1 2 3 4 5 6 7 8 9 10 11 12 13 14 15 16 17 18 19 20 21 22 23 24 25 26 27 28 29 30 31 32 33 34 35 36


ᠲᠣᠭᠠᠯᠠᠯᠭ᠎ᠠ ᠬᠣᠷᠢᠨ ᠳᠣᠯᠣᠭ᠎ᠠ
 ᠽᠧᠯᠣᠹᠧᠬᠠᠳ᠋ ᠤᠨ ᠥᠬᠢᠳ

1 ᠶᠣᠰᠧᠹ ᠤᠨ ᠬᠦᠦ ᠮᠠᠨᠠᠰᠧ ᠡᠴᠡ ᠭᠠᠷᠤᠯ ᠲᠠᠢ ᠪᠥᠭᠡᠳ ᠮᠠᠨᠠᠰᠧ ᠶᠢᠨ ᠭᠤᠴᠢ᠂ ᠮᠠᠺᠢᠷ ᠤᠨ ᠵᠢᠴᠢ᠂ ᠭᠢᠯᠧᠶᠠᠳ᠋ ᠤᠨ ᠠᠴᠢ᠂ ᠾᠧᠹᠧᠷ ᠤᠨ ᠬᠦᠦ ᠽᠧᠯᠣᠹᠧᠬᠠᠳ᠋ ᠤᠨ ᠥᠬᠢᠳ ᠣᠢᠷᠠᠲᠤᠨ ᠢᠷᠡᠵᠡᠢ᠃ ᠲᠡᠷᠡ ᠥᠬᠢᠳ ᠢ ᠮᠠᠯᠠ᠂ ᠨᠣᠶᠠ᠂ ᠬᠣᠭᠯᠠ᠂ ᠮᠢᠯᠺᠠ᠂ ᠲᠢᠷᠽᠠ ᠭᠡᠳᠡᠭ᠃ 2 ᠲᠡᠳᠡ ᠠᠭᠤᠯᠵᠠᠯᠲᠠ ᠶᠢᠨ ᠴᠠᠴᠠᠷ ᠤᠨ ᠡᠭᠦᠳᠡᠨ ᠳᠦ ᠮᠣᠰᠧ᠂ ᠲᠠᠬᠢᠯᠴᠢ ᠡᠯᠧᠶᠠᠽᠠᠷ᠂ ᠤᠳᠤᠷᠢᠳᠤᠭᠴᠢᠳ ᠪᠣᠯᠣᠨ ᠨᠡᠢᠲᠡ ᠴᠢᠭᠤᠯᠭᠠᠨ ᠤ ᠡᠮᠦᠨ᠎ᠡ ᠵᠣᠭᠰᠣᠭᠠᠳ᠄ 3 《ᠮᠠᠨ ᠤ ᠡᠴᠢᠭᠡ ᠴᠥᠯ ᠳᠤ ᠨᠠᠰᠤ ᠪᠠᠷᠠᠭᠰᠠᠨ᠂ ᠬᠠᠷᠢᠨ ᠲᠡᠷᠡ ᠶᠣᠬᠣᠸᠠ ᠶᠢᠨ ᠡᠰᠡᠷᠭᠦ ᠴᠤᠭᠯᠠᠷᠠᠭᠰᠠᠨ ᠺᠣᠷᠠ ᠶᠢᠨ ᠪᠦᠯᠦᠭ ᠲᠦ ᠣᠷᠣᠭᠰᠠᠨ ᠦᠭᠡᠢ᠂ ᠭᠠᠭᠴᠠ ᠬᠦ ᠥᠪᠡᠷ ᠦᠨ ᠢᠶᠠᠨ ᠭᠡᠮ ᠨᠢᠭᠦᠯ ᠢᠶᠡᠷ ᠨᠠᠰᠤ ᠪᠠᠷᠠᠭᠰᠠᠨ᠃ ᠬᠠᠷᠢᠨ ᠲᠡᠭᠦᠨ ᠳᠦ ᠬᠦᠦ ᠪᠠᠢᠭᠰᠠᠨ ᠦᠭᠡᠢ᠃ 4 ᠬᠦᠦ ᠦᠭᠡᠢ ᠪᠣᠯᠬᠣᠷ ᠮᠠᠨ ᠤ ᠡᠴᠢᠭᠡ ᠶᠢᠨ ᠨᠡᠷ᠎ᠡ ᠠᠢᠮᠠᠭ ᠤᠨ ᠬᠢᠨ ᠤ ᠪᠠᠨ ᠳᠣᠲᠣᠷ᠎ᠠ ᠠᠴᠠ ᠠᠷᠢᠯᠬᠤ ᠶᠣᠰᠣᠲᠠᠢ ᠭᠡᠵᠢ ᠤᠤ︖ ᠡᠴᠢᠭᠡ ᠶᠢᠨ ᠮᠠᠨᠢ ᠠᠬ᠎ᠠ ᠳᠡᠭᠦᠦᠰ ᠲᠡᠢ ᠠᠳᠠᠯᠢ ᠪᠠᠷ ᠪᠢᠳᠡᠨ ᠳᠦ ᠴᠤ ᠥᠪ ᠥᠭᠭᠥᠭᠡᠴᠢ》 ᠭᠡᠪᠡ᠃

5 ᠮᠣᠰᠧ ᠲᠡᠳᠡᠨ ᠦ ᠬᠡᠷᠡᠭ ᠢ ᠶᠣᠬᠣᠸᠠ ᠶᠢᠨ ᠡᠮᠦᠨ᠎ᠡ ᠠᠪᠠᠴᠢᠪᠠ᠃ 6 ᠶᠣᠬᠣᠸᠠ ᠮᠣᠰᠧ ᠳᠤ ᠠᠢᠯᠠᠳᠤᠨ᠄ 7 《ᠽᠧᠯᠣᠹᠧᠬᠠᠳ᠋ ᠤᠨ ᠥᠬᠢᠳ ᠵᠥᠪ ᠵᠣᠬᠢᠰᠲᠠᠢ ᠵᠦᠢᠯ ᠢ ᠬᠡᠯᠡᠵᠦ ᠪᠠᠢᠨ᠎ᠠ᠃ ᠴᠢ ᠵᠠᠪᠠᠯ ᠲᠡᠳᠡᠨ ᠳᠦ ᠡᠴᠢᠭᠡ ᠶᠢᠨ ᠬᠢᠨᠢ ᠬᠠᠮᠢᠶᠠᠲᠠᠨ ᠨᠤᠭᠤᠳ ᠲᠠᠢ ᠬᠠᠮᠲᠤ ᠥᠪ ᠥᠮᠴᠢ ᠣᠯᠭᠣᠵᠤ᠂ ᠡᠴᠢᠭᠡ ᠶᠢᠨ ᠬᠢᠨᠢ ᠥᠪ ᠢ ᠲᠡᠳᠡᠨ ᠳᠦ ᠰᠢᠯᠵᠢᠭᠦᠯᠦᠭᠲᠦᠨ᠃ 8 ᠢᠰᠷᠧᠯᠴᠦᠳ ᠲᠦ ᠴᠤ ᠵᠠᠬᠢ᠄ ᠬᠡᠷᠪᠡ ᠬᠥᠮᠦᠨ ᠬᠦᠦ ᠦᠭᠡᠢ ᠦᠬᠦᠪᠡᠯ᠂ ᠲᠠ ᠨᠠᠷ ᠥᠪ ᠢ ᠨᠢ ᠲᠡᠭᠦᠨ ᠦ ᠥᠬᠢᠨ ᠳᠤ ᠰᠢᠯᠵᠢᠭᠦᠯ᠃ 9 ᠥᠬᠢᠨ ᠴᠤ ᠦᠭᠡᠢ ᠪᠠᠢᠪᠠᠯ ᠥᠪ ᠢ ᠨᠢ ᠲᠡᠭᠦᠨ ᠦ ᠠᠬ᠎ᠠ ᠳᠡᠭᠦᠦ ᠨᠠᠷ ᠲᠤ ᠥᠭ᠃ 10 ᠠᠬ᠎ᠠ ᠳᠡᠭᠦᠦ ᠴᠤ ᠦᠭᠡᠢ ᠪᠠᠢᠪᠠᠯ ᠥᠪ ᠢ ᠨᠢ ᠲᠡᠭᠦᠨ ᠦ ᠡᠴᠢᠭᠡ ᠶᠢᠨ ᠠᠬ᠎ᠠ ᠳᠡᠭᠦᠦ ᠨᠠᠷ ᠲᠤ ᠥᠭ᠃ 11 ᠡᠴᠢᠭᠡ ᠶᠢᠨ ᠬᠢᠨᠢ ᠠᠬ᠎ᠠ ᠳᠡᠭᠦᠦ ᠴᠤ ᠦᠭᠡᠢ ᠪᠠᠢᠪᠠᠯ ᠥᠪ ᠢ ᠨᠢ ᠲᠡᠭᠦᠨ ᠦ ᠠᠢᠮᠠᠭ ᠤᠨ ᠬᠠᠮᠤᠭ ᠤᠨ ᠣᠢᠷ᠎ᠠ ᠶᠢᠨ ᠬᠠᠮᠢᠶᠠᠲᠠᠨ ᠳᠤ ᠥᠭᠴᠦ ᠲᠡᠭᠦᠨ ᠦ ᠡᠵᠡᠮᠰᠢᠯ ᠪᠣᠯᠭ᠎ᠠ᠃ ᠶᠣᠬᠣᠸᠠ ᠶᠢᠨ ᠮᠣᠰᠧ ᠳᠤ ᠵᠠᠬᠢᠭᠰᠠᠨ ᠶᠣᠰᠣᠭᠠᠷ ᠡᠭᠦᠨ ᠢ ᠲᠠ ᠨᠠᠷ ᠢᠰᠷᠧᠯᠴᠦᠳ ᠦᠨ ᠰᠠᠬᠢᠬᠤ ᠶᠣᠰᠣ ᠵᠢᠷᠤᠮ ᠪᠣᠯᠭᠠᠭᠲᠤᠨ》 ᠭᠡᠪᠡ᠃
 ᠮᠣᠰᠧ ᠶᠢᠨ ᠵᠠᠯᠭᠠᠮᠵᠢᠯᠠᠭᠴᠢ ᠶᠣᠱᠦ᠋ᠶ᠎ᠠ

12 ᠶᠣᠬᠣᠸᠠ ᠮᠣᠰᠧ ᠳᠤ ᠠᠢᠯᠠᠳᠤᠨ᠄ 《ᠴᠢ ᠡᠨᠡ ᠠᠪᠠᠷᠢᠮ ᠠᠭᠤᠯᠠ ᠥᠭᠡᠳᠡ ᠭᠠᠷᠴᠤ᠂ ᠮᠢᠨᠦ ᠢᠰᠷᠧᠯᠴᠦᠳ ᠲᠦ ᠥᠭᠭᠥᠭᠰᠡᠨ ᠨᠤᠲᠤᠭ ᠢ ᠬᠠᠷᠠ᠃ 13 ᠲᠡᠭᠦᠨ ᠢ ᠬᠠᠷᠠᠭᠰᠠᠨ ᠤ ᠳᠠᠷᠠᠭ᠎ᠠ᠂ ᠴᠢ ᠠᠬ᠎ᠠ ᠠᠷᠣᠨ ᠤ ᠪᠠᠨ ᠠᠳᠠᠯᠢ ᠡᠴᠢᠭᠡ ᠡᠪᠦᠭᠡᠳ ᠤᠷᠤᠭᠤ ᠪᠠᠨ ᠣᠳᠬᠤ ᠪᠣᠯᠣᠨ᠎ᠠ᠃ 14 ᠤᠴᠢᠷ ᠨᠢ ᠲᠠ ᠨᠠᠷ ᠽᠢᠨ ᠤ ᠴᠥᠯ ᠳᠤ ᠮᠢᠨᠦ ᠦᠭᠡᠨ ᠳᠦ ᠳᠤᠭᠤᠯᠭᠠᠪᠤᠷᠢ ᠦᠭᠡᠢ ᠪᠠᠢᠭᠰᠠᠨ᠃ ᠨᠡᠢᠲᠡ ᠴᠢᠭᠤᠯᠭᠠᠨ ᠲᠡᠷᠰᠯᠡᠬᠦ ᠦᠶ᠎ᠡ ᠳᠦ᠂ ᠲᠡᠷᠡ ᠤᠰᠤᠨ ᠤ ᠳᠡᠷᠭᠡᠳᠡ ᠲᠠ ᠨᠠᠷ ᠲᠡᠳᠡᠨ ᠦ ᠨᠢᠳᠦᠨ ᠦ ᠡᠮᠦᠨ᠎ᠡ ᠨᠠᠮᠠᠶᠢ ᠠᠷᠢᠭᠤᠨ ᠨᠢᠭᠡᠨ ᠬᠡᠮᠡᠨ ᠢᠯᠡᠷᠬᠡᠶᠢᠯᠡᠭᠰᠡᠨ ᠦᠭᠡᠢ》 ᠭᠡᠪᠡ᠃ ᠲᠡᠷᠡ ᠤᠰᠤ ᠽᠢᠨ ᠤ ᠴᠥᠯ ᠦᠨ ᠮᠧᠷᠢᠪᠠ ᠺᠠᠳᠧᠱ ᠲᠤ ᠪᠠᠢᠭᠰᠠᠨ ᠪᠢᠯᠡ᠃ 15 ᠮᠣᠰᠧ ᠶᠣᠬᠣᠸᠠ ᠳᠤ ᠶᠠᠷᠢᠵᠤ᠄ 16 《ᠪᠦᠬᠦ ᠮᠢᠬᠠᠨ ᠪᠡᠶᠡᠲᠦ ᠬᠥᠮᠦᠨ ᠳᠦ ᠠᠮᠢ ᠰᠦᠨᠡᠰᠦ ᠬᠠᠢᠷᠠᠯᠠᠭᠴᠢ ᠪᠤᠷᠬᠠᠨ ᠶᠣᠬᠣᠸᠠ ᠨᠡᠢᠲᠡ ᠴᠢᠭᠤᠯᠭᠠᠨ ᠤ ᠳᠡᠭᠡᠷ᠎ᠡ ᠨᠢᠭᠡ ᠬᠥᠮᠦᠨ ᠢ ᠲᠣᠮᠢᠯᠠᠬᠤ ᠪᠣᠯᠲᠤᠭᠠᠢ᠃ 17 ᠲᠡᠭᠡᠪᠡᠯ ᠲᠡᠷᠡ ᠬᠥᠮᠦᠨ ᠲᠡᠳᠡᠨ ᠢ ᠳᠠᠭᠠᠭᠤᠯᠤᠨ ᠭᠠᠷᠴᠤ ᠳᠠᠭᠠᠭᠤᠯᠤᠨ ᠪᠤᠴᠠᠬᠤ ᠪᠠ ᠲᠡᠳᠡᠨ ᠢ ᠭᠠᠷᠭᠠᠵᠤ ᠲᠡᠳᠡᠨ ᠢ ᠪᠤᠴᠠᠭᠠᠬᠤ ᠪᠣᠯᠬᠣᠷ ᠶᠣᠬᠣᠸᠠ ᠶᠢᠨ ᠨᠡᠢᠲᠡ ᠴᠢᠭᠤᠯᠭᠠᠨ ᠬᠣᠨᠢᠴᠢᠨ ᠦᠭᠡᠢ ᠰᠦᠷᠦᠭ ᠮᠡᠲᠦ ᠪᠣᠯᠬᠤ ᠦᠭᠡᠢ》 ᠭᠡᠪᠡ᠃ 18 ᠶᠣᠬᠣᠸᠠ ᠮᠣᠰᠧ ᠳᠤ᠄ 《ᠴᠢ ᠨᠦᠨ ᠦ ᠬᠦᠦ ᠶᠣᠱᠦ᠋ᠶ᠎ᠠ ᠶᠢ ᠠᠪᠴᠤ ᠢᠷ᠎ᠡ᠂ ᠮᠢᠨᠦ ᠰᠦᠨᠡᠰᠦ ᠲᠡᠭᠦᠨ ᠳᠦ ᠪᠤᠢ᠃ ᠲᠡᠭᠦᠨ ᠳᠡᠭᠡᠷ᠎ᠡ ᠭᠠᠷ ᠢᠶᠠᠨ ᠲᠠᠯᠪᠢᠨ 19 ᠲᠠᠬᠢᠯᠴᠢ ᠡᠯᠧᠶᠠᠽᠠᠷ ᠪᠣᠯᠣᠨ ᠪᠦᠬᠦ ᠴᠢᠭᠤᠯᠭᠠᠨ ᠤ ᠡᠮᠦᠨ᠎ᠡ ᠵᠣᠭᠰᠣᠭᠠᠵᠤ᠂ ᠲᠡᠳᠡᠨ ᠦ ᠨᠢᠳᠦᠨ ᠡᠮᠦᠨ᠎ᠡ ᠲᠡᠭᠦᠨ ᠢ ᠲᠣᠮᠢᠯᠠ᠃ 20 ᠴᠢ ᠡᠷᠬᠡ ᠮᠡᠳᠡᠯ ᠢᠶᠡᠨ ᠲᠡᠭᠦᠨ ᠳᠦ ᠰᠢᠯᠵᠢᠭᠦᠯᠵᠦ ᠢᠰᠷᠧᠯᠴᠦᠳ ᠦᠨ ᠨᠡᠢᠲᠡ ᠴᠢᠭᠤᠯᠭᠠᠨ ᠢ ᠪᠦᠬᠦᠯᠢ ᠳᠦᠨᠢ ᠲᠡᠭᠦᠨ ᠳᠦ ᠳᠤᠭᠤᠯᠭᠠᠪᠤᠷᠢᠲᠠᠢ ᠪᠣᠯᠭᠠᠭᠲᠤᠨ᠃ 21 ᠲᠡᠷᠡ ᠪᠡᠷ ᠲᠠᠬᠢᠯᠴᠢ ᠡᠯᠧᠶᠠᠽᠠᠷ ᠲᠤ ᠣᠴᠢᠵᠤ ᠲᠡᠭᠦᠨ ᠦ ᠡᠮᠦᠨ᠎ᠡ ᠵᠣᠭᠰᠣᠪᠠᠯ ᠡᠯᠧᠶᠠᠽᠠᠷ ᠲᠡᠭᠦᠨ ᠦ ᠲᠥᠯᠥᠭᠡ ᠦᠷᠢᠮ 74  ᠤᠨ ᠰᠢᠢᠳᠪᠦᠷᠢ ᠶᠢ ᠶᠣᠬᠣᠸᠠ ᠠᠴᠠ ᠠᠰᠠᠭᠤᠨ᠎ᠠ᠃ ᠡᠢᠨ ᠬᠦ ᠢᠰᠷᠧᠯ ᠤᠨ ᠨᠡᠢᠲᠡ ᠴᠢᠭᠤᠯᠭᠠᠨ ᠪᠣᠯᠣᠨ ᠶᠣᠱᠦ᠋ᠶ᠎ᠠ ᠲᠡᠭᠦᠨ ᠦ ᠦᠭᠡ ᠪᠡᠷ ᠭᠠᠷᠴᠤ ᠲᠡᠭᠦᠨ ᠦ ᠦᠭᠡ ᠪᠡᠷ ᠪᠤᠴᠠᠬᠤ ᠪᠣᠯᠣᠨ᠎ᠠ》 ᠭᠡᠯ᠎ᠡ᠃ 22 ᠮᠣᠰᠧ ᠶᠣᠬᠣᠸᠠ ᠶᠢᠨ ᠥᠪᠡᠷ ᠲᠤᠨᠢ ᠵᠠᠬᠢᠭᠰᠠᠨ ᠶᠣᠰᠣᠭᠠᠷ ᠭᠦᠢᠴᠡᠳᠬᠡᠪᠡ᠃ ᠲᠡᠷᠡ ᠪᠡᠷ ᠶᠣᠱᠦ᠋ᠶ᠎ᠠ ᠶᠢ ᠠᠪᠴᠢᠷᠠᠵᠤ ᠲᠠᠬᠢᠯᠴᠢ ᠡᠯᠧᠶᠠᠽᠠᠷ ᠪᠣᠯᠣᠨ ᠨᠡᠢᠲᠡ ᠴᠢᠭᠤᠯᠭᠠᠨ ᠤ ᠡᠮᠦᠨ᠎ᠡ ᠵᠣᠭᠰᠣᠭᠠᠵᠤ᠂ 23 ᠲᠡᠭᠦᠨ ᠦ ᠳᠡᠭᠡᠷ᠎ᠡ ᠭᠠᠷ ᠢᠶᠠᠨ ᠲᠠᠯᠪᠢᠨ ᠲᠣᠮᠢᠯᠠᠪᠠ᠃ ᠡᠨᠡ ᠨᠢ ᠶᠣᠬᠣᠸᠠ ᠶᠢᠨ ᠮᠣᠰᠧ ᠪᠠᠷ ᠳᠠᠮᠵᠢᠭᠤᠯᠤᠨ ᠠᠢᠯᠠᠳᠤᠭᠰᠠᠨ ᠶᠣᠰᠣᠭᠠᠷ ᠪᠣᠯᠣᠭᠰᠠᠨ ᠪᠠᠢᠨ᠎ᠠ᠃