ᠬᠣᠶᠠᠳᠤᠭᠠᠷ ᠺᠣᠷᠢᠨᠲ ᠠᠷᠪᠠᠨ ᠬᠣᠶᠠᠷ
ᠡᠵᠡᠨ ᠦ ᠦᠵᠡᠭᠳᠡᠯ ᠪᠠ ᠢᠯᠡᠷᠬᠡᠶᠢᠯᠡᠯᠭᠡ
1 ᠲᠤᠰᠠ ᠦᠭᠡᠢ ᠪᠣᠯᠪᠠᠴᠤ ᠰᠠᠢᠷᠬᠠᠬᠤ ᠠᠴᠠ ᠥᠭᠡᠷ᠎ᠡ ᠠᠷᠭ᠎ᠠ ᠦᠭᠡᠢ ᠪᠠᠢᠨ᠎ᠠ᠂ ᠣᠳᠣ ᠪᠢ ᠡᠵᠡᠨ ᠦ ᠦᠵᠡᠭᠳᠡᠯ ᠪᠠ ᠢᠯᠡᠷᠬᠡᠶᠢᠯᠡᠯᠭᠡ ᠶᠢᠨ ᠲᠤᠬᠠᠢ ᠬᠡᠯᠡᠶ᠎ᠡ᠃ 2 ᠪᠢ ᠾᠷᠢᠰᠲ᠋ᠣᠰ ᠤᠨ ᠳᠣᠲᠣᠷᠠᠬᠢ ᠨᠢᠭᠡ ᠬᠥᠮᠦᠨ ᠢ ᠲᠠᠨᠢᠨ᠎ᠠ᠂ ᠲᠡᠷᠡ ᠠᠷᠪᠠᠨ ᠳᠥᠷᠪᠡᠨ ᠵᠢᠯ ᠤᠨ ᠡᠮᠦᠨ᠎ᠡ ᠭᠤᠷᠪᠠᠳᠤᠭᠠᠷ ᠲᠩᠷᠢ ᠳᠤ ᠠᠪᠠᠴᠢᠭᠳᠠᠭᠰᠠᠨ᠃ (ᠲᠡᠭᠡᠬᠦ ᠳᠦ ᠲᠡᠷᠡ ᠪᠡᠶ᠎ᠡ ᠶᠢᠨ ᠢᠶᠠᠨ ᠳᠣᠲᠣᠷ᠎ᠠ ᠪᠤᠶᠤ ᠭᠠᠳᠠᠨ᠎ᠠ ᠪᠠᠢᠭᠰᠠᠨ ᠢ ᠨᠢ ᠪᠢ ᠮᠡᠳᠡᠬᠦ ᠦᠭᠡᠢ᠂ ᠪᠤᠷᠬᠠᠨ ᠮᠡᠳᠡᠨ᠎ᠡ᠃) 3 ᠡᠨᠡ ᠬᠥᠮᠦᠨ ᠳ᠋ᠧᠪᠠᠵᠠᠨ ᠳᠤ ᠠᠪᠠᠴᠢᠭᠳᠠᠵᠤ (ᠲᠡᠭᠡᠬᠦ ᠳᠦ ᠲᠡᠷᠡ ᠪᠡᠶ᠎ᠡ ᠶᠢᠨ ᠢᠶᠠᠨ ᠳᠣᠲᠣᠷ᠎ᠠ ᠪᠤᠶᠤ ᠭᠠᠳᠠᠨ᠎ᠠ ᠪᠠᠢᠭᠰᠠᠨ ᠢ ᠨᠢ ᠪᠢ ᠮᠡᠳᠡᠬᠦ ᠦᠭᠡᠢ᠂ ᠪᠤᠷᠬᠠᠨ ᠮᠡᠳᠡᠨ᠎ᠡ)᠂ 4 ᠬᠥᠮᠦᠨ ᠦ ᠶᠠᠷᠢᠵᠤ ᠪᠣᠯᠣᠰᠢ ᠦᠭᠡᠢ᠂ ᠥᠭᠦᠯᠡᠰᠢ ᠦᠭᠡᠢ ᠦᠭᠡᠰ ᠢ ᠰᠣᠨᠣᠰᠣᠭᠰᠠᠨ ᠢ ᠪᠢ ᠮᠡᠳᠡᠨ᠎ᠡ᠃ 5 ᠪᠢ ᠡᠢᠮᠦ ᠬᠥᠮᠦᠨ ᠦ ᠡᠮᠦᠨ᠎ᠡ ᠡᠴᠡ ᠰᠠᠢᠷᠬᠠᠶᠠ᠃ ᠬᠠᠷᠢᠨ ᠥᠪᠡᠷ ᠦᠨ ᠢᠶᠠᠨ ᠡᠮᠦᠨ᠎ᠡ ᠡᠴᠡ ᠭᠡᠪᠡᠯ ᠳᠣᠷᠣᠢ ᠠᠴᠠ ᠪᠠᠨ ᠣᠨᠳᠣᠣ ᠪᠠᠷ ᠰᠠᠢᠷᠬᠠᠬᠤ ᠦᠭᠡᠢ᠂ 6 ᠰᠠᠢᠷᠬᠠᠵᠤ ᠪᠤᠢ ᠮᠢᠨᠢ ᠴᠤ ᠦᠨᠡᠨ ᠢ ᠬᠡᠯᠡᠵᠦ ᠪᠠᠢᠭ᠎ᠠ ᠲᠤᠯᠠ ᠮᠤᠩ᠋ᠬᠠᠭᠯᠠᠯ ᠪᠢᠰᠢ ᠶᠤᠮ᠃ ᠭᠡᠪᠡᠴᠦ ᠬᠥᠮᠦᠨ ᠨᠠᠮ᠎ᠠ ᠶᠢ ᠮᠢᠨᠦ ᠪᠡᠶ᠎ᠡ ᠳᠡᠭᠡᠷ᠎ᠡ ᠡᠴᠡ ᠦᠵᠡᠭᠰᠡᠨ ᠰᠣᠨᠣᠰᠣᠭᠰᠠᠨ ᠠᠴᠠ ᠪᠠᠨ ᠢᠯᠡᠭᠦᠦ ᠪᠡᠷ ᠦᠨᠡᠯᠡᠬᠦ ᠪᠣᠯᠣᠭᠤᠵᠠᠢ ᠬᠡᠮᠡᠨ ᠪᠢ ᠰᠠᠢᠷᠬᠠᠬᠤ ᠪᠠᠨ ᠪᠣᠯᠢᠶ᠎ᠠ᠃ 7 ᠦᠯᠡᠮᠵᠢ ᠶᠡᠬᠡ ᠢᠯᠡᠷᠬᠡᠶᠢᠯᠡᠯᠭᠡ ᠨᠦᠭᠦᠳ ᠡᠴᠡ ᠪᠣᠯᠵᠤ᠂ ᠶᠡᠬᠡᠷᠬᠡᠬᠦ ᠪᠣᠯᠣᠭᠤᠵᠠᠢ ᠭᠡᠵᠦ ᠮᠢᠬᠠᠨ ᠪᠡᠶ᠎ᠡ ᠶᠢᠨ ᠥᠷᠭᠡᠰᠦ᠂ ᠲᠤᠬᠠᠢᠯᠠᠪᠠᠯ ᠶᠡᠬᠡᠷᠬᠡᠭᠯᠡᠭᠦᠯᠬᠦ ᠦᠭᠡᠢ ᠶᠢᠨ ᠲᠤᠯᠠᠳᠠ ᠨᠠᠮᠠᠶᠢ ᠴᠣᠬᠢᠳᠠᠭ ᠰᠠᠲ᠋ᠠᠨ ᠤ ᠡᠯᠴᠢ ᠨᠠᠳᠠ ᠳᠤ ᠰᠣᠶᠣᠷᠬᠠᠭᠳᠠᠵᠠᠢ᠃ 8 ᠲᠡᠭᠦᠨ ᠢ ᠨᠠᠳᠠ ᠠᠴᠠ ᠰᠠᠯᠭᠠᠭᠠᠴᠢ ᠭᠡᠵᠦ ᠪᠢ ᠡᠵᠡᠨ ᠡᠴᠡ ᠭᠤᠷᠪᠠᠨᠲᠠ ᠭᠤᠶᠤᠭᠰᠠᠨ ᠳᠤ᠂ 9 ᠡᠵᠡᠨ᠄ 《ᠬᠠᠢᠷ᠎ᠠ ᠢᠪᠡᠭᠡᠯ ᠮᠢᠨᠢ ᠴᠢᠮ᠎ᠠ ᠳᠤ ᠬᠠᠩ᠋ᠭᠠᠯᠲᠠᠲᠠᠢ᠂ ᠮᠢᠨᠦ ᠬᠦᠴᠦ ᠪᠣᠯ ᠳᠣᠷᠣᠢ ᠳᠤ ᠲᠡᠭᠦᠯᠳᠡᠷᠵᠢᠳᠡᠭ᠌》 ᠭᠡᠵᠦ ᠠᠢᠯᠠᠳᠪᠠ᠃ ᠢᠩᠭᠢᠭᠡᠳ ᠪᠢ ᠾᠷᠢᠰᠲ᠋ᠣᠰ ᠤᠨ ᠬᠦᠴᠦ ᠶᠢ ᠪᠡᠶ᠎ᠡ ᠳᠡᠭᠡᠨ ᠣᠷᠣᠩᠨᠠᠭᠤᠯᠬᠤ ᠶᠢᠨ ᠲᠤᠯᠠᠳᠠ ᠲᠤᠢᠯ ᠤᠨ ᠪᠠᠶᠠᠷ ᠲᠠᠢ ᠪᠠᠷ ᠳᠣᠷᠣᠢ ᠪᠠᠷ ᠢᠶᠠᠨ ᠰᠠᠢᠷᠬᠠᠨ᠎ᠠ᠃ 10 ᠲᠡᠢᠮᠦ ᠡᠴᠡ ᠪᠢ ᠾᠷᠢᠰᠲ᠋ᠣᠰ ᠤᠨ ᠲᠥᠯᠥᠭᠡ ᠳᠣᠷᠣᠢ ᠪᠠᠢᠳᠠᠯ᠂ ᠳᠣᠷᠣᠮᠵᠢᠯᠠᠯ᠂ ᠭᠠᠴᠢᠭᠳᠠᠯ᠂ ᠬᠠᠪᠴᠢᠯᠭ᠎ᠠ ᠪᠠ ᠪᠡᠷᠬᠡᠰᠢᠶᠡᠯ ᠢ ᠲᠠᠭᠠᠰᠢᠶᠠᠳᠠᠭ᠂ ᠤᠴᠢᠷ ᠨᠢ᠂ ᠪᠢ ᠰᠤᠯᠠ ᠳᠣᠷᠣᠢ ᠳᠠᠭᠠᠨ ᠬᠦᠴᠦᠲᠡᠢ ᠪᠠᠢᠳᠠᠭ᠃
ᠢᠲᠡᠭᠡᠭᠴᠢ ᠶᠢᠨ ᠲᠥᠯᠥᠭᠡᠬᠢ ᠰᠠᠨᠠᠭᠠᠰᠢᠷᠠᠯ
11 ᠪᠢ ᠮᠤᠩ᠋ᠬᠠᠷᠠᠵᠠᠢ᠂ ᠨᠠᠮᠠᠶᠢ ᠠᠯᠪᠠᠳᠠᠵᠤ ᠡᠢᠮᠦ ᠪᠣᠯᠭᠠᠭᠰᠠᠨ ᠨᠢ ᠲᠠ ᠨᠠᠷ ᠰᠢᠦ ᠳᠠ᠃ ᠦᠨᠡᠨ ᠳᠡᠭᠡᠨ ᠲᠠ ᠨᠠᠷ ᠨᠠᠮᠠᠶᠢ ᠰᠠᠢᠰᠢᠶᠠᠬᠤ ᠶᠣᠰᠣᠲᠠᠢ ᠪᠠᠢᠭᠰᠠᠨ᠃ ᠤᠴᠢᠷ ᠨᠢ᠂ ᠪᠢ ᠶᠠᠭᠤ ᠴᠤ ᠪᠢᠰᠢ ᠪᠣᠯᠪᠠᠴᠤ ᠲᠡᠳᠡᠭᠡᠷ ᠠᠭᠤᠤ ᠶᠡᠬᠡ ᠰᠢᠳᠠᠷ ᠱᠠᠪᠢ ᠭᠡᠭᠴᠢ ᠡᠴᠡ ᠶᠠᠭᠤ ᠪᠠᠷ ᠴᠤ ᠳᠤᠲᠠᠭᠰᠠᠨ ᠦᠭᠡᠢ ᠶᠤᠮ᠃ 12 ᠪᠢ ᠲᠠ ᠨᠠᠷ ᠤᠨ ᠳᠤᠮᠳᠠ ᠪᠠᠢᠬᠤ ᠳᠠᠭᠠᠨ ᠦᠨᠡᠨ ᠰᠢᠳᠠᠷ ᠱᠠᠪᠢ ᠶᠢᠨ ᠲᠡᠮᠳᠡᠭ ᠤᠳ᠂ ᠲᠤᠬᠠᠢᠯᠠᠪᠠᠯ ᠰᠢᠳᠢ ᠲᠡᠮᠳᠡᠭ᠂ ᠭᠠᠢᠬᠠᠮᠰᠢᠭ ᠪᠠ ᠬᠦᠴᠦᠲᠦ ᠦᠢᠯᠡᠰ ᠢ ᠬᠠᠮᠤᠭ ᠲᠡᠪᠴᠢᠶᠡᠷᠢ ᠪᠠᠷ ᠦᠵᠡᠭᠦᠯᠦᠭᠰᠡᠨ᠃ 13 ᠲᠠ ᠨᠠᠷ ᠪᠤᠰᠤᠳ ᠴᠢᠭᠤᠯᠭᠠᠨ ᠠᠴᠠ ᠶᠠᠭᠤ ᠪᠠᠷ ᠢᠶᠠᠨ ᠳᠤᠲᠠᠭᠤᠳᠠᠭᠰᠠᠨ ᠶᠤᠮ ᠪᠤᠢ︖ ᠲᠠ ᠨᠠᠷ ᠲᠤ ᠲᠡᠭᠡᠭᠡᠷ᠎ᠡ ᠪᠣᠯᠣᠭ᠎ᠠ ᠦᠭᠡᠢ ᠪᠠᠷ ᠮᠢᠨᠢ ᠳᠤᠲᠠᠭᠤᠳᠠᠭᠰᠠᠨ ᠶᠤᠮ ᠪᠣᠯ᠂ ᠲᠡᠷᠡ ᠵᠥᠪ ᠪᠤᠰᠤ ᠶᠢ ᠥᠷᠥᠰᠢᠶᠡᠭᠡᠴᠢ︕
14 ᠠᠩ᠋ᠬᠠᠷᠤᠭᠲᠤᠨ᠂ ᠪᠢ ᠭᠤᠷᠪᠠᠳᠠᠬᠢ ᠤᠳᠠᠭ᠎ᠠ ᠪᠠᠨ ᠲᠠᠨ ᠤ ᠲᠡᠨᠳᠡ ᠣᠴᠢᠬᠤ ᠪᠠᠷ ᠪᠡᠯᠡᠬᠡᠨ ᠪᠠᠢᠨ᠎ᠠ᠃ ᠭᠡᠪᠡᠴᠦ ᠲᠠ ᠨᠠᠷ ᠲᠤ ᠲᠡᠭᠡᠭᠡᠷ᠎ᠡ ᠪᠣᠯᠬᠤ ᠦᠭᠡᠢ᠂ ᠤᠴᠢᠷ ᠨᠢ᠂ ᠡᠷᠢᠵᠦ ᠪᠠᠢᠭ᠎ᠠ ᠮᠢᠨᠢ ᠲᠠ ᠨᠠᠷ ᠤᠨ ᠶᠠᠭᠤᠮᠠᠰ ᠪᠢᠰᠢ᠂ ᠬᠠᠷᠢᠨ ᠲᠠ ᠨᠠᠷ ᠪᠢᠯᠡ᠃ ᠬᠡᠦᠬᠡᠳ ᠤᠳ ᠨᠢ ᠡᠴᠢᠭᠡ ᠡᠬᠡ ᠳᠡᠭᠡᠨ ᠪᠢᠰᠢ᠂ ᠬᠠᠷᠢᠨ ᠡᠴᠢᠭᠡ ᠡᠬᠡ ᠨᠢ ᠬᠡᠦᠬᠡᠳ ᠤᠳ ᠲᠡᠭᠡᠨ ᠨᠥᠭᠡᠴᠡᠯᠡᠳᠡᠭ᠃ 15 ᠲᠠ ᠨᠠᠷ ᠤᠨ ᠲᠥᠯᠥᠭᠡ ᠪᠢ ᠪᠦᠬᠦᠨ ᠢᠶᠡᠨ ᠳᠤᠷᠠᠲᠠᠶ᠎ᠠ ᠵᠠᠷᠤᠴᠠᠭᠤᠯᠤᠶᠠ᠂ ᠪᠡᠶ᠎ᠡ ᠪᠡᠨ ᠴᠤ ᠵᠣᠷᠢᠭᠤᠯᠤᠶ᠎ᠠ᠃ ᠪᠢ ᠲᠠ ᠨᠠᠷ ᠢ ᠬᠠᠢᠷᠠᠯᠠᠬᠤ ᠲᠤᠰᠤᠮ ᠲᠠ ᠨᠠᠷ ᠤᠯᠠᠮ ᠬᠠᠢᠷ᠎ᠠ ᠦᠭᠡᠢ ᠪᠣᠯᠬᠤ ᠨᠢ ᠤᠤ︖ 16 ᠶᠠᠭᠤ ᠴᠤ ᠭᠡᠰᠡᠨ ᠪᠢ ᠲᠠ ᠨᠠᠷ ᠤᠨ ᠠᠴᠢᠶᠠᠯᠠᠯ ᠪᠣᠯᠣᠭᠰᠠᠨ ᠦᠭᠡᠢ᠃ ᠬᠠᠷᠢᠨ ᠪᠢ ᠵᠠᠯᠢᠲᠠᠢ ᠬᠥᠮᠦᠨ ᠪᠣᠯᠵᠤ ᠠᠷᠭ᠎ᠠ ᠮᠡᠬᠡ ᠪᠡᠷ ᠲᠠ ᠨᠠᠷ ᠢ ᠠᠳᠬᠤᠭᠰᠠᠨ ᠭᠡᠨ᠎ᠡ᠂ 17 ᠲᠠ ᠨᠠᠷ ᠲᠤ ᠢᠯᠡᠭᠡᠭᠰᠡᠨ ᠬᠥᠮᠦᠰ ᠦᠨ ᠢᠶᠠᠨ ᠬᠡᠨ ᠢᠶᠡᠷ ᠨᠢ ᠪᠢ ᠲᠠ ᠨᠠᠷ ᠢ ᠮᠥᠯᠵᠢᠭᠦᠯᠬᠦ ᠭᠡᠰᠡᠨ ᠪᠤᠢ︖ 18 ᠪᠢ ᠲᠢᠲ ᠢ ᠢᠳᠬᠠᠵᠤ ᠨᠢᠭᠡ ᠳᠡᠭᠦᠦ ᠲᠠᠢ ᠬᠠᠮᠲᠤ ᠶᠠᠪᠤᠭᠤᠯᠤᠭᠰᠠᠨ ᠯᠠ ᠳᠠ᠃ ᠲᠢᠲ ᠲᠠ ᠨᠠᠷ ᠢ ᠮᠥᠯᠵᠢᠭᠰᠡᠨ ᠤᠤ︖ ᠲᠡᠷᠡ ᠪᠢᠳᠡ ᠬᠣᠶᠠᠭᠤᠯᠠ ᠪᠠᠨ ᠨᠢᠭᠡ ᠰᠡᠳᠬᠢᠯ ᠲᠠᠢ ᠪᠠᠢᠭᠰᠠᠨ ᠪᠢᠰᠢ ᠤᠤ︖ ᠨᠢᠭᠡ ᠮᠥᠷ ᠢᠶᠡᠷ ᠶᠠᠪᠤᠭᠰᠠᠨ ᠪᠢᠰᠢ ᠤᠤ︖
19 ᠲᠠ ᠨᠠᠷ ᠪᠢᠳᠡᠨ ᠢ ᠪᠡᠶ᠎ᠡ ᠪᠡᠨ ᠥᠮᠥᠭᠯᠡᠵᠦ ᠪᠠᠢᠨ᠎ᠠ ᠭᠡᠵᠦ ᠪᠣᠳᠣᠭᠰᠠᠭᠠᠷ ᠪᠠᠢᠨ᠎ᠠ ᠤᠤ︖ ᠬᠠᠢᠷᠠᠲᠤ ᠨᠤᠭᠤᠳ ᠡ᠂ ᠪᠢᠳᠡ ᠪᠤᠷᠬᠠᠨ ᠤ ᠡᠮᠦᠨ᠎ᠡ᠂ ᠾᠷᠢᠰᠲ᠋ᠣᠰ ᠤᠨ ᠳᠣᠲᠣᠷ᠎ᠠ ᠶᠠᠷᠢᠵᠤ ᠪᠠᠢᠨ᠎ᠠ᠃ ᠡᠨᠡ ᠪᠦᠬᠦᠨ ᠲᠠ ᠨᠠᠷ ᠢ ᠪᠣᠰᠬᠠᠨ ᠪᠠᠢᠭᠤᠯᠬᠤ ᠶᠢᠨ ᠲᠥᠯᠥᠭᠡ ᠶᠤᠮ᠃ 20 ᠪᠢ ᠣᠴᠢᠭᠠᠳ ᠲᠠ ᠨᠠᠷ ᠢ ᠮᠢᠨᠦ ᠬᠦᠰᠡᠭᠰᠡᠨ ᠢᠶᠡᠷ ᠪᠣᠯᠣᠭ᠎ᠠ ᠦᠭᠡᠢ ᠶᠢ ᠬᠠᠷᠠᠵᠤ᠂ ᠲᠠ ᠨᠠᠷ ᠲᠤ ᠴᠤ ᠬᠦᠰᠡᠭᠰᠡᠨ ᠡᠴᠡ ᠴᠢᠨᠢ ᠣᠨᠳᠣᠣ ᠪᠠᠷ ᠬᠠᠷᠠᠭᠳᠠᠬᠤ ᠠᠴᠠ ᠠᠶᠤᠵᠤ ᠪᠠᠢᠨ᠎ᠠ᠃ ᠮᠥᠨ ᠬᠠᠭᠠᠷᠠᠯ᠂ ᠠᠲᠠᠭᠠᠷᠬᠠᠯ᠂ ᠠᠭᠤᠷ ᠬᠢᠯᠢᠩ᠂ ᠪᠦᠯᠦᠭᠯᠡᠯ᠂ ᠭᠦᠳᠬᠡᠯ᠂ ᠬᠣᠪ ᠵᠢᠪ᠂ ᠣᠮᠣᠷᠬᠠᠭ ᠪᠠ ᠦᠢᠮᠡᠭᠡᠨ ᠪᠠᠢᠬᠤ ᠮᠠᠭᠠᠳ ᠦᠭᠡᠢ ᠭᠡᠵᠦ ᠠᠶᠤᠵᠤ ᠪᠠᠢᠨ᠎ᠠ᠃ 21 ᠮᠥᠨ ᠳᠠᠬᠢᠨ ᠣᠴᠢᠬᠤ ᠦᠶ᠎ᠡ ᠳᠡᠭᠡᠨ ᠮᠢᠨᠦ ᠪᠤᠷᠬᠠᠨ ᠨᠠᠮᠠᠶᠢ ᠲᠠ ᠨᠠᠷ ᠤᠨ ᠡᠮᠦᠨ᠎ᠡ ᠢᠴᠢᠭᠡᠬᠦ ᠡᠴᠡ᠂ ᠪᠠᠰᠠ ᠥᠩᠭᠡᠷᠡᠭᠰᠡᠨ ᠳᠦ ᠭᠡᠮ ᠨᠢᠭᠦᠯ ᠬᠢᠭᠰᠡᠨ ᠣᠯᠠᠨ ᠬᠥᠮᠦᠨ ᠦ ᠦᠢᠯᠡᠳᠦᠭᠰᠡᠨ ᠴᠡᠪᠡᠷ ᠪᠤᠰᠤ ᠶᠠᠪᠤᠳᠠᠯ ᠪᠠ ᠵᠠᠪᠬᠠᠢᠷᠠᠯ᠂ ᠢᠴᠢᠭᠦᠷᠢ ᠪᠠᠨ ᠭᠡᠮᠰᠢᠭᠡ ᠦᠭᠡᠢ ᠳᠦ ᠭᠠᠰᠢᠭᠤᠳᠠᠬᠤ ᠠᠴᠠ ᠪᠠᠨ ᠪᠢ ᠰᠠᠨᠠᠭ᠎ᠠ ᠵᠣᠪᠠᠵᠤ ᠪᠠᠢᠨ᠎ᠠ᠃