1 2 3 4 5 6 7 8 9 10 11 12 13 14 15 16 17 18 19 20 21 22 23 24 25 26 27 28 29 30 31 32 33 34 35 36


ᠲᠣᠭᠠᠯᠠᠯᠭ᠎ᠠ ᠬᠣᠷᠢᠨ ᠲᠠᠪᠤ
 ᠮᠣᠶᠠᠪ ᠢᠰᠷᠧᠯ ᠢ ᠤᠷᠤᠭᠤ ᠲᠠᠲᠠᠪᠠ

1 ᠢᠰᠷᠧᠯ ᠬᠤᠸᠠᠢᠰᠠ ᠮᠣᠳᠣᠨ ᠣᠢ ᠳᠤ ᠰᠠᠭᠤᠬᠤ ᠵᠠᠭᠤᠷ᠎ᠠ ᠠᠷᠠᠳ ᠲᠦᠮᠡᠨ ᠮᠣᠶᠠᠪ ᠤᠨ ᠥᠬᠢᠳ ᠲᠠᠢ ᠰᠠᠳᠤᠷᠯᠠᠵᠤ ᠪᠤᠵᠠᠷᠲᠤᠪᠠ᠃ 2 ᠲᠡᠷᠡ ᠡᠮᠡᠭᠲᠡᠢᠴᠦᠳ ᠠᠷᠠᠳ ᠣᠯᠠᠨ ᠢ ᠪᠤᠷᠬᠠᠳ ᠤᠨ ᠢᠶᠠᠨ ᠲᠠᠬᠢᠯ ᠳᠤ ᠤᠷᠢᠭᠰᠠᠨ ᠳᠤ᠂ ᠠᠷᠠᠳ ᠲᠦᠮᠡᠨ ᠢᠳᠡᠵᠦ᠂ ᠲᠡᠳᠡᠨ ᠦ ᠪᠤᠷᠬᠠᠳ ᠲᠤ ᠪᠥᠬᠥᠢᠵᠡᠢ᠃ 3 ᠡᠢᠨ ᠬᠦ ᠢᠰᠷᠧᠯ ᠫᠧᠶᠣᠷ ᠨᠤᠲᠤᠭ ᠤᠨ ᠪᠠᠯ ᠲᠠᠢ ᠨᠡᠢᠯᠡᠭᠰᠡᠨ ᠪᠠᠢᠯ᠎ᠠ᠃ ᠶᠣᠬᠣᠸᠠ ᠶᠢᠨ ᠠᠭᠤᠷ ᠬᠢᠯᠢᠩ ᠢᠰᠷᠧᠯ ᠤᠨ ᠡᠰᠡᠷᠭᠦ ᠳᠦᠷᠡᠯᠵᠡᠪᠡ᠃ 4 ᠶᠣᠬᠣᠸᠠ ᠮᠣᠰᠧ ᠳᠤ ᠠᠢᠯᠠᠳᠤᠨ᠄ 《ᠲᠡᠳᠡᠭᠡᠷ ᠠᠷᠠᠳ ᠣᠯᠠᠨ ᠤ ᠤᠳᠤᠷᠢᠳᠤᠭᠴᠢᠳ ᠢ ᠪᠦᠭᠦᠳᠡ ᠶᠢ ᠨᠢ ᠭᠡᠭᠡᠨ ᠴᠠᠭᠠᠨ ᠡᠳᠦᠷ ᠢᠶᠡᠷ ᠶᠣᠬᠣᠸᠠ ᠶᠢᠨ ᠡᠮᠦᠨ᠎ᠡ ᠳᠡᠭᠦᠵᠢᠯᠡᠭᠲᠦᠨ᠃ ᠲᠡᠢᠨ ᠬᠦ ᠶᠣᠬᠣᠸᠠ ᠶᠢᠨ ᠳᠣᠭᠰᠢᠨ ᠬᠢᠯᠢᠩ ᠢᠰᠷᠧᠯ ᠡᠴᠡ ᠡᠷᠭᠢᠬᠦ ᠶᠤᠮ》 ᠭᠡᠪᠡ᠃ 5 ᠲᠡᠭᠡᠭᠡᠳ ᠮᠣᠰᠧ ᠢᠰᠷᠧᠯ ᠤᠨ ᠰᠢᠭᠦᠭᠴᠢᠳ ᠲᠤ᠄ 《ᠲᠠ ᠨᠠᠷ ᠤᠨ ᠬᠥᠮᠦᠨ ᠪᠦᠷᠢ ᠫᠧᠶᠣᠷ ᠤᠨ ᠪᠠᠯ ᠲᠠᠢ ᠨᠡᠢᠯᠡᠭᠰᠡᠨ ᠬᠥᠮᠦᠰ ᠢ ᠠᠯᠠᠭᠲᠤᠨ》 ᠭᠡᠯ᠎ᠡ᠃

6 ᠢᠩᠭᠢᠭᠡᠳ ᠲᠡᠳᠡ ᠠᠭᠤᠯᠵᠠᠯᠲᠠ ᠶᠢᠨ ᠮᠠᠢᠬᠠᠨ ᠤ ᠡᠮᠦᠨ᠎ᠡ ᠤᠬᠢᠯᠠᠵᠤ ᠪᠠᠢᠲᠠᠯ᠎ᠠ ᠨᠢᠭᠡᠨ ᠢᠰᠷᠧᠯ ᠬᠥᠮᠦᠨ ᠮᠣᠰᠧ ᠶᠢᠨ ᠨᠢᠳᠦᠨ ᠡᠮᠦᠨ᠎ᠡ᠂ ᠮᠥᠨ ᠪᠦᠬᠦ ᠢᠰᠷᠧᠯ ᠤᠨ ᠨᠡᠢᠲᠡ ᠴᠢᠭᠤᠯᠭᠠᠨ ᠤ ᠨᠢᠳᠦᠨ ᠡᠮᠦᠨ᠎ᠡ ᠭᠡᠷ ᠪᠦᠯᠢ ᠳᠡᠭᠡᠨ ᠨᠢᠭᠡᠨ ᠮᠢᠳᠢᠶᠠᠨ ᠡᠮᠡᠭᠲᠡᠢ ᠶᠢ ᠠᠪᠴᠢᠷᠠᠪᠠ︕ 7 ᠲᠠᠬᠢᠯᠴᠢ ᠠᠷᠣᠨ ᠤ ᠠᠴᠢ᠂ ᠡᠯᠧᠶᠠᠽᠠᠷ ᠤᠨ ᠬᠦᠦ ᠹᠢᠨᠧᠬᠠᠰ ᠡᠭᠦᠨ ᠢ ᠬᠠᠷᠠᠭᠠᠳ ᠨᠡᠢᠲᠡ ᠴᠢᠭᠤᠯᠭᠠᠨ ᠤ ᠳᠤᠮᠳᠠ ᠠᠴᠠ ᠭᠠᠷᠤᠨ ᠭᠠᠷ ᠲᠠᠭᠠᠨ ᠵᠢᠳᠠ ᠠᠪᠴᠤ᠂ 8 ᠮᠠᠢᠬᠠᠨ ᠤᠷᠤᠭᠤ ᠨᠢ ᠣᠷᠣᠵᠤ ᠨᠥᠭᠥᠭᠡ ᠢᠰᠷᠧᠯ ᠡᠷ᠎ᠡ ᠶᠢᠨ ᠠᠷᠤ ᠠᠴᠠ ᠨᠥᠭᠥᠭᠡ ᠡᠮᠡᠭᠲᠡᠢ ᠶᠢᠨ ᠬᠡᠪᠡᠯᠢ ᠳᠤ ᠬᠦᠷᠲᠡᠯ᠎ᠡ ᠴᠣᠭᠣ ᠰᠦᠯᠪᠡᠨ ᠬᠣᠶᠠᠭᠤᠯᠠ ᠶᠢ ᠨᠡᠪᠲᠡ ᠵᠢᠳᠠᠯᠠᠪᠠ᠃ ᠲᠡᠢᠨ ᠬᠦ ᠢᠰᠷᠧᠯᠴᠦᠳ ᠦᠨ ᠳᠡᠭᠡᠷᠡᠬᠢ ᠭᠠᠮᠰᠢᠭ ᠵᠣᠭᠰᠣᠯ᠎ᠠ᠃ 9 ᠭᠠᠮᠰᠢᠭ ᠢᠶᠠᠷ ᠦᠬᠦᠭᠰᠡᠳ ᠨᠢ ᠬᠣᠶᠠᠷ ᠲᠦᠮᠡ ᠳᠥᠷᠪᠡᠨ ᠮᠢᠩ᠋ᠭ᠎ᠠ ᠪᠠᠢᠪᠠ᠃

10 ᠶᠣᠬᠣᠸᠠ ᠮᠣᠰᠧ ᠳᠤ ᠠᠢᠯᠠᠳᠤᠨ᠄ 11 《ᠲᠠᠬᠢᠯᠴᠢ ᠠᠷᠣᠨ ᠤ ᠠᠴᠢ᠂ ᠡᠯᠧᠶᠠᠽᠠᠷ ᠤᠨ ᠬᠦᠦ ᠹᠢᠨᠧᠬᠠᠰ ᠢᠰᠷᠧᠯᠴᠦᠳ ᠡᠴᠡ ᠮᠢᠨᠦ ᠠᠭᠤᠷ ᠬᠢᠯᠢᠩ ᠢ ᠡᠷᠭᠢᠭᠦᠯᠵᠡᠢ᠃ ᠲᠡᠷᠡ ᠮᠢᠨᠦ ᠡᠮᠦᠨ᠎ᠡ ᠡᠴᠡ ᠲᠡᠳᠡᠨ ᠦ ᠳᠤᠮᠳᠠ ᠮᠢᠨᠦ ᠬᠠᠷᠠᠳᠠᠯᠲᠠ ᠶᠢ ᠶᠠᠪᠤᠭᠤᠯᠤᠭᠰᠠᠨ 72 ᠤᠴᠢᠷ ᠠᠴᠠ ᠪᠢ ᠢᠰᠷᠧᠯᠴᠦᠳ ᠢ ᠵᠢᠲᠥᠭᠡ ᠪᠡᠷ ᠢᠶᠠᠨ ᠤᠰᠠᠳᠬᠠᠭ᠎ᠠ ᠦᠭᠡᠢ᠃ 12 ᠡᠢᠮᠦ ᠡᠴᠡ ᠲᠡᠭᠦᠨ ᠳᠦ ᠬᠡᠯᠡᠭᠲᠦᠨ᠄ ᠬᠠᠷᠠ᠂ ᠪᠢ ᠲᠡᠭᠦᠨ ᠳᠦ ᠠᠮᠤᠷ ᠲᠠᠢᠪᠤᠩ ᠤᠨ ᠭᠡᠷ᠎ᠡ ᠪᠡᠨ ᠥᠭᠴᠦ ᠪᠠᠢᠨ᠎ᠠ᠃ 13 ᠡᠨᠡ ᠨᠢ ᠲᠡᠷᠡ ᠪᠣᠯᠣᠨ ᠲᠡᠭᠦᠨ ᠦ ᠦᠷ᠎ᠡ ᠤᠳᠤᠮ ᠳᠤ ᠲᠠᠬᠢᠯᠴᠢ ᠶᠢᠨ ᠲᠤᠰᠢᠶᠠᠯ ᠢ ᠮᠥᠩᠬᠡᠳᠡ ᠪᠠᠲᠤᠵᠢᠭᠤᠯᠬᠤ ᠭᠡᠷ᠎ᠡ ᠪᠣᠯᠣᠨ᠎ᠠ᠃ ᠤᠴᠢᠷ ᠨᠢ ᠲᠡᠷᠡ ᠪᠤᠷᠬᠠᠨ ᠤ ᠲᠥᠯᠥᠭᠡ ᠬᠠᠷᠠᠳᠠᠵᠤ᠂ ᠢᠰᠷᠧᠯᠴᠦᠳ ᠦᠨ ᠲᠥᠯᠥᠭᠡ ᠭᠡᠮ ᠦᠨ ᠬᠡᠯᠲᠦᠷᠢᠭᠦᠯᠦᠯᠭᠡ ᠬᠢᠭᠰᠡᠨ ᠶᠤᠮ》 ᠭᠡᠪᠡ᠃

14 ᠮᠢᠳᠢᠶᠠᠨ ᠡᠮᠡᠭᠲᠡᠢ ᠲᠡᠢ ᠬᠠᠮᠲᠤ ᠠᠯᠠᠭᠤᠯᠤᠭᠰᠠᠨ ᠡᠷ᠎ᠡ ᠶᠢᠨ ᠨᠡᠷ᠎ᠡ ᠶᠢ ᠽᠢᠮᠷᠢ ᠭᠡᠳᠡᠭ᠃ ᠲᠡᠷᠡ ᠪᠣᠯ ᠰᠠᠯᠦ᠋ ᠶᠢᠨ ᠬᠦᠦ ᠪᠥᠭᠡᠳ ᠰᠢᠮᠧᠶᠣᠨᠴᠤᠳ ᠤᠨ ᠨᠢᠭᠡ ᠪᠦᠯᠢ ᠶᠢᠨ ᠤᠳᠤᠷᠢᠳᠤᠭᠴᠢ ᠪᠠᠢᠪᠠ᠃ 15 ᠠᠯᠠᠭᠤᠯᠤᠭᠰᠠᠨ ᠮᠢᠳᠢᠶᠠᠨ ᠡᠮᠡᠭᠲᠡᠢ ᠶᠢᠨ ᠨᠡᠷ᠎ᠡ ᠨᠢ ᠺᠣᠽᠪᠢ ᠭᠡᠳᠡᠭ᠂ ᠲᠡᠷᠡ ᠮᠢᠳᠢᠶᠠᠨ ᠤ ᠨᠢᠭᠡ ᠪᠦᠯᠢ ᠶᠢᠨ ᠲᠣᠯᠣᠭᠠᠢᠯᠠᠭᠴᠢ ᠽᠦᠷ ᠦᠨ ᠥᠬᠢᠨ ᠪᠠᠢᠯ᠎ᠠ᠃

16 ᠶᠣᠬᠣᠸᠠ ᠮᠣᠰᠧ ᠳᠤ ᠠᠢᠯᠠᠳᠤᠨ᠄ 17 《ᠮᠢᠳᠢᠶᠠᠨᠴᠤᠳ ᠲᠠᠢ ᠳᠠᠢᠰᠤᠩᠨᠠᠨ᠂ ᠲᠡᠳᠡᠨ ᠢ ᠴᠣᠬᠢ᠃ 18 ᠤᠴᠢᠷ ᠨᠢ ᠲᠡᠳᠡ ᠫᠧᠶᠣᠷ 73  ᠤᠨ ᠬᠡᠷᠡᠭ᠂ ᠲᠤᠬᠠᠢᠯᠠᠪᠠᠯ ᠮᠢᠳᠢᠶᠠᠨ ᠤ ᠤᠳᠤᠷᠢᠳᠤᠭᠴᠢ ᠶᠢᠨ ᠥᠬᠢᠨ ᠺᠣᠽᠪᠢ ᠶᠢᠨ ᠬᠡᠷᠡᠭ ᠢᠶᠡᠷ ᠮᠡᠬᠡᠯᠡᠵᠦ ᠲᠠ ᠨᠠᠷ ᠢ ᠳᠠᠢᠰᠤᠩᠨᠠᠵᠠᠢ᠃ ᠲᠡᠳᠡᠨ ᠦ ᠥᠬᠢᠨ ᠳᠡᠭᠦᠦ ᠺᠣᠽᠪᠢ ᠫᠧᠶᠣᠷ ᠤᠨ ᠬᠡᠷᠡᠭ ᠢᠶᠡᠷ ᠭᠠᠮᠰᠢᠭ ᠲᠣᠬᠢᠶᠠᠯᠳᠤᠭᠰᠠᠨ ᠡᠳᠦᠷ ᠠᠯᠠᠭᠳᠠᠭᠰᠠᠨ ᠶᠤᠮ》 ᠭᠡᠪᠡ᠃