1 2 3 4 5 6 7 8 9 10 11 12 13 14 15 16 17 18 19 20 21 22 23 24 25 26 27 28 29 30 31 32 33 34 35 36


ᠲᠣᠭᠠᠯᠠᠯᠭ᠎ᠠ ᠠᠷᠪᠠᠨ ᠨᠢᠭᠡ
 ᠶᠣᠬᠣᠸᠠ ᠶᠢᠨ ᠢᠯᠡᠭᠡᠭᠰᠡᠨ ᠭᠠᠯ

1 ᠠᠷᠠᠳ ᠲᠦᠮᠡᠨ ᠦ ᠭᠣᠮᠣᠳᠠᠯ ᠭᠠᠷᠭᠠᠭᠰᠠᠨ ᠬᠣᠷᠣᠨ ᠮᠠᠭᠤ ᠦᠭᠡ ᠶᠣᠬᠣᠸᠠ ᠶᠢᠨ ᠰᠣᠨᠣᠷ ᠲᠤ ᠬᠦᠷᠴᠡᠢ᠃ ᠡᠭᠦᠨ ᠢ ᠰᠣᠨᠣᠰᠣᠭᠠᠳ ᠶᠣᠬᠣᠸᠠ ᠶᠢᠨ ᠠᠭᠤᠷ ᠬᠢᠯᠢᠩ ᠳᠦᠷᠡᠯᠵᠡᠵᠦ᠂ ᠶᠣᠬᠣᠸᠠ ᠶᠢᠨ ᠭᠠᠯ ᠲᠡᠳᠡᠨ ᠦ ᠳᠤᠮᠳᠠ ᠨᠣᠴᠣᠨ ᠬᠤᠸᠠᠷᠠᠨ ᠤ ᠵᠠᠬ᠎ᠠ ᠶᠢ ᠰᠢᠲᠠᠭᠠᠪᠠ᠃ 2 ᠠᠷᠠᠳ ᠲᠦᠮᠡᠨ ᠮᠣᠰᠧ ᠤᠷᠤᠭᠤ ᠬᠠᠰᠬᠢᠷᠴᠤ᠂ ᠮᠣᠰᠧ ᠶᠣᠬᠣᠸᠠ ᠳᠤ ᠭᠤᠶᠤᠭᠰᠠᠨ ᠳᠤ᠂ ᠭᠠᠯ ᠤᠨᠲᠠᠷᠠᠭᠰᠠᠨ ᠪᠠᠢᠨ᠎ᠠ᠃ 3 ᠶᠣᠬᠣᠸᠠ ᠶᠢᠨ ᠭᠠᠯ ᠲᠡᠳᠡᠨ ᠦ ᠳᠤᠮᠳᠠ ᠰᠢᠲᠠᠭᠰᠠᠨ ᠤᠴᠢᠷ ᠠᠴᠠ ᠲᠡᠷᠡ ᠭᠠᠵᠠᠷ ᠨᠢ ᠲᠠᠪᠧᠷᠠ ᠬᠡᠮᠡᠨ ᠳᠠᠭᠤᠳᠠᠭᠳᠠᠬᠤ ᠪᠣᠯᠵᠠᠢ᠃
 ᠶᠣᠬᠣᠸᠠ ᠶᠢᠨ ᠢᠯᠡᠭᠡᠭᠰᠡᠨ ᠪᠥᠳᠥᠨ᠎ᠡ ᠰᠢᠪᠠᠭᠤ

4 ᠲᠡᠳᠡᠨ ᠦ ᠳᠤᠮᠳᠠᠬᠢ ᠲᠡᠨᠦᠭᠦᠯᠴᠢᠳ ᠥᠭᠡᠷ᠎ᠡ ᠬᠣᠭᠣᠯᠠᠨ ᠳᠤ ᠳᠤᠷᠠᠯᠠᠵᠤ᠂ ᠪᠤᠰᠤᠳ ᠢᠰᠷᠧᠯᠴᠦᠳ ᠨᠢ ᠴᠤ ᠳᠠᠬᠢᠨ ᠤᠬᠢᠯᠠᠵᠤ᠄ 《ᠬᠡᠨ ᠪᠢᠳᠡᠨ ᠳᠦ ᠢᠳᠡᠬᠦ ᠮᠢᠬ᠎ᠠ ᠥᠭᠭᠥᠨ᠎ᠡ ᠪᠤᠢ︖ 5 ᠶᠧᠵᠢᠫᠲ ᠲᠤ ᠦᠨ᠎ᠡ ᠦᠭᠡᠢ ᠪᠠᠷ ᠢᠳᠡᠵᠦ ᠪᠠᠢᠭᠰᠠᠨ ᠵᠢᠭᠠᠰᠤ᠂ ᠥᠷᠭᠡᠰᠦᠲᠦ ᠬᠡᠮᠬᠡ᠂ ᠲᠠᠷᠪᠤᠰ᠂ ᠭᠣᠭᠣᠳ᠂ ᠰᠣᠩᠭᠢᠨ᠎ᠠ᠂ ᠰᠠᠷᠢᠮᠰᠠᠭ ᠢᠶᠠᠨ ᠰᠠᠨᠠᠵᠤ ᠪᠠᠢᠨ᠎ᠠ᠃ 6 ᠬᠠᠷᠢᠨ ᠣᠳᠣ ᠮᠠᠨᠨᠠ ᠠᠴᠠ ᠣᠨᠳᠣᠣ ᠬᠠᠷᠠᠬᠤ ᠶᠠᠭᠤᠮ᠎ᠠ ᠠᠯᠠᠭ᠎ᠠ ᠤᠴᠢᠷ ᠠᠴᠠ ᠪᠢᠳᠡᠨ ᠳᠦ ᠢᠳᠡᠬᠦ ᠳᠤᠷᠠᠰᠢᠯ ᠴᠤ ᠦᠭᠡᠢ ᠪᠣᠯᠵᠠᠢ 47 》 ᠭᠡᠵᠡᠭᠡᠪᠡ᠃

7 ᠮᠠᠨᠨᠠ ᠨᠢ ᠦᠨᠦᠷᠲᠦ ᠨᠣᠭᠣᠭ᠎ᠠ ᠶᠢᠨ ᠦᠷ᠎ᠡ ᠰᠢᠭ᠂ ᠠᠩᠬᠢᠯᠤᠭᠤᠨ ᠳᠠᠪᠠᠷᠬᠠᠢ 48 ᠠᠳᠠᠯᠢ ᠥᠩᠭᠡ ᠲᠠᠢ ᠪᠠᠢᠪᠠ᠃ 8 ᠠᠷᠠᠳ ᠲᠦᠮᠡᠨ ᠡᠷᠭᠢᠨ ᠲᠣᠭᠣᠷᠢᠨ ᠢᠶᠠᠷ ᠶᠠᠪᠤᠵᠤ᠂ ᠲᠡᠭᠦᠨ ᠢ ᠬᠤᠷᠢᠶᠠᠭᠠᠳ ᠲᠡᠭᠡᠷᠮ᠎ᠡ ᠶᠢᠨ ᠴᠢᠯᠠᠭᠤᠨ ᠳᠤ ᠨᠤᠨᠲᠠᠭᠯᠠᠬᠤ᠂ ᠡᠰᠡᠪᠡᠯ ᠣᠭᠣᠷ ᠲᠤ ᠨᠦᠳᠦᠭᠰᠡᠨ ᠦ ᠳᠠᠷᠠᠭ᠎ᠠ᠂ ᠲᠣᠭᠣᠭᠠᠨ ᠳᠤ ᠪᠤᠴᠠᠯᠭᠠᠬᠤ ᠪᠤᠶᠤ ᠪᠣᠣᠪᠣ ᠬᠢᠳᠡᠭ᠂ ᠠᠮᠲᠠ ᠨᠢ ᠲᠣᠰᠣ ᠲᠠᠢ ᠵᠢᠩᠨᠡᠭᠰᠡᠨ ᠪᠣᠣᠪᠣ ᠲᠠᠢ ᠠᠳᠠᠯᠢ ᠪᠠᠢᠪᠠ᠃ 9 ᠡᠨᠡ ᠮᠠᠨᠨᠠ ᠰᠥᠨᠢ ᠪᠠᠷ ᠰᠢᠭᠦᠳᠡᠷᠢ ᠲᠠᠢ ᠬᠠᠮᠲᠤ ᠬᠤᠸᠠᠷᠠᠨ ᠳᠤ ᠪᠠᠭᠤᠳᠠᠭ ᠪᠠᠢᠯ᠎ᠠ᠃

10 ᠠᠷᠠᠳ ᠣᠯᠠᠨ ᠭᠡᠷ ᠪᠦᠯᠢ ᠨᠦᠭᠦᠳ ᠢᠶᠡᠷ ᠢᠶᠠᠨ ᠬᠥᠮᠦᠨ ᠪᠦᠷᠢ ᠮᠠᠢᠬᠠᠨ ᠤ ᠪᠠᠨ ᠡᠭᠦᠳᠡᠨ ᠳᠦ ᠤᠬᠢᠯᠠᠵᠤ ᠪᠠᠢᠬᠤ ᠶᠢ ᠮᠣᠰᠧ ᠰᠣᠨᠣᠰᠴᠠᠢ᠃ ᠶᠣᠬᠣᠸᠠ ᠶᠢᠨ ᠠᠭᠤᠷ ᠬᠢᠯᠢᠩ ᠶᠡᠬᠡᠳᠡ ᠳᠦᠷᠡᠯᠵᠡᠭᠰᠡᠨ ᠪᠥᠭᠡᠳ ᠮᠣᠰᠧ ᠮᠠᠰᠢ ᠵᠣᠪᠠᠨᠢᠭᠰᠠᠨ ᠪᠠᠢᠯ᠎ᠠ᠃ 11 ᠮᠣᠰᠧ ᠶᠣᠬᠣᠸᠠ ᠳᠤ᠄ 《ᠲᠠ ᠵᠠᠷᠤᠴᠠ ᠪᠠᠨ ᠶᠠᠭᠤᠨ ᠳᠤ ᠡᠢᠨ ᠬᠦ ᠵᠣᠪᠠᠭᠠᠨ᠎ᠠ ᠪᠤᠢ︖ ᠲᠠ ᠶᠠᠭᠠᠬᠢᠭᠠᠳ ᠨᠠᠮᠠᠶᠢ ᠲᠠᠭᠠᠯᠠᠬᠤ ᠪᠠᠨ ᠪᠣᠯᠢᠵᠤ ᠡᠨᠡ ᠪᠦᠬᠦ ᠠᠷᠠᠳ ᠲᠦᠮᠡᠨ ᠦ ᠠᠴᠢᠶ᠎ᠠ ᠶᠢ ᠨᠠᠳᠠ ᠳᠡᠭᠡᠷ᠎ᠡ ᠲᠣᠬᠣᠭᠰᠠᠨ ᠶᠤᠮ ᠪᠤᠢ︖ 12 ᠡᠨᠡ ᠪᠦᠬᠦ ᠠᠷᠠᠳ ᠲᠦᠮᠡᠨ ᠢ ᠬᠡᠪᠡᠯᠢ ᠳᠡᠭᠡᠨ ᠲᠡᠭᠡᠭᠡᠵᠦ ᠶᠠᠪᠤᠭᠰᠠᠨ ᠬᠥᠮᠦᠨ ᠨᠢ ᠪᠢ ᠭᠡᠵᠢ ᠤᠤ︖ ᠲᠡᠷᠡ ᠬᠥᠮᠦᠰ ᠢ ᠪᠢ ᠲᠥᠷᠥᠭᠦᠯᠦᠭᠰᠡᠨ ᠭᠡᠵᠢ ᠤᠤ︖ ᠲᠠ ᠨᠠᠳᠠ ᠳᠤ᠄ 〈ᠬᠥᠬᠥᠭᠦᠯ ᠬᠡᠦᠬᠡᠳ ᠢ ᠠᠰᠠᠷᠠᠳᠠᠭ ᠡᠬᠡ ᠮᠡᠲᠦ ᠲᠡᠳᠡᠨ ᠢ ᠴᠡᠭᠡᠵᠢᠨ ᠳᠡᠭᠡᠨ ᠲᠡᠪᠡᠷᠢᠵᠦ᠂ ᠮᠢᠨᠦ ᠡᠴᠢᠭᠡ ᠡᠪᠦᠭᠡᠳ ᠲᠤᠨᠢ ᠠᠮᠠᠯᠠᠭᠰᠠᠨ ᠭᠠᠵᠠᠷ ᠤᠷᠤᠭᠤ ᠠᠪᠴᠤ ᠶᠠᠪᠤᠭᠲᠤᠨ〉 ᠭᠡᠵᠦ ᠬᠡᠯᠡᠬᠦ ᠨᠢ ᠤᠤ︖ 13 ᠪᠢ ᠡᠨᠡ ᠪᠦᠬᠦ ᠠᠷᠠᠳ ᠲᠦᠮᠡᠨ ᠳᠦ ᠥᠭᠬᠦ ᠮᠢᠬ᠎ᠠ ᠶᠢ ᠬᠠᠮᠢᠭ᠎ᠠ ᠠᠴᠠ ᠣᠯᠬᠤ ᠪᠤᠢ︖ ᠲᠡᠳᠡ᠄ 〈ᠢᠳᠡᠬᠦ ᠮᠢᠬ᠎ᠠ ᠥᠭᠭᠥᠭᠡᠴᠢ〉 ᠭᠡᠵᠦ ᠮᠢᠨᠦ ᠡᠮᠦᠨ᠎ᠡ ᠤᠬᠢᠯᠠᠨ ᠬᠠᠰᠬᠢᠷᠴᠤ ᠪᠠᠢᠨ᠎ᠠ ᠰᠢᠦ᠃ 14 ᠪᠢ ᠭᠠᠭᠴᠠᠭᠠᠷ ᠢᠶᠠᠨ ᠡᠨᠡ ᠪᠦᠬᠦ ᠠᠷᠠᠳ ᠲᠦᠮᠡᠨ ᠢ ᠳᠠᠭᠠᠭᠠᠬᠤ ᠴᠢᠳᠠᠪᠤᠷᠢ ᠦᠭᠡᠢ᠂ ᠨᠠᠳᠠ ᠳᠤ ᠬᠡᠲᠦᠷᠬᠡᠢ ᠬᠦᠨᠳᠦ ᠪᠠᠢᠨ᠎ᠠ᠃ 15 ᠬᠡᠷᠪᠡ ᠲᠠ ᠨᠠᠳᠠ ᠳᠤ ᠢᠩᠭᠢᠵᠦ ᠬᠠᠨᠳᠤᠬᠤ ᠭᠡᠵᠦ ᠪᠠᠢᠭ᠎ᠠ ᠶᠤᠮ ᠪᠣᠯ᠂ ᠨᠠᠮᠠᠶᠢ ᠨᠢᠭᠡᠮᠦᠰᠦᠨ ᠦᠬᠦᠭᠦᠯᠦᠭᠡᠴᠢ︕ ᠬᠡᠷᠪᠡ ᠪᠢ ᠲᠠᠨ ᠤ ᠮᠡᠯᠮᠡᠢ ᠳᠦ ᠲᠠᠭᠠᠯᠠᠯ ᠢ ᠣᠯᠣᠭᠰᠠᠨ ᠪᠣᠯ ᠨᠠᠮᠠᠶᠢ ᠡᠨᠡ ᠬᠦᠨᠳᠦ ᠵᠣᠪᠠᠭᠤᠷᠢ ᠡᠴᠡ ᠬᠡᠯᠲᠦᠷᠢᠭᠦᠯᠦᠭᠡᠴᠢ》 ᠭᠡᠯ᠎ᠡ᠃

16 ᠶᠣᠬᠣᠸᠠ ᠮᠣᠰᠧ ᠳᠤ ᠠᠢᠯᠠᠳᠤᠨ᠄ 《ᠢᠰᠷᠧᠯ ᠤᠨ ᠠᠬᠠᠮᠠᠳ ᠤᠳ ᠤᠨ ᠳᠤᠮᠳᠠ ᠠᠴᠠ ᠠᠷᠠᠳ ᠲᠦᠮᠡᠨ ᠦ ᠠᠬᠠᠮᠠᠳ᠂ ᠡᠰᠡᠪᠡᠯ ᠤᠳᠤᠷᠢᠳᠤᠭᠴᠢ ᠭᠡᠭᠳᠡᠬᠦ ᠳᠠᠯᠠᠨ ᠬᠥᠮᠦᠨ ᠢ ᠨᠠᠳᠠ ᠤᠷᠤᠭᠤ ᠴᠤᠭᠯᠠᠭᠤᠯᠤᠯ᠂ ᠲᠡᠳᠡᠨ ᠢ ᠠᠭᠤᠯᠵᠠᠯᠲᠠ ᠶᠢᠨ ᠴᠠᠴᠠᠷ ᠤᠷᠤᠭᠤ ᠠᠪᠴᠢᠷᠠᠵᠤ᠂ ᠲᠡᠨᠳᠡ ᠥᠪᠡᠷ ᠲᠡᠢ ᠪᠡᠨ ᠬᠠᠮᠲᠤ ᠵᠣᠭᠰᠣᠭ᠎ᠠ᠃ 17 ᠪᠢ ᠳᠣᠭᠣᠭᠰᠢ ᠪᠠᠭᠤᠵᠤ᠂ ᠲᠡᠨᠳᠡ ᠴᠢᠮ᠎ᠠ ᠲᠠᠢ ᠶᠠᠷᠢᠨ᠎ᠠ᠂ ᠴᠢᠨᠦ ᠳᠡᠭᠡᠷ᠎ᠡ ᠪᠠᠢᠭ᠎ᠠ ᠰᠦᠨᠡᠰᠦᠨ ᠡᠴᠡ ᠠᠪᠴᠤ᠂ ᠲᠡᠳᠡᠨ ᠦ ᠳᠡᠭᠡᠷ᠎ᠡ ᠲᠠᠯᠪᠢᠬᠤ ᠪᠣᠯᠣᠨ᠎ᠠ᠃ ᠡᠢᠨ ᠬᠦ ᠲᠡᠳᠡ ᠠᠷᠠᠳ ᠲᠦᠮᠡᠨ ᠦ ᠠᠴᠢᠶ᠎ᠠ ᠶᠢ ᠴᠢᠮ᠎ᠠ ᠲᠠᠢ ᠬᠠᠮᠲᠤ ᠡᠭᠦᠷᠦᠯᠴᠡᠵᠦ᠂ ᠴᠢ ᠲᠡᠷᠡ ᠠᠴᠢᠶ᠎ᠠ ᠶᠢ ᠭᠠᠭᠴᠠᠭᠠᠷ ᠢᠶᠠᠨ ᠡᠭᠦᠷᠬᠦ ᠦᠭᠡᠢ ᠪᠠᠢᠬᠤ ᠪᠣᠯᠣᠨ᠎ᠠ᠃ 18 ᠮᠥᠨ ᠠᠷᠠᠳ ᠣᠯᠠᠨ ᠳᠤ᠄ 〈ᠮᠠᠷᠭᠠᠰᠢ ᠮᠢᠬ᠎ᠠ ᠢᠳᠡᠬᠦ ᠲᠤᠯᠠ ᠥᠪᠡᠷᠰᠡᠳ ᠢ ᠪᠠᠨ ᠠᠷᠢᠭᠤᠰᠬ᠎ᠠ᠃ ᠲᠠ ᠨᠠᠷ ᠶᠣᠬᠣᠸᠠ ᠶᠢᠨ ᠰᠣᠨᠣᠷ ᠲᠤ᠄ ᠬᠡᠨ ᠪᠢᠳᠡᠨ ᠳᠦ ᠢᠳᠡᠬᠦ ᠮᠢᠬ᠎ᠠ ᠥᠭᠬᠦ ᠶᠤᠮ ᠪᠤᠢ︖ ᠪᠢᠳᠡ ᠶᠧᠵᠢᠫᠲ ᠲᠤ ᠪᠠᠢᠭᠰᠠᠨ ᠨᠢ ᠳᠡᠭᠡᠷ᠎ᠡ ᠪᠠᠢᠬᠤ ᠰᠠᠨ ᠭᠡᠵᠦ ᠤᠬᠢᠯᠠᠭᠰᠠᠨ ᠪᠢᠯᠡ᠃ ᠡᠢᠮᠦ ᠡᠴᠡ ᠶᠣᠬᠣᠸᠠ ᠲᠠ ᠨᠠᠷ ᠲᠤ ᠢᠳᠡᠬᠦ ᠮᠢᠬ᠎ᠠ ᠥᠭᠬᠦ ᠳᠦ᠂ 19 ᠲᠠ ᠨᠠᠷ ᠨᠢᠭᠡ ᠡᠳᠦᠷ᠂ ᠬᠣᠶᠠᠷ ᠡᠳᠦᠷ ᠪᠢᠰᠢ᠂ ᠲᠠᠪᠤᠨ ᠡᠳᠦᠷ᠂ ᠠᠷᠪᠠᠨ ᠡᠳᠦᠷ᠂ ᠡᠰᠡᠪᠡᠯ ᠬᠣᠷᠢᠨ ᠡᠳᠦᠷ ᠴᠤ ᠪᠢᠰᠢ᠂ 20 ᠬᠠᠷᠢᠨ ᠪᠦᠲᠦᠨ ᠰᠠᠷ᠎ᠠ ᠶᠢᠨ ᠲᠤᠷᠰᠢ ᠬᠠᠮᠠᠷ ᠤᠨ ᠢᠶᠠᠨ ᠨᠦᠬᠡ ᠪᠡᠷ ᠪᠤᠯᠲᠠᠢᠲᠠᠯ᠎ᠠ᠂ ᠵᠢᠪᠡᠭᠦᠷᠬᠡᠲᠡᠯ᠎ᠡ ᠪᠡᠨ ᠲᠡᠭᠦᠨ ᠢ ᠢᠳᠡᠬᠦ ᠪᠣᠯᠣᠨ᠎ᠠ᠃ ᠤᠴᠢᠷ ᠨᠢ ᠲᠠ ᠨᠠᠷ ᠥᠪᠡᠷᠰᠡᠳ ᠦᠨ ᠴᠢᠨᠢ ᠳᠤᠮᠳᠠ ᠪᠠᠢᠭ᠎ᠠ ᠶᠣᠬᠣᠸᠠ ᠶᠢ ᠣᠭᠣᠷᠴᠤ᠂ ᠲᠡᠭᠦᠨ ᠦ ᠡᠮᠦᠨ᠎ᠡ ᠪᠢᠳᠡ ᠶᠠᠭᠤᠨ ᠳᠤ ᠶᠧᠵᠢᠫᠲ ᠡᠴᠡ ᠡᠢᠨ ᠬᠦ ᠭᠠᠷᠪᠠ ᠡ ᠭᠡᠵᠦ ᠤᠬᠢᠯᠠᠭᠰᠠᠨ ᠪᠢᠯᠡ〉 ᠭᠡᠵᠦ ᠬᠡᠯᠡᠭᠡᠷᠡᠢ》 ᠭᠡᠪᠡ᠃ 21 ᠮᠣᠰᠧ ᠬᠠᠷᠢᠭᠤᠯᠤᠨ᠄ 《ᠨᠠᠳᠠ ᠲᠠᠢ ᠬᠠᠮᠲᠤ ᠪᠠᠢᠭ᠎ᠠ ᠠᠷᠠᠳ ᠣᠯᠠᠨ ᠤ ᠳᠤᠮᠳᠠ ᠶᠠᠪᠠᠭᠠᠨ ᠡᠷᠡᠴᠦᠳ ᠨᠢ ᠴᠤ ᠵᠢᠷᠠᠨ ᠲᠦᠮᠡ ᠭᠠᠷᠤᠢ ᠪᠠᠢᠬᠤ ᠳᠤ᠂ ᠲᠠ ᠲᠡᠳᠡᠨ ᠦ ᠪᠦᠲᠦᠨ ᠰᠠᠷ᠎ᠠ ᠢᠳᠡᠬᠦ ᠮᠢᠬ᠎ᠠ ᠶᠢ ᠥᠭᠭᠥᠨ᠎ᠡ ᠭᠡᠵᠦ ᠠᠢᠯᠠᠳᠤᠯ᠎ᠠ᠂ 22 ᠶᠡᠷᠦ ᠨᠢ ᠲᠡᠳᠡᠨ ᠦ ᠲᠥᠯᠥᠭᠡ ᠰᠦᠷᠦᠭ ᠬᠣᠨᠢ᠂ ᠰᠦᠷᠦᠭ ᠦᠬᠡᠷ ᠢ ᠨᠢᠳᠤᠯᠤᠭᠰᠠᠨ ᠴᠤ ᠲᠡᠳᠡᠨ ᠢ ᠬᠠᠩ᠋ᠭᠠᠵᠤ ᠴᠢᠳᠠᠨ᠎ᠠ ᠤᠤ︖ ᠲᠡᠳᠡᠨ ᠦ ᠲᠥᠯᠥᠭᠡ ᠳᠠᠯᠠᠢ ᠶᠢᠨ ᠬᠠᠮᠤᠭ ᠵᠢᠭᠠᠰᠤ ᠶᠢ ᠴᠤᠭᠯᠠᠭᠤᠯᠤᠭᠰᠠᠨ ᠴᠤ ᠲᠡᠳᠡᠨ ᠢ ᠬᠠᠩ᠋ᠭᠠᠵᠤ ᠴᠢᠳᠠᠨ᠎ᠠ ᠤᠤ︖》 ᠭᠡᠬᠦ ᠳᠦ᠂ 23 ᠶᠣᠬᠣᠸᠠ ᠮᠣᠰᠧ ᠳᠤ᠄ 《ᠶᠣᠬᠣᠸᠠ ᠶᠢᠨ ᠭᠠᠷ ᠪᠣᠭᠣᠨᠢᠳᠠᠬᠤ ᠤᠤ︖ ᠣᠳᠣ ᠴᠢ ᠮᠢᠨᠦ ᠦᠭᠡ ᠶᠢᠨ ᠪᠡᠶᠡᠯᠡᠬᠦ ᠡᠰᠡᠬᠦ ᠶᠢ ᠦᠵᠡᠬᠦ ᠪᠣᠯᠣᠨ᠎ᠠ》 ᠭᠡᠵᠦ ᠠᠢᠯᠠᠳᠪᠠ᠃

24 ᠮᠣᠰᠧ ᠭᠠᠷᠴᠤ᠂ ᠠᠷᠠᠳ ᠣᠯᠠᠨ ᠳᠤ ᠶᠣᠬᠣᠸᠠ ᠶᠢᠨ ᠦᠭᠡ ᠶᠢ ᠬᠡᠯᠡᠭᠡᠳ ᠠᠷᠠᠳ ᠣᠯᠠᠨ ᠤ ᠠᠬᠠᠮᠠᠳ ᠪᠣᠯᠬᠤ ᠳᠠᠯᠠᠨ ᠬᠥᠮᠦᠨ ᠢ ᠴᠤᠭᠯᠠᠭᠤᠯᠤᠨ᠂ ᠣᠷᠣᠰᠢᠬᠤᠢ ᠶᠢᠨ ᠴᠠᠴᠠᠷ ᠢ ᠲᠣᠭᠣᠷᠢᠭᠤᠯᠤᠨ ᠵᠣᠭᠰᠣᠭᠠᠪᠠ᠃ 25 ᠶᠣᠬᠣᠸᠠ ᠡᠭᠦᠯᠡᠨ ᠳᠣᠲᠣᠭᠤᠷ ᠪᠠᠭᠤᠨ ᠢᠷᠡᠵᠦ᠂ ᠮᠣᠰᠧ ᠲᠠᠢ ᠶᠠᠷᠢᠨ ᠲᠡᠭᠦᠨ ᠦ ᠳᠡᠭᠡᠷᠡᠬᠢ ᠰᠦᠨᠡᠰᠦᠨ ᠡᠴᠡ ᠠᠪᠴᠤ ᠳᠠᠯᠠᠨ ᠠᠬᠠᠮᠠᠳ ᠲᠤ ᠰᠣᠶᠣᠷᠬᠠᠪᠠ᠃ ᠰᠦᠨᠡᠰᠦ ᠲᠡᠳᠡᠨ ᠦ ᠳᠡᠭᠡᠷ᠎ᠡ ᠪᠠᠭᠤᠬᠤ ᠳᠤ᠂ ᠲᠡᠳᠡ ᠡᠰᠢ ᠦᠵᠡᠭᠦᠯᠵᠡᠭᠡᠭᠰᠡᠨ᠂ ᠬᠠᠷᠢᠨ ᠳᠠᠬᠢᠭᠠᠳ ᠡᠰᠢ ᠦᠵᠡᠭᠦᠯᠦᠭᠰᠡᠨ ᠦᠭᠡᠢ᠃

26 ᠲᠡᠭᠡᠬᠦ ᠳᠦ ᠬᠤᠸᠠᠷᠠᠨ ᠳᠤ ᠦᠯᠡᠳᠡᠭᠰᠡᠨ ᠬᠣᠶᠠᠷ ᠬᠥᠮᠦᠨ ᠦ ᠳᠡᠭᠡᠷ᠎ᠡ ᠴᠤ ᠨᠥᠭᠥᠭᠡ ᠰᠦᠨᠡᠰᠦ ᠪᠠᠭᠤᠪᠠ᠃ ᠨᠢᠭᠡ ᠶᠢ ᠨᠢ ᠡᠯᠳᠠᠳ᠋᠂ ᠨᠥᠭᠥᠭᠡ ᠶᠢ ᠨᠢ ᠮᠧᠳᠠᠳ᠋ ᠭᠡᠳᠡᠭ᠃ ᠲᠡᠳᠡ ᠠᠬᠠᠮᠠᠳ ᠤᠨ ᠲᠣᠭᠠᠨ ᠳᠤ ᠣᠷᠣᠭᠰᠠᠨ ᠪᠣᠯᠪᠠᠴᠤ ᠴᠠᠴᠠᠷ ᠤᠷᠤᠭᠤ ᠣᠴᠢᠭᠰᠠᠨ ᠦᠭᠡᠢ᠃ ᠲᠡᠳᠡ ᠬᠤᠸᠠᠷᠠᠨ ᠳᠤ ᠡᠰᠢ ᠦᠵᠡᠭᠦᠯᠦᠭᠰᠡᠨ ᠠᠵᠢ᠃ 27 ᠲᠡᠭᠡᠲᠡᠯ᠎ᠡ ᠨᠢᠭᠡ ᠵᠠᠯᠠᠭᠤ ᠮᠣᠰᠧ ᠤᠷᠤᠭᠤ ᠭᠦᠶᠦᠨ ᠢᠷᠡᠵᠦ᠄ 《ᠡᠯᠳᠠᠳ᠋᠂ ᠮᠧᠳᠠᠳ᠋ ᠬᠣᠶᠠᠷ ᠬᠤᠸᠠᠷᠠᠨ ᠳᠤ ᠡᠰᠢ ᠦᠵᠡᠭᠦᠯᠵᠦ ᠪᠠᠢᠨ᠎ᠠ》 ᠭᠡᠵᠦ ᠳᠤᠭᠤᠯᠭᠠᠭᠰᠠᠨ ᠳᠤ᠂ 28 ᠮᠣᠰᠧ ᠶᠢᠨ ᠰᠢᠯᠢᠳᠡᠭ ᠲᠤᠰᠠᠯᠠᠭᠴᠢ ᠨᠦᠨ ᠦ ᠬᠦᠦ ᠶᠣᠱᠦ᠋ᠶ᠎ᠠ ᠬᠠᠷᠢᠭᠤ ᠳᠤᠨᠢ᠄ 《ᠡᠵᠡᠨᠲᠡᠨ ᠮᠣᠰᠧ ᠮᠢᠨᠢ᠂ ᠲᠡᠳᠡᠨ ᠢ ᠬᠣᠷᠢᠭᠯᠠᠭᠠᠴᠢ》 ᠭᠡᠪᠡ᠃ 29 ᠮᠣᠰᠧ᠄ 《ᠴᠢ ᠮᠢᠨᠦ ᠡᠮᠦᠨ᠎ᠡ ᠡᠴᠡ ᠬᠠᠷᠠᠳᠠᠵᠤ ᠪᠠᠢᠨ᠎ᠠ ᠤᠤ︖ ᠶᠣᠬᠣᠸᠠ ᠪᠦᠬᠦ ᠠᠷᠠᠳ ᠲᠦᠮᠡᠨ ᠢᠶᠡᠨ ᠡᠰᠢ ᠦᠵᠡᠭᠦᠯᠦᠭᠴᠢᠳ ᠪᠣᠯᠭᠠᠵᠤ᠂ ᠲᠡᠳᠡᠨ ᠦ ᠳᠡᠭᠡᠷ᠎ᠡ ᠥᠪᠡᠷ ᠦᠨ ᠢᠶᠠᠨ ᠰᠦᠨᠡᠰᠦ ᠶᠢ ᠰᠣᠶᠣᠷᠬᠠᠬᠤ ᠪᠣᠯᠲᠤᠭᠠᠢ》 ᠭᠡᠵᠦ ᠬᠡᠯᠡᠪᠡ᠃ 30 ᠲᠡᠭᠡᠭᠡᠳ ᠮᠣᠰᠧ ᠢᠰᠷᠧᠯ ᠤᠨ ᠠᠬᠠᠮᠠᠳ ᠤᠳ ᠲᠠᠢ ᠬᠠᠮᠲᠤ ᠬᠤᠸᠠᠷᠠᠨ ᠤᠷᠤᠭᠤ ᠪᠤᠴᠠᠭᠰᠠᠨ ᠪᠠᠢᠨ᠎ᠠ᠃

31 ᠬᠠᠷᠢᠨ ᠶᠣᠬᠣᠸᠠ ᠠᠴᠠ ᠭᠠᠷᠤᠭᠰᠠᠨ ᠰᠠᠯᠬᠢ ᠳᠠᠯᠠᠢ ᠠᠴᠠ ᠪᠥᠳᠥᠨ᠎ᠡ ᠰᠢᠪᠠᠭᠤᠳ ᠢ ᠠᠪᠴᠢᠷᠠᠨ ᠬᠤᠸᠠᠷᠠᠨ ᠤ ᠳᠡᠷᠭᠡᠳᠡᠭᠦᠷ᠂ ᠡᠷᠭᠢᠨ ᠲᠣᠭᠣᠷᠢᠨ ᠢᠶᠠᠷ ᠨᠢ ᠪᠠᠭᠤᠯᠭᠠᠭᠰᠠᠨ ᠳᠤ᠂ ᠲᠡᠳᠡᠭᠡᠷ ᠨᠢ ᠬᠤᠸᠠᠷᠠᠨ ᠤ ᠡᠷᠭᠢᠨ ᠲᠣᠭᠣᠷᠢᠨ ᠠᠴᠠ ᠠᠪᠤᠭᠠᠳ ᠨᠢᠭᠡ ᠡᠳᠦᠷ ᠠᠶᠠᠯᠠᠬᠤ ᠵᠠᠢ ᠳᠤ ᠬᠦᠷᠲᠡᠯ᠎ᠡ ᠭᠠᠵᠠᠷ ᠤᠨ ᠭᠠᠳᠠᠷᠭᠤ ᠳᠡᠭᠡᠷ᠎ᠡ ᠬᠣᠶᠠᠷ ᠲᠣᠬᠣᠢ ᠵᠤᠵᠠᠭᠠᠨ ᠤᠪᠤᠭᠠᠷᠠᠭᠰᠠᠨ ᠪᠠᠢᠪᠠ᠃ 32 ᠠᠷᠠᠳ ᠣᠯᠠᠨ ᠪᠣᠰᠴᠠᠭᠠᠵᠤ ᠪᠦᠲᠦᠨ ᠡᠳᠦᠷ᠂ ᠪᠦᠲᠦᠨ ᠰᠥᠨᠢ᠂ ᠮᠥᠨ ᠳᠠᠷᠠᠭ᠎ᠠ ᠶᠢᠨ ᠪᠦᠲᠦᠨ ᠡᠳᠦᠷ ᠪᠥᠳᠥᠨ᠎ᠡ ᠰᠢᠪᠠᠭᠤᠳ ᠴᠤᠭᠯᠠᠭᠤᠯᠬᠤ ᠳᠤ᠂ ᠪᠠᠭ᠎ᠠ ᠴᠤᠭᠯᠠᠭᠤᠯᠤᠭᠰᠠᠨ ᠨᠢ ᠴᠤ ᠠᠷᠪᠠᠨ ᠬᠣᠮᠧᠷ 49 ᠣᠯᠵᠠᠢ᠃ ᠲᠡᠳᠡ ᠴᠤᠭᠯᠠᠭᠤᠯᠤᠭᠰᠠᠨ ᠢᠶᠠᠨ ᠡᠷᠭᠢᠨ ᠲᠣᠭᠣᠷᠢᠨ ᠳᠠᠭᠠᠨ ᠳᠡᠯᠭᠡᠪᠡ᠃ 33 ᠬᠠᠷᠢᠨ ᠲᠡᠳᠡᠨ ᠢ ᠰᠢᠳᠦᠨ ᠦ ᠬᠣᠭᠣᠷᠣᠨᠳᠣᠬᠢ ᠮᠢᠬ᠎ᠠ ᠪᠠᠨ ᠵᠠᠵᠢᠯᠵᠤ ᠠᠮᠵᠢᠬᠤ ᠠᠴᠠ ᠡᠮᠦᠨ᠎ᠡ ᠶᠣᠬᠣᠸᠠ ᠶᠢᠨ ᠠᠭᠤᠷ ᠬᠢᠯᠢᠩ ᠠᠷᠠᠳ ᠣᠯᠠᠨ ᠤ ᠡᠰᠡᠷᠭᠦ ᠳᠦᠷᠡᠯᠵᠡᠭᠰᠡᠨ ᠪᠥᠭᠡᠳ ᠶᠣᠬᠣᠸᠠ ᠠᠷᠠᠳ ᠣᠯᠠᠨ ᠢ ᠮᠠᠰᠢ ᠬᠦᠨᠳᠦ ᠭᠠᠮᠰᠢᠭ ᠢᠶᠠᠷ ᠴᠣᠬᠢᠭᠰᠠᠨ ᠪᠠᠢᠨ᠎ᠠ᠃ 34 ᠲᠡᠨᠳᠡ ᠰᠢᠨᠤᠯ ᠳᠤ ᠠᠪᠲᠠᠭᠰᠠᠨ ᠬᠥᠮᠦᠰ ᠢ ᠣᠷᠣᠰᠢᠭᠤᠯᠤᠭᠰᠠᠨ ᠤ ᠤᠯᠠᠮ ᠢᠶᠠᠷ ᠲᠡᠷᠡ ᠭᠠᠵᠠᠷ ᠢ ᠺᠢᠪᠷᠣᠲ ᠬᠠᠲ᠋ᠠᠸᠠ 50 ᠭᠡᠵᠦ ᠨᠡᠷᠡᠯᠡᠵᠢ᠃ 35 ᠠᠷᠠᠳ ᠣᠯᠠᠨ ᠺᠢᠪᠷᠣᠲ ᠬᠠᠲ᠋ᠠᠸᠠ ᠠᠴᠠ ᠬᠠᠽᠧᠷᠣᠲ ᠤᠷᠤᠭᠤ ᠨᠡᠭᠦᠵᠦ᠂ ᠬᠠᠽᠧᠷᠣᠲ ᠲᠤ ᠰᠠᠭᠤᠭᠰᠠᠨ ᠪᠠᠢᠪᠠ᠃