ᠲᠣᠭᠠᠯᠠᠯᠭ᠎ᠠ ᠭᠤᠴᠢᠨ ᠲᠠᠪᠤ
ᠯᠧᠸᠢᠴᠦᠳ ᠦᠨ ᠬᠣᠲᠠ ᠲᠣᠰᠬᠣᠳ
1 ᠶᠧᠷᠢᠺᠣ ᠶᠢᠨ ᠬᠠᠷᠠᠯᠳᠤᠭ᠎ᠠ᠂ ᠶᠣᠷᠳᠠᠨ ᠤ ᠳᠡᠷᠭᠡᠳᠡ ᠮᠣᠶᠠᠪ ᠤᠨ ᠲᠠᠯ᠎ᠠ ᠳᠤ ᠶᠣᠬᠣᠸᠠ ᠮᠣᠰᠧ ᠳᠤ ᠠᠢᠯᠠᠳᠤᠨ᠄ 2 《ᠴᠢ ᠢᠰᠷᠧᠯᠴᠦᠳ ᠲᠦ ᠥᠪᠯᠡᠨ ᠡᠵᠡᠮᠰᠢᠬᠦ ᠭᠠᠵᠠᠷ ᠠᠴᠠ ᠪᠠᠨ ᠯᠧᠸᠢᠴᠦᠳ ᠦᠨ ᠰᠠᠭᠤᠷᠢᠰᠢᠬᠤ ᠬᠣᠲᠠ ᠨᠤᠭᠤᠳ ᠢ ᠰᠠᠯᠭᠠᠨ ᠠᠪᠴᠤ᠂ ᠲᠡᠷᠡ ᠬᠣᠲᠠ ᠨᠤᠭᠤᠳ ᠤᠨ ᠡᠷᠭᠢᠨ ᠲᠣᠭᠣᠷᠢᠨ ᠳᠠᠬᠢ ᠪᠡᠯᠴᠢᠭᠡᠷ ᠲᠡᠢ ᠨᠢ ᠬᠠᠮᠲᠤ ᠯᠧᠸᠢᠴᠦᠳ ᠲᠦ ᠥᠭᠬᠦ ᠶᠢ ᠵᠠᠬᠢ᠃ 3 ᠲᠡᠢᠨ ᠬᠦ ᠯᠧᠸᠢᠴᠦᠳ ᠴᠤ ᠰᠠᠭᠤᠷᠢᠰᠢᠬᠤ ᠬᠣᠲᠠ ᠳᠠᠭᠠᠨ ᠮᠠᠯ ᠰᠦᠷᠦᠭ ᠬᠠᠮᠤᠭ ᠠᠮᠢᠲᠠᠨ ᠢᠶᠠᠨ ᠲᠡᠵᠢᠭᠡᠬᠦ ᠪᠡᠯᠴᠢᠭᠡᠷ ᠲᠡᠢ ᠪᠠᠢᠬᠤ ᠪᠣᠯᠣᠨ᠎ᠠ᠃ 4 ᠯᠧᠸᠢᠴᠦᠳ ᠲᠦ ᠬᠣᠲᠠ ᠨᠤᠭᠤᠳ ᠲᠠᠢ ᠬᠠᠮᠲᠤ ᠥᠭᠬᠦ ᠪᠡᠯᠴᠢᠭᠡᠷ ᠤᠳ ᠨᠢ ᠬᠣᠲᠠ ᠪᠦᠷᠢ ᠶᠢᠨ ᠬᠡᠷᠡᠮ ᠡᠴᠡ ᠭᠠᠳᠠᠭᠰᠢ ᠳᠥᠷᠪᠡᠨ ᠲᠠᠯ᠎ᠠ ᠲᠡᠰᠢ ᠲᠤᠰ ᠪᠦᠷᠢ ᠮᠢᠩ᠋ᠭᠠᠨ ᠲᠣᠬᠣᠢ ᠵᠠᠢ ᠲᠠᠢ ᠲᠣᠭᠣᠷᠢᠭᠤᠯᠤᠭᠰᠠᠨ ᠬᠦᠷᠢᠶ᠎ᠡ ᠶᠤᠮ᠃ 5 ᠬᠣᠲᠠ ᠪᠠᠷ ᠲᠥᠪ ᠪᠣᠯᠭᠠᠨ ᠬᠣᠲᠠ ᠠᠴᠠ ᠭᠠᠳᠠᠭᠰᠢ᠂ ᠵᠡᠭᠦᠨ ᠲᠠᠯ᠎ᠠ ᠳᠤ ᠬᠣᠶᠠᠷ ᠮᠢᠩ᠋ᠭᠠᠨ ᠲᠣᠬᠣᠢ᠂ ᠡᠮᠦᠨ᠎ᠡ ᠲᠠᠯ᠎ᠠ ᠳᠤ ᠬᠣᠶᠠᠷ ᠮᠢᠩ᠋ᠭᠠᠨ ᠲᠣᠬᠣᠢ᠂ ᠪᠠᠷᠠᠭᠤᠨ ᠲᠠᠯ᠎ᠠ ᠳᠤ ᠬᠣᠶᠠᠷ ᠮᠢᠩ᠋ᠭᠠᠨ ᠲᠣᠬᠣᠢ᠂ ᠬᠣᠢᠨ᠎ᠠ ᠲᠠᠯ᠎ᠠ ᠳᠤ ᠬᠣᠶᠠᠷ ᠮᠢᠩ᠋ᠭᠠᠨ ᠲᠣᠬᠣᠢ ᠶᠢ ᠬᠡᠮᠵᠢᠭᠡᠷᠡᠢ᠃ ᠡᠨᠡ ᠨᠢ ᠲᠡᠳᠡᠨ ᠦ ᠬᠣᠲᠠ ᠨᠤᠭᠤᠳ ᠤᠨ ᠪᠡᠯᠴᠢᠭᠡᠷ ᠶᠤᠮ᠃
ᠬᠣᠷᠭᠣᠳᠠᠬᠤ ᠬᠣᠲᠠ ᠨᠤᠭᠤᠳ
6 ᠲᠠ ᠨᠠᠷ ᠤᠨ ᠯᠧᠸᠢᠴᠦᠳ ᠲᠦ ᠥᠭᠬᠦ ᠬᠣᠲᠠ ᠨᠤᠭᠤᠳ ᠠᠴᠠ ᠵᠢᠷᠭᠤᠭ᠎ᠠ ᠨᠢ ᠠᠮᠢᠨ ᠬᠡᠷᠡᠭᠲᠡᠨ ᠦ ᠵᠢᠭᠤᠲᠠᠨ ᠣᠴᠢᠬᠤ ᠬᠣᠷᠭᠣᠳᠠᠬᠤ ᠬᠣᠲᠠ ᠪᠣᠯᠣᠨ᠎ᠠ᠃ ᠡᠭᠦᠨ ᠡᠴᠡ ᠭᠠᠳᠠᠨ᠎ᠠ ᠲᠡᠳᠡᠨ ᠳᠦ ᠳᠥᠴᠢᠨ ᠬᠣᠶᠠᠷ ᠬᠣᠲᠠ ᠥᠭᠬᠦ ᠶᠣᠰᠣᠲᠠᠢ᠃ 7 ᠡᠢᠨ ᠬᠦ ᠨᠡᠢᠲᠡ ᠳᠥᠴᠢᠨ ᠨᠠᠢ᠌ᠮᠠᠨ ᠬᠣᠲᠠ ᠶᠢ ᠪᠡᠯᠴᠢᠭᠡᠷ ᠤᠳ ᠲᠠᠢ ᠨᠢ ᠬᠠᠮᠲᠤ ᠯᠧᠸᠢᠴᠦᠳ ᠲᠦ ᠥᠭᠬᠦ ᠶᠣᠰᠣᠲᠠᠢ᠃ 8 ᠢᠰᠷᠧᠯᠴᠦᠳ ᠦᠨ ᠡᠵᠡᠮᠰᠢᠭᠰᠡᠨ ᠭᠠᠵᠠᠷ ᠠᠴᠠ ᠯᠧᠸᠢᠴᠦᠳ ᠲᠦ ᠥᠭᠬᠦ ᠬᠣᠲᠠ ᠶᠢᠨ ᠲᠣᠭ᠎ᠠ ᠨᠢ ᠣᠪᠣᠭ ᠪᠦᠷᠢ ᠤᠨ ᠥᠪ ᠡᠴᠡ ᠨᠢ ᠰᠢᠯᠲᠠᠭᠠᠯᠠᠨ᠎ᠠ᠃ ᠥᠪ ᠶᠡᠬᠡ ᠲᠠᠢ ᠠᠴᠠ ᠨᠢ ᠣᠯᠠᠨ ᠢ᠂ ᠥᠪ ᠪᠠᠭ᠎ᠠ ᠲᠠᠢ ᠠᠴᠠ ᠨᠢ ᠴᠥᠭᠡᠨ ᠢ ᠠᠪᠴᠤ ᠥᠭ》 ᠭᠡᠯᠡ᠃
9 ᠶᠣᠬᠣᠸᠠ ᠮᠣᠰᠧ ᠳᠤ ᠠᠢᠯᠠᠳᠤᠨ᠄ 10 《ᠢᠰᠷᠧᠯᠴᠦᠳ ᠲᠦ ᠵᠠᠬᠢ᠄ ᠲᠠ ᠨᠠᠷ ᠶᠣᠷᠳᠠᠨ ᠢ ᠭᠠᠲᠤᠯᠤᠨ ᠺᠠᠨᠠᠨ ᠨᠤᠲᠤᠭ ᠤᠷᠤᠭᠤ ᠣᠷᠣᠪᠠᠯ᠂ 11 ᠬᠡᠳᠦᠨ ᠬᠣᠲᠠ ᠶᠢ ᠲᠠ ᠨᠠᠷ ᠤᠨ ᠬᠣᠷᠭᠣᠳᠠᠬᠤ ᠬᠣᠲᠠ ᠪᠣᠯᠭᠠᠨ ᠰᠣᠩ᠋ᠭᠣᠨ ᠠᠪᠴᠤ᠂ ᠰᠠᠨᠠᠮᠰᠠᠷ ᠦᠭᠡᠢ ᠪᠠᠷ ᠬᠥᠮᠦᠨ ᠠᠯᠠᠭᠰᠠᠨ ᠨᠢᠭᠡᠨ ᠢᠶᠡᠨ ᠲᠡᠰᠢ ᠨᠢ ᠵᠢᠭᠤᠲᠠᠭᠤᠯ᠃ 12 ᠲᠡᠳᠡᠭᠡᠷ ᠬᠣᠲᠠ ᠨᠤᠭᠤᠳ ᠨᠢ ᠲᠠ ᠨᠠᠷ ᠤᠨ ᠥᠰᠢᠶ᠎ᠡ ᠠᠪᠤᠭᠴᠢ ᠡᠴᠡ ᠪᠡᠨ ᠬᠣᠷᠭᠣᠳᠠᠬᠤ ᠭᠠᠵᠠᠷ ᠪᠣᠯᠣᠨ᠎ᠠ᠃ ᠠᠮᠢᠨ ᠬᠡᠷᠡᠭᠲᠡᠨ ᠴᠤ ᠨᠡᠢᠲᠡ ᠴᠢᠭᠤᠯᠭᠠᠨ ᠤ ᠡᠮᠦᠨ᠎ᠡ ᠵᠣᠭᠰᠣᠭᠠᠳ ᠰᠢᠭᠦᠭᠳᠡᠬᠦ ᠡᠴᠡ ᠪᠡᠨ ᠡᠮᠦᠨ᠎ᠡ ᠠᠯᠠᠭᠳᠠᠬᠤ ᠦᠭᠡᠢ ᠪᠠᠢᠬᠤ ᠪᠣᠯᠣᠨ᠎ᠠ᠃
13 ᠲᠠ ᠨᠠᠷ ᠬᠣᠲᠠ ᠨᠤᠭᠤᠳ ᠠᠴᠠ ᠪᠠᠨ ᠵᠢᠷᠭᠤᠭ᠎ᠠ ᠶᠢ ᠨᠢ ᠥᠪᠡᠷᠰᠡᠳ ᠦᠨ ᠬᠣᠷᠭᠣᠳᠠᠬᠤ ᠬᠣᠲᠠ ᠪᠣᠯᠭᠠᠵᠤ᠂ 14 ᠭᠤᠷᠪᠠ ᠶᠢ ᠨᠢ ᠶᠣᠷᠳᠠᠨ ᠤ ᠵᠡᠭᠦᠨ ᠲᠠᠯ᠎ᠠ᠂ ᠭᠤᠷᠪᠠ ᠶᠢ ᠨᠢ ᠺᠠᠨᠠᠨ ᠨᠤᠲᠤᠭ ᠲᠤ ᠪᠠᠢᠯᠭᠠᠭᠠᠷᠠᠢ᠃ ᠡᠳᠡᠭᠡᠷ ᠨᠢ ᠬᠣᠷᠭᠣᠳᠠᠬᠤ ᠬᠣᠲᠠ ᠶᠤᠮ᠃ 15 ᠡᠳᠡᠭᠡᠷ ᠵᠢᠷᠭᠤᠭᠠᠨ ᠬᠣᠲᠠ ᠨᠢ ᠢᠰᠷᠧᠯᠴᠦᠳ᠂ ᠮᠥᠨ ᠲᠡᠳᠡᠨ ᠦ ᠳᠤᠮᠳᠠ ᠪᠠᠢᠩ᠋ᠭᠤ᠂ ᠡᠰᠡᠪᠡᠯ ᠲᠦᠷ ᠰᠠᠭᠤᠳᠠᠭ ᠬᠠᠷᠢᠴᠤᠳ ᠲᠤ ᠴᠤ ᠬᠣᠷᠭᠣᠳᠠᠬᠤ ᠭᠠᠵᠠᠷ ᠪᠣᠯᠣᠨ᠎ᠠ᠃ ᠰᠠᠨᠠᠮᠰᠠᠷ ᠦᠭᠡᠢ ᠪᠠᠷ ᠬᠥᠮᠦᠨ ᠠᠯᠠᠭᠰᠠᠨ ᠪᠣᠯᠭᠠᠨ ᠲᠡᠰᠢ ᠵᠢᠭᠤᠲᠠᠨ ᠣᠴᠢᠵᠤ ᠪᠣᠯᠣᠨ᠎ᠠ᠃
16 ᠭᠡᠪᠡᠴᠦ ᠬᠡᠨ ᠨᠢᠭᠡᠨ ᠨᠢ ᠲᠡᠮᠦᠷ ᠦᠨ ᠵᠦᠢᠯ ᠢᠶᠠᠷ ᠨᠢᠭᠡᠨ ᠢᠶᠡᠨ ᠴᠣᠬᠢᠵᠤ ᠦᠬᠦᠯ ᠳᠦ ᠬᠦᠷᠭᠡᠪᠡᠯ᠂ ᠲᠡᠷᠡ ᠪᠣᠯ ᠠᠯᠠᠭᠤᠷᠴᠢᠨ ᠮᠥᠨ᠃ ᠡᠢᠮᠦ ᠠᠯᠠᠭᠤᠷᠴᠢᠨ ᠵᠠᠪᠠᠯ ᠴᠠᠭᠠᠵᠠᠯᠠᠭᠤᠯᠬᠤ ᠶᠣᠰᠣᠲᠠᠢ᠃ 17 ᠬᠡᠷᠪᠡ ᠬᠥᠮᠦᠨ ᠢ ᠦᠬᠦᠭᠦᠯᠵᠦ ᠮᠡᠳᠡᠬᠦ ᠴᠢᠯᠠᠭᠤ ᠭᠠᠷ ᠲᠠᠭᠠᠨ ᠪᠠᠷᠢᠨ ᠨᠢᠭᠡᠨ ᠢᠶᠡᠨ ᠴᠣᠬᠢᠵᠤ ᠦᠬᠦᠯ ᠳᠦ ᠬᠦᠷᠭᠡᠪᠡᠯ᠂ ᠲᠡᠷᠡ ᠪᠣᠯ ᠠᠯᠠᠭᠤᠷᠴᠢᠨ ᠮᠥᠨ᠃ ᠡᠢᠮᠦ ᠠᠯᠠᠭᠤᠷᠴᠢᠨ ᠵᠠᠪᠠᠯ ᠴᠠᠭᠠᠵᠠᠯᠠᠭᠤᠯᠬᠤ ᠶᠣᠰᠣᠲᠠᠢ᠃ 18 ᠪᠠᠰᠠ ᠬᠥᠮᠦᠨ ᠢ ᠦᠬᠦᠭᠦᠯᠵᠦ ᠮᠡᠳᠡᠬᠦ᠂ ᠮᠣᠳᠣᠨ ᠤ ᠵᠦᠢᠯ ᠢ ᠭᠠᠷ ᠲᠠᠭᠠᠨ ᠪᠠᠷᠢᠨ ᠨᠢᠭᠡᠨ ᠢᠶᠡᠨ ᠦᠬᠦᠯ ᠳᠦ ᠬᠦᠷᠭᠡᠪᠡᠯ᠂ ᠲᠡᠷᠡ ᠪᠣᠯ ᠠᠯᠠᠭᠤᠷᠴᠢᠨ ᠮᠥᠨ᠃ ᠡᠢᠮᠦ ᠠᠯᠠᠭᠤᠷᠴᠢᠨ ᠵᠠᠪᠠᠯ ᠴᠠᠭᠠᠵᠠᠯᠠᠭᠤᠯᠬᠤ ᠶᠣᠰᠣᠲᠠᠢ᠃ 19 ᠲᠡᠷᠡ ᠠᠯᠠᠭᠤᠷᠴᠢᠨ ᠢ ᠨᠥᠭᠥᠭᠡ ᠬᠥᠮᠦᠨ ᠦ ᠴᠢᠰᠤᠨ ᠥᠰᠢᠶ᠎ᠡ ᠠᠪᠤᠭᠴᠢ ᠠᠯᠠᠬᠤ ᠤᠴᠢᠷ ᠲᠠᠢ᠂ ᠲᠡᠭᠦᠨ ᠲᠡᠢ ᠤᠴᠠᠷᠠᠬᠤ ᠦᠶ᠎ᠡ ᠳᠡᠭᠡᠨ ᠠᠯᠠᠬᠤ ᠪᠣᠯᠣᠨ᠎ᠠ᠃ 20 ᠲᠡᠭᠦᠨᠴᠢᠯᠡᠨ ᠨᠢᠭᠡ ᠶᠢ ᠪᠠᠨ ᠦᠵᠡᠨ ᠶᠠᠳᠠᠭᠰᠠᠨ ᠠᠴᠠ ᠪᠣᠯᠵᠤ ᠲᠦᠯᠬᠢᠬᠦ᠂ ᠡᠰᠡᠪᠡᠯ ᠲᠡᠭᠦᠨ ᠤᠷᠤᠭᠤ ᠶᠠᠮᠠᠷ ᠨᠢᠭᠡ ᠵᠦᠢᠯ ᠢ ᠵᠣᠷᠢᠭᠤᠳᠠ ᠰᠢᠳᠡᠵᠦ ᠲᠡᠭᠦᠨ ᠢ ᠦᠬᠦᠯ ᠳᠦ ᠬᠦᠷᠭᠡᠬᠦ᠂ 21 ᠡᠰᠡᠪᠡᠯ ᠥᠰ ᠬᠣᠨᠵᠢᠩ ᠰᠠᠨᠠᠨ᠂ ᠨᠢᠳᠤᠷᠭ᠎ᠠ ᠪᠠᠷ ᠢᠶᠠᠨ ᠴᠣᠬᠢᠵᠤ᠂ ᠲᠡᠭᠦᠨ ᠢ ᠦᠬᠦᠯ ᠳᠦ ᠬᠦᠷᠭᠡᠪᠡᠯ᠂ ᠴᠣᠬᠢᠭᠰᠠᠨ ᠬᠥᠮᠦᠨ ᠨᠢ ᠠᠯᠠᠭᠤᠷᠴᠢᠨ ᠮᠥᠨ᠃ ᠲᠡᠷᠡ ᠪᠡᠷ ᠵᠠᠪᠠᠯ ᠴᠠᠭᠠᠵᠠᠯᠠᠭᠤᠯᠬᠤ ᠶᠣᠰᠣᠲᠠᠢ᠃ ᠴᠢᠰᠤᠨ ᠥᠰᠢᠶ᠎ᠡ ᠠᠪᠤᠭᠴᠢ ᠨᠢ ᠠᠯᠠᠭᠤᠷᠴᠢᠨ ᠲᠠᠢ ᠤᠴᠠᠷᠠᠬᠤ ᠦᠶ᠎ᠡ ᠳᠡᠭᠡᠨ ᠲᠡᠭᠦᠨ ᠢ ᠠᠯᠠᠬᠤ ᠪᠣᠯᠣᠨ᠎ᠠ᠃
22 ᠬᠠᠷᠢᠨ ᠨᠢᠭᠡᠨ ᠢᠶᠡᠨ ᠥᠰ ᠬᠣᠨᠵᠢᠩ ᠰᠠᠨᠠᠯ ᠦᠭᠡᠢ ᠪᠠᠷ ᠭᠡᠨᠡᠳᠲᠡ ᠲᠦᠯᠬᠢᠭᠰᠡᠨ᠂ ᠡᠰᠡᠪᠡᠯ ᠶᠠᠮᠠᠷ ᠨᠢᠭᠡ ᠵᠦᠢᠯ ᠢ ᠰᠠᠨᠠᠭᠠᠨ ᠳᠤ ᠦᠭᠡᠢ ᠪᠠᠷ ᠲᠡᠭᠦᠨ ᠤᠷᠤᠭᠤ ᠰᠢᠳᠡᠭᠰᠡᠨ᠂ 23 ᠡᠰᠡᠪᠡᠯ ᠲᠡᠭᠦᠨ ᠢ ᠬᠠᠷᠠᠯ ᠦᠭᠡᠢ ᠪᠠᠷ ᠦᠬᠦᠭᠦᠯᠵᠦ ᠮᠡᠳᠡᠬᠦ ᠴᠢᠯᠠᠭᠤ ᠶᠢ ᠳᠡᠭᠡᠷ᠎ᠡ ᠡᠴᠡ ᠨᠢ ᠤᠨᠠᠭᠠᠭᠰᠠᠨ ᠠᠴᠠ ᠪᠣᠯᠵᠤ ᠥᠨᠥᠬᠢ ᠬᠥᠮᠦᠨ ᠦᠬᠦᠭᠰᠡᠨ ᠲᠣᠬᠢᠶᠠᠯᠳᠤᠯ ᠳᠤ᠂ ᠳᠠᠢᠰᠤᠩᠨᠠᠯ ᠴᠤ ᠦᠭᠡᠢ᠂ ᠬᠣᠣᠷ ᠬᠦᠷᠭᠡᠬᠦ ᠰᠠᠨᠠᠭ᠎ᠠ ᠴᠤ ᠦᠭᠡᠢ ᠪᠣᠯᠬᠣᠷ 24 ᠨᠡᠢᠲᠡ ᠴᠢᠭᠤᠯᠭᠠᠨ ᠡᠳᠡᠭᠡᠷ ᠬᠠᠤᠯᠢ ᠶᠣᠰᠣ ᠶᠢᠨ ᠳᠠᠭᠠᠤ ᠠᠮᠢᠨ ᠬᠡᠷᠡᠭᠲᠡᠨ ᠪᠣᠯᠣᠨ ᠴᠢᠰᠤᠨ ᠥᠰᠢᠶ᠎ᠡ ᠠᠪᠤᠭᠴᠢ ᠶᠢᠨ ᠬᠣᠭᠣᠷᠣᠨᠳᠣᠬᠢ ᠶᠢ ᠰᠢᠭᠦᠬᠦ ᠶᠣᠰᠣᠲᠠᠢ᠃ 25 ᠨᠡᠢᠲᠡ ᠴᠢᠭᠤᠯᠭᠠᠨ ᠠᠮᠢᠨ ᠬᠡᠷᠡᠭᠲᠡᠨ ᠢ ᠴᠢᠰᠤᠨ ᠥᠰᠢᠶ᠎ᠡ ᠠᠪᠤᠭᠴᠢ ᠡᠴᠡ ᠬᠠᠮᠠᠭᠠᠯᠠᠨ ᠲᠡᠭᠦᠨ ᠦ ᠵᠢᠭᠤᠲᠠᠨ ᠣᠴᠢᠭᠰᠠᠨ ᠥᠨᠥᠬᠢ ᠬᠣᠷᠭᠣᠳᠠᠬᠤ ᠬᠣᠲᠠ ᠳᠤ ᠪᠤᠴᠠᠭᠠᠬᠤ ᠪᠥᠭᠡᠳ ᠠᠷᠢᠭᠤᠨ ᠲᠣᠰᠣ ᠪᠠᠷ ᠲᠣᠰᠣᠯᠠᠭᠳᠠᠭᠰᠠᠨ ᠲᠡᠷᠢᠭᠦᠨ ᠲᠠᠬᠢᠯᠴᠢ ᠥᠭᠡᠳᠡ ᠪᠣᠯᠲᠠᠯ᠎ᠠ ᠲᠡᠷᠡ ᠬᠥᠮᠦᠨ ᠲᠡᠨᠳᠡ ᠰᠠᠭᠤᠬᠤ ᠪᠣᠯᠣᠨ᠎ᠠ᠃ 26 ᠬᠠᠷᠢᠨ ᠠᠮᠢᠨ ᠬᠡᠷᠡᠭᠲᠡᠨ ᠵᠢᠭᠤᠲᠠᠨ ᠣᠴᠢᠭᠰᠠᠨ ᠬᠣᠷᠭᠣᠳᠠᠬᠤ ᠬᠣᠲᠠ ᠶᠢᠨ ᠢᠶᠠᠨ ᠬᠢᠯᠢ ᠡᠴᠡ ᠭᠠᠳᠠᠭᠰᠢ ᠭᠠᠷᠤᠭᠰᠠᠨ ᠲᠣᠬᠢᠶᠠᠯᠳᠤᠯ ᠳᠤ᠂ 27 ᠴᠢᠰᠤᠨ ᠥᠰᠢᠶ᠎ᠡ ᠠᠪᠤᠭᠴᠢ ᠨᠢ ᠬᠣᠷᠭᠣᠳᠠᠬᠤ ᠬᠣᠲᠠ ᠶᠢᠨ ᠬᠢᠯᠢ ᠶᠢᠨ ᠭᠠᠳᠠᠨ᠎ᠠ ᠲᠡᠭᠦᠨ ᠢ ᠣᠯᠪᠠᠯ᠂ ᠥᠨᠥᠬᠢ ᠬᠡᠷᠡᠭᠲᠡᠨ ᠢ ᠠᠯᠠᠭᠰᠠᠨ ᠴᠤ ᠲᠡᠷᠡ ᠴᠢᠰᠤ ᠤᠷᠤᠰᠬᠠᠭᠰᠠᠨ ᠪᠤᠷᠤᠭᠤ ᠦᠭᠡᠢ᠃ 28 ᠤᠴᠢᠷ ᠨᠢ ᠲᠡᠷᠢᠭᠦᠨ ᠲᠠᠬᠢᠯᠴᠢ ᠥᠭᠡᠳᠡ ᠪᠣᠯᠲᠠᠯ᠎ᠠ ᠲᠡᠷᠡ ᠪᠡᠷ ᠬᠣᠷᠭᠣᠳᠠᠬᠤ ᠬᠣᠲᠠ ᠳᠠᠭᠠᠨ ᠦᠯᠡᠳᠡᠬᠦ ᠶᠣᠰᠣᠲᠠᠢ ᠪᠠᠢᠪᠠ᠃ ᠭᠡᠪᠡᠴᠦ ᠲᠡᠷᠢᠭᠦᠨ ᠲᠠᠬᠢᠯᠴᠢ ᠥᠭᠡᠳᠡ ᠪᠣᠯᠣᠭᠰᠠᠨ ᠤ ᠳᠠᠷᠠᠭ᠎ᠠ᠂ ᠬᠥᠮᠦᠨ ᠦ ᠠᠮᠢᠨ ᠬᠡᠷᠡᠭᠲᠡᠨ ᠡᠵᠡᠮᠰᠢᠯ ᠨᠤᠲᠤᠭ ᠤᠷᠤᠭᠤ ᠪᠠᠨ ᠪᠤᠴᠠᠬᠤ ᠪᠣᠯᠣᠨ᠎ᠠ᠃
29 ᠡᠳᠡᠭᠡᠷ ᠶᠣᠰᠣ ᠵᠢᠷᠤᠮ ᠲᠠ ᠨᠠᠷ ᠤᠨ ᠪᠦᠬᠦ ᠦᠶ᠎ᠡ ᠶᠢᠨ ᠬᠢᠨ ᠳᠤ᠂ ᠰᠠᠭᠤᠬᠤ ᠭᠠᠵᠠᠷ ᠪᠦᠷᠢ ᠳᠤ ᠴᠢᠨᠢ ᠪᠠᠢᠬᠤ ᠪᠣᠯᠲᠤᠭᠠᠢ᠃
30 ᠬᠥᠮᠦᠨ ᠠᠯᠠᠭᠰᠠᠨ ᠬᠡᠷᠡᠭᠲᠡᠨ ᠪᠦᠷᠢ ᠶᠢ ᠭᠡᠷᠡᠴᠢ ᠨᠠᠷ ᠤᠨ ᠠᠮᠠ ᠪᠠᠷ ᠯᠠ ᠴᠠᠭᠠᠵᠠ ᠪᠠᠷ ᠠᠪᠠᠴᠢᠨ᠎ᠠ᠃ ᠬᠠᠷᠢᠨ ᠭᠠᠭᠴᠠᠬᠠᠨ ᠬᠥᠮᠦᠨ ᠦ ᠭᠡᠷᠡᠴᠢ ᠪᠠᠷ ᠬᠥᠮᠦᠨ ᠢ ᠴᠠᠭᠠᠵᠠᠯᠠᠭᠤᠯᠵᠤ ᠪᠣᠯᠬᠤ ᠦᠭᠡᠢ᠃ 31 ᠪᠠᠰᠠ ᠴᠠᠭᠠᠵᠠᠯᠠᠭᠳᠠᠬᠤ ᠶᠠᠯ᠎ᠠ ᠲᠠᠢ ᠠᠯᠠᠭᠤᠷᠴᠢᠨ ᠤ ᠠᠮᠢ ᠶᠢᠨ ᠲᠥᠯᠥᠭᠡ ᠵᠣᠯᠢᠶᠠᠰᠤ ᠠᠪᠴᠤ ᠪᠣᠯᠬᠤ ᠦᠭᠡᠢ᠃ ᠲᠡᠷᠡ ᠵᠠᠪᠠᠯ ᠴᠠᠭᠠᠵᠠᠯᠠᠭᠤᠯᠬᠤ ᠶᠣᠰᠣᠲᠠᠢ᠃ 32 ᠮᠥᠨ ᠲᠡᠷᠢᠭᠦᠨ ᠲᠠᠬᠢᠯᠴᠢ ᠥᠭᠡᠳᠡ ᠪᠣᠯᠬᠤ ᠠᠴᠠ ᠡᠮᠦᠨ᠎ᠡ᠂ ᠬᠣᠷᠭᠣᠳᠠᠬᠤ ᠬᠣᠲᠠ ᠤᠷᠤᠭᠤ ᠪᠠᠨ ᠵᠢᠭᠤᠲᠠᠭᠰᠠᠨ ᠬᠥᠮᠦᠨ ᠦ ᠵᠣᠯᠢᠶᠠᠰᠤ ᠶᠢ ᠠᠪᠤᠨ ᠨᠤᠲᠤᠭ ᠲᠤᠨᠢ ᠰᠠᠭᠤᠯᠭᠠᠬᠤ ᠪᠠᠷ ᠪᠤᠴᠠᠭᠠᠵᠤ ᠪᠣᠯᠬᠤ ᠦᠭᠡᠢ᠃ 33 ᠲᠠ ᠨᠠᠷ ᠥᠪᠡᠷᠰᠡᠳ ᠦᠨ ᠪᠠᠢᠭ᠎ᠠ ᠨᠤᠲᠤᠭ ᠢᠶᠠᠨ ᠪᠦᠦ ᠪᠤᠵᠠᠷᠯᠠ᠃ ᠴᠢᠰᠤ ᠭᠠᠵᠠᠷ ᠢ ᠪᠤᠵᠠᠷᠯᠠᠳᠠᠭ ᠪᠥᠭᠡᠳ ᠭᠠᠵᠠᠷ ᠳᠡᠭᠡᠷ᠎ᠡ ᠴᠢᠰᠤ ᠤᠷᠤᠰᠬᠠᠭᠰᠠᠨ ᠭᠡᠮ ᠦᠨ ᠬᠡᠯᠲᠦᠷᠢᠭᠦᠯᠦᠯᠭᠡ ᠶᠢᠨ ᠲᠥᠯᠥᠭᠡ ᠲᠡᠷᠡ ᠴᠢᠰᠤ ᠶᠢ ᠤᠷᠤᠰᠬᠠᠭᠰᠠᠨ ᠬᠥᠮᠦᠨ ᠦ ᠴᠢᠰᠤᠨ ᠠᠴᠠ ᠥᠭᠡᠷ᠎ᠡ ᠵᠦᠢᠯ ᠪᠣᠯᠬᠤ ᠦᠭᠡᠢ᠃ 34 ᠲᠠ ᠨᠠᠷ ᠥᠪᠡᠷᠰᠡᠳ ᠦᠨ ᠰᠠᠭᠤᠳᠠᠭ᠂ ᠮᠢᠨᠦ ᠴᠤ ᠣᠷᠣᠰᠢᠨ ᠰᠠᠭᠤᠳᠠᠭ ᠡᠨᠡ ᠭᠠᠵᠠᠷ ᠢ ᠪᠦᠦ ᠪᠤᠵᠠᠷᠯᠠ᠃ ᠶᠣᠬᠣᠸᠠ ᠪᠢ ᠢᠰᠷᠧᠯᠴᠦᠳ ᠦᠨ ᠳᠤᠮᠳᠠ ᠣᠷᠣᠰᠢᠨ ᠪᠠᠢᠨ᠎ᠠ︕》 ᠭᠡᠯᠡ᠃