᠠ ᠶᠢ ᠪᠢᠲᠡᠭᠦᠯᠦᠭᠰᠡᠨ ᠤᠴᠢᠷ ᠠᠴᠠ ᠾᠷᠢᠰᠲ᠋ᠣᠰ ᠤᠨ ᠵᠢᠪᠬᠤᠯᠠᠩᠲᠤ ᠪᠠᠶᠠᠷ ᠤᠨ ᠮᠡᠳᠡᠭᠡ ᠶᠢᠨ ᠭᠡᠷᠡᠯ ᠲᠡᠳᠡᠨ ᠳᠦ ᠲᠤᠰᠬᠤ ᠦᠭᠡᠢ ᠪᠣᠯᠣᠯ᠎ᠠ᠃ ᠾᠷᠢᠰᠲ᠋ᠣᠰ ᠪᠣᠯ ᠪᠤᠷᠬᠠᠨ ᠤ ᠳᠦᠷᠢ ᠲᠥᠷᠬᠥ ᠮᠥᠨ᠃ 5 ᠪᠢᠳᠡ ᠥᠪᠡᠷᠰᠡᠳ ᠢ ᠪᠠᠨ ᠲᠤᠩ᠋ᠬᠠᠭᠯᠠᠳᠠᠭ ᠪᠤᠰᠤ᠂ ᠬᠠᠷᠢᠨ ᠡᠵᠡᠨ ᠾᠷᠢᠰᠲ᠋ᠣᠰ ᠢᠰᠦ᠋ᠰ᠂ ᠮᠥᠨ ᠢᠰᠦ᠋ᠰ ᠤᠨ ᠤᠯᠠᠮ ᠢᠶᠠᠷ ᠲᠠ ᠨᠠᠷ ᠤᠨ ᠵᠠᠷᠤᠴᠠ ᠪᠣᠯᠣᠭᠰᠠᠨ ᠥᠪᠡᠷᠰᠡᠳ ᠢ ᠪᠠᠨ ᠲᠤᠩ᠋ᠬᠠᠭᠯᠠᠳᠠᠭ ᠶᠤᠮ᠃ 6 《ᠬᠠᠷᠠᠩ᠋ᠭᠤᠢ ᠳᠤ ᠭᠡᠷᠡᠯ ᠭᠡᠷᠡᠯᠲᠦᠲᠦᠭᠡᠢ》 ᠭᠡᠵᠦ ᠠᠢᠯᠠᠳᠤᠭᠰᠠᠨ ᠪᠤᠷᠬᠠᠨ ᠪᠢᠳᠡᠨ ᠦ ᠰᠡᠳᠬᠢᠯ ᠢ ᠭᠡᠷᠡᠯᠲᠦᠭᠦᠯᠵᠦ᠂ ᠾᠷᠢᠰᠲ᠋ᠣᠰ ᠤᠨ ᠨᠢᠭᠤᠷ ᠳᠡᠭᠡᠷᠡᠬᠢ ᠪᠤᠷᠬᠠᠨ ᠤ ᠰᠦᠷ ᠵᠢᠪᠬᠤᠯᠠᠩ ᠤᠨ ᠮᠡᠳᠡᠯᠭᠡ ᠶᠢᠨ ᠲᠤᠶᠠᠭ᠎ᠠ ᠶᠢ ᠰᠣᠶᠣᠷᠬᠠᠵᠠᠢ᠃
7 ᠪᠢᠳᠡᠨ ᠦ ᠰᠢᠪᠠᠷ ᠰᠠᠪᠠ ᠳᠣᠲᠣᠷ᠎ᠠ ᠡᠷᠳᠡᠨᠢ ᠪᠠᠢᠨ᠎ᠠ᠃ ᠡᠨᠡ ᠨᠢ ᠬᠡᠮᠵᠢᠶᠡᠯᠡᠰᠢ ᠦᠭᠡᠢ ᠶᠡᠬᠡ ᠴᠢᠳᠠᠯ ᠪᠣᠯ ᠪᠢᠳᠡᠨ ᠦ ᠬᠢ ᠪᠢᠰᠢ᠂ ᠬᠠᠷᠢᠨ ᠪᠤᠷᠬᠠᠨ ᠤ ᠬᠢ ᠭᠡᠳᠡᠭ ᠢ ᠢᠯᠡᠷᠬᠡᠶᠢᠯᠡᠳᠡᠭ᠌ ᠶᠤᠮ᠃ 8 ᠪᠢᠳᠡ ᠲᠠᠯ᠎ᠠ ᠪᠦᠷᠢ ᠡᠴᠡ ᠪᠡᠨ ᠳᠠᠷᠤᠯᠠᠭᠳᠠᠪᠠᠴᠤ ᠨᠢᠴᠠᠷᠠᠳᠠᠭ ᠦᠭᠡᠢ᠂ ᠭᠠᠴᠢᠭᠳᠠᠪᠠᠴᠤ ᠴᠥᠬᠥᠷᠡᠳᠡᠭ ᠦᠭᠡᠢ᠂ 9 ᠬᠠᠪᠴᠢᠭᠳᠠᠪᠠᠴᠤ ᠬᠠᠶᠠᠭᠳᠠᠳᠠᠭ ᠦᠭᠡᠢ᠂ ᠤᠨᠠᠪᠠᠴᠤ ᠤᠰᠠᠳᠬᠠᠭᠳᠠᠳᠠᠭ ᠦᠭᠡᠢ᠂ 10 ᠬᠠᠷᠢᠨ ᠦᠷᠭᠦᠯᠵᠢ ᠢᠰᠦ᠋ᠰ ᠤᠨ ᠦᠬᠦᠯ ᠢ ᠪᠡᠶ᠎ᠡ ᠳᠡᠭᠡᠨ ᠡᠭᠦᠷᠴᠦ᠂ ᠢᠰᠦ᠋ᠰ ᠤᠨ ᠠᠮᠢ ᠶᠢ ᠪᠡᠶ᠎ᠡ ᠳᠡᠭᠡᠷ᠎ᠡ ᠪᠡᠨ ᠢᠯᠡᠷᠡᠭᠦᠯᠬᠦ ᠭᠡᠵᠦ ᠪᠠᠢᠳᠠᠭ᠃ 11 ᠪᠢᠳᠡ ᠠᠮᠢᠳᠤ ᠪᠠᠢᠪᠠᠴᠤ ᠢᠰᠦ᠋ᠰ ᠤᠨ ᠤᠯᠠᠮ ᠢᠶᠠᠷ ᠦᠷᠭᠦᠯᠵᠢ ᠦᠬᠦᠯ ᠳᠦ ᠲᠤᠰᠢᠶᠠᠭᠳᠠᠳᠠᠭ᠃ ᠡᠢᠮᠦ ᠡᠴᠡ ᠢᠰᠦ᠋ᠰ ᠤᠨ ᠠᠮᠢ ᠴᠤ ᠪᠢᠳᠡᠨ ᠦ ᠦᠬᠦᠬᠦ ᠮᠢᠬᠠᠨ ᠪᠡᠶ᠎ᠡ ᠳᠡᠭᠡᠷ᠎ᠡ ᠢᠯᠡᠷᠡᠭᠦᠯᠦᠭᠳᠡᠬᠦ ᠪᠣᠯᠣᠨ᠎ᠠ᠃ 12 ᠡᠢᠨ ᠬᠦ ᠦᠬᠦᠯ ᠨᠢ ᠪᠢᠳᠡᠨ ᠦ ᠳᠣᠲᠣᠷ᠎ᠠ᠂ ᠠᠮᠢ ᠨᠢ ᠲᠠ ᠨᠠᠷ ᠤᠨ ᠳᠣᠲᠣᠷ᠎ᠠ ᠠᠵᠢᠯᠯᠠᠵᠤ ᠪᠠᠢᠨ᠎ᠠ᠃
13 《ᠪᠢ ᠢᠲᠡᠭᠡᠳᠡᠭ ᠪᠣᠯᠬᠣᠷ ᠶᠠᠷᠢᠳᠠᠭ》 ᠭᠡᠵᠦ ᠪᠢᠴᠢᠭᠳᠡᠭᠰᠡᠨ ᠲᠡᠢ ᠠᠳᠠᠯᠢ᠂ ᠢᠲᠡᠭᠡᠯ ᠦᠨ ᠬᠤᠪᠢ ᠳᠤ ᠠᠳᠠᠯᠢᠬᠠᠨ ᠰᠦᠨᠡᠰᠦ ᠲᠠᠢ ᠪᠢᠳᠡ ᠴᠤ ᠢᠲᠡᠭᠡᠳᠡᠭ ᠪᠣᠯᠬᠣᠷ ᠶᠠᠷᠢᠳᠠᠭ ᠶᠤᠮ᠃ 14 ᠤᠴᠢᠷ ᠨᠢ᠂ ᠡᠵᠡᠨ ᠢᠰᠦ᠋ᠰ ᠢ ᠠᠮᠢᠯᠠᠭᠤᠯᠤᠭᠰᠠᠨ ᠨᠢᠭᠡᠨ ᠨᠢ ᠪᠢᠳᠡᠨ ᠢ ᠴᠤ ᠢᠰᠦ᠋ᠰ ᠲᠠᠢ ᠬᠠᠮᠲᠤ ᠠᠮᠢᠯᠠᠭᠤᠯᠵᠤ ᠲᠠ ᠨᠠᠷ ᠤᠨ ᠬᠠᠮᠲᠤ ᠬᠠᠵᠠᠭᠤ ᠳᠠᠭᠠᠨ ᠪᠠᠢᠯᠭᠠᠬᠤ ᠶᠢ ᠪᠢᠳᠡ ᠮᠡᠳᠡᠨ᠎ᠡ᠃ 15 ᠡᠨᠡ ᠪᠦᠬᠦᠨ ᠲᠠ ᠨᠠᠷ ᠤᠨ ᠲᠥᠯᠥᠭᠡ ᠪᠢᠯᠡ᠃ ᠡᠢᠮᠦ ᠡᠴᠡ ᠢᠪᠡᠭᠡᠯ ᠨᠢ ᠨᠡᠩ ᠣᠯᠠᠨ ᠬᠥᠮᠦᠨ ᠳᠦ ᠳᠡᠯᠭᠡᠷᠡᠨ᠂ ᠲᠠᠯᠠᠷᠬᠠᠯ ᠢᠶᠠᠷ ᠳᠦᠭᠦᠷᠴᠦ ᠪᠤᠷᠬᠠᠨ ᠢ ᠠᠯᠳᠠᠷᠰᠢᠭᠤᠯᠬᠤ ᠪᠣᠯᠲᠤᠭᠠᠢ᠃
ᠮᠥᠩᠬᠡ ᠶᠢᠨ ᠭᠡᠷ᠎ᠡ
16 ᠡᠢᠮᠦ ᠡᠴᠡ ᠪᠢᠳᠡ ᠰᠢᠨᠲᠠᠷᠠᠬᠤ ᠦᠭᠡᠢ᠂ ᠪᠢᠳᠡᠨ ᠦ ᠭᠠᠳᠠᠨ᠎ᠠ ᠪᠠᠢᠳᠠᠯ ᠮᠠᠭᠤᠳᠠᠵᠤ ᠪᠠᠢᠨ᠎ᠠ᠂ ᠬᠠᠷᠢᠨ ᠪᠢᠳᠡᠨ ᠦ ᠳᠣᠲᠣᠷ᠎ᠠ ᠪᠠᠢᠳᠠᠯ ᠡᠳᠦᠷ ᠡᠴᠡ ᠡᠳᠦᠷ ᠰᠢᠨᠡᠴᠢᠯᠡᠭᠳᠡᠵᠦ ᠪᠠᠢᠨ᠎ᠠ᠃ 17 ᠤᠴᠢᠷ ᠨᠢ᠂ ᠪᠢᠳᠡᠨ ᠦ ᠲᠦᠷ ᠵᠠᠭᠤᠷ᠎ᠠ ᠶᠢᠨ ᠶᠠᠯᠢᠭᠦᠢ ᠵᠣᠪᠠᠯᠠᠩ ᠨᠢ ᠬᠢᠵᠠᠭᠠᠷ ᠦᠭᠡᠢ ᠶᠡᠬᠡ ᠮᠥᠩᠬᠡ ᠶᠢᠨ ᠠᠯᠳᠠᠷ ᠰᠤᠤ ᠶᠢ ᠪᠢᠳᠡᠨ ᠦ ᠳᠣᠲᠣᠷ᠎ᠠ ᠪᠡᠶᠡᠯᠡᠭᠦᠯᠵᠦ ᠪᠠᠢᠭ᠎ᠠ ᠶᠤᠮ᠃ 18 ᠲᠡᠢᠮᠦ ᠡᠴᠡ ᠪᠢᠳᠡ ᠬᠠᠷᠠᠭᠳᠠᠳᠠᠭ ᠵᠦᠢᠯᠡᠰ ᠢ ᠪᠤᠰᠤ᠂ ᠬᠠᠷᠠᠭᠳᠠᠳᠠᠭ ᠦᠭᠡᠢ ᠵᠦᠢᠯᠡᠰ ᠢ ᠠᠩ᠋ᠬᠠᠷᠳᠠᠭ᠃ ᠶᠠᠭᠤ ᠭᠡᠪᠡᠯ᠂ ᠬᠠᠷᠠᠭᠳᠠᠳᠠᠭ ᠵᠦᠢᠯᠡᠰ ᠨᠢ ᠲᠦᠷ ᠵᠠᠭᠤᠷ᠎ᠠ ᠶᠢᠨ ᠬᠢ᠂ ᠬᠠᠷᠠᠭᠳᠠᠳᠠᠭ ᠦᠭᠡᠢ ᠵᠦᠢᠯᠡᠰ ᠨᠢ ᠡᠭᠦᠷᠢᠳᠡ ᠶᠢᠨ ᠬᠢ ᠪᠢᠯᠡ᠃