ᠲᠣᠭᠠᠯᠠᠯᠭ᠎ᠠ ᠭᠤᠴᠢᠨ ᠨᠢᠭᠡ
ᠮᠢᠳᠢᠶᠠᠨᠴᠤᠳ ᠠᠴᠠ ᠥᠰᠢᠶ᠎ᠡ ᠪᠡᠨ ᠠᠪᠤᠪᠠ
1 ᠶᠣᠬᠣᠸᠠ ᠮᠣᠰᠧ ᠳᠤ ᠠᠢᠯᠠᠳᠤᠨ᠄ 2 《ᠢᠰᠷᠧᠯᠴᠦᠳ ᠦᠨ ᠥᠰᠢᠶ᠎ᠡ ᠶᠢ ᠮᠢᠳᠢᠶᠠᠨᠴᠤᠳ ᠠᠴᠠ ᠠᠪᠤᠭᠲᠤᠨ᠃ ᠡᠭᠦᠨ ᠦ ᠳᠠᠷᠠᠭ᠎ᠠ ᠴᠢ ᠡᠪᠦᠭᠡ ᠳᠡᠭᠡᠳᠦᠰ ᠤᠷᠤᠭᠤ ᠪᠠᠨ ᠣᠳᠬᠤ ᠪᠣᠯᠣᠨ᠎ᠠ》 ᠭᠡᠪᠡ᠃ 3 ᠮᠣᠰᠧ ᠠᠷᠠᠳ ᠣᠯᠠᠨ ᠳᠤ ᠬᠡᠯᠡᠨ᠄ 《ᠥᠪᠡᠷᠰᠡᠳ ᠦᠨ ᠢᠶᠠᠨ ᠳᠤᠮᠳᠠ ᠠᠴᠠ ᠳᠠᠢᠨ ᠳᠤ ᠮᠣᠷᠳᠠᠬᠤ ᠬᠥᠮᠦᠰ ᠢ ᠵᠡᠪᠰᠡᠭᠯᠡᠭᠲᠦᠨ᠃ ᠮᠢᠳᠢᠶᠠᠨ ᠢ ᠴᠣᠬᠢᠵᠤ᠂ ᠮᠢᠳᠢᠶᠠᠨ ᠠᠴᠠ ᠶᠣᠬᠣᠸᠠ ᠶᠢᠨ ᠥᠰᠢᠶ᠎ᠡ ᠶᠢ ᠠᠪ᠃ 4 ᠢᠰᠷᠧᠯ ᠤᠨ ᠣᠪᠣᠭ ᠪᠦᠷᠢ ᠡᠴᠡ ᠨᠢᠭᠡ ᠮᠢᠩ᠋ᠭᠠᠲᠤ ᠶᠢ ᠳᠠᠢᠨ ᠳᠤ ᠢᠯᠡᠭᠡᠬᠦ ᠶᠣᠰᠣᠲᠠᠢ》 ᠭᠡᠯᠡ᠃ 5 ᠡᠢᠨ ᠬᠦ ᠣᠪᠣᠭ ᠪᠦᠷᠢ ᠨᠢᠭᠡ ᠮᠢᠩ᠋ᠭᠠᠲᠤ᠂ ᠢᠰᠷᠧᠯ ᠤᠨ ᠦᠢ ᠲᠦᠮᠡᠨ ᠬᠥᠮᠦᠨ ᠡᠴᠡ ᠠᠷᠪᠠᠨ ᠬᠣᠶᠠᠷ ᠮᠢᠩ᠋ᠭᠠᠲᠤ ᠶᠢ ᠳᠠᠢᠨ ᠳᠤ ᠵᠡᠪᠰᠡᠭᠯᠡᠪᠡ᠃ 6 ᠮᠣᠰᠧ ᠲᠠᠬᠢᠯᠴᠢ ᠡᠯᠧᠶᠠᠽᠠᠷ ᠤᠨ ᠬᠦᠦ ᠹᠢᠨᠧᠬᠠᠰ ᠤᠨ ᠭᠠᠷ ᠲᠤ ᠠᠷᠢᠭᠤᠨ ᠭᠠᠵᠠᠷ ᠤᠨ ᠬᠡᠷᠡᠭᠰᠡᠯ ᠤᠳ ᠪᠣᠯᠣᠨ ᠲᠦᠭᠰᠢᠭᠦᠷᠢ ᠶᠢᠨ ᠳᠣᠬᠢᠶᠠᠨ ᠤ ᠪᠦᠷᠢᠶ᠎ᠡ ᠨᠦᠭᠦᠳ ᠢ ᠪᠠᠷᠢᠭᠤᠯᠵᠤ᠂ ᠣᠪᠣᠭ ᠪᠦᠷᠢ ᠶᠢᠨ ᠨᠢᠭᠡ ᠮᠢᠩ᠋ᠭᠠᠲᠤ ᠶᠢ ᠲᠡᠭᠦᠨ ᠲᠡᠢ ᠬᠠᠮᠲᠤ ᠳᠠᠢᠨ ᠳᠤ ᠢᠯᠡᠭᠡᠵᠡᠢ᠃ 7 ᠶᠣᠬᠣᠸᠠ ᠶᠢᠨ ᠮᠣᠰᠧ ᠳᠤ ᠲᠤᠰᠢᠶᠠᠭᠰᠠᠨ ᠶᠣᠰᠣᠭᠠᠷ ᠲᠡᠳᠡ ᠮᠢᠳᠢᠶᠠᠨ ᠤ ᠡᠰᠡᠷᠭᠦ ᠳᠠᠢᠲᠤᠵᠤ ᠡᠷ᠎ᠡ ᠬᠦᠢᠰᠦᠲᠡᠨ ᠪᠦᠷᠢ ᠶᠢ ᠠᠯᠠᠪᠠ᠃ 8 ᠠᠯᠠᠭᠳᠠᠭᠰᠠᠳ ᠤᠨ ᠳᠤᠮᠳᠠ ᠪᠤᠰᠤᠳ ᠬᠥᠮᠦᠰ ᠡᠴᠡ ᠭᠠᠳᠠᠨ᠎ᠠ ᠮᠢᠳᠢᠶᠠᠨ ᠤ ᠬᠠᠭᠠᠳ ᠴᠤ ᠪᠠᠢᠪᠠ᠃ ᠮᠢᠳᠢᠶᠠᠨ ᠤ ᠲᠠᠪᠤᠨ ᠬᠠᠭᠠᠨ᠂ ᠲᠤᠬᠠᠢᠯᠠᠪᠠᠯ ᠧᠸᠢ᠂ ᠷᠧᠺᠧᠮ᠂ ᠽᠦᠷ᠂ ᠾᠦᠷ᠂ ᠷᠧᠪᠠ ᠠᠴᠠ ᠭᠠᠳᠠᠨ᠎ᠠ ᠪᠧᠶᠣᠷ ᠤᠨ ᠬᠦᠦ ᠪᠠᠯᠠᠮ ᠴᠤ ᠢᠯᠳᠦᠨ ᠳᠦ ᠰᠥᠨᠥᠭᠡᠭᠳᠡᠵᠡᠢ᠃ 9 ᠢᠰᠷᠧᠯᠴᠦᠳ ᠮᠢᠳᠢᠶᠠᠨ ᠤ ᠡᠮᠡᠭᠲᠡᠢᠴᠦᠳ ᠪᠣᠯᠣᠨ ᠲᠡᠳᠡᠨ ᠦ ᠪᠠᠭᠠᠴᠤᠳ ᠢ ᠣᠯᠵᠠᠯᠠᠨ ᠠᠪᠴᠤ᠂ ᠮᠢᠳᠢᠶᠠᠨᠴᠤᠳ ᠤᠨ ᠪᠦᠬᠦ ᠮᠠᠯ ᠰᠦᠷᠦᠭ ᠪᠣᠯᠣᠨ ᠪᠦᠬᠦ ᠡᠳ᠋ ᠬᠥᠷᠥᠩᠭᠡ ᠶᠢ ᠳᠡᠭᠡᠷᠡᠮᠳᠡᠭᠡᠳ 10 ᠲᠡᠳᠡᠨ ᠦ ᠰᠠᠭᠤᠵᠤ ᠪᠠᠢᠭᠰᠠᠨ ᠪᠦᠬᠦ ᠲᠣᠰᠬᠣᠨ ᠢ ᠬᠤᠸᠠᠷᠠᠨ ᠨᠤᠭᠤᠳ ᠲᠠᠢ ᠨᠢ ᠬᠠᠮᠲᠤ ᠭᠠᠯᠳᠠᠨ ᠰᠢᠲᠠᠭᠠᠪᠠ᠃ 11 ᠢᠩᠭᠢᠭᠡᠳ ᠲᠡᠳᠡ ᠬᠥᠮᠦᠨ ᠮᠠᠯ ᠠᠴᠠ ᠭᠠᠳᠠᠨ᠎ᠠ ᠶᠠᠩᠵᠤ ᠪᠦᠷᠢ ᠶᠢᠨ ᠣᠯᠵᠠ ᠣᠮᠣᠭ ᠣᠯᠣᠭᠰᠠᠨ ᠪᠥᠭᠡᠳ 12 ᠣᠯᠵᠠᠯᠠᠭᠳᠠᠭᠰᠠᠳ ᠢᠶᠠᠨ ᠣᠯᠵᠠ ᠣᠮᠣᠭ ᠲᠠᠢ ᠪᠠᠨ ᠬᠠᠮᠲᠤ ᠶᠧᠷᠢᠺᠣ ᠶᠢᠨ ᠴᠠᠭᠠᠨ᠎ᠠ ᠶᠣᠷᠳᠠᠨ ᠭᠣᠣᠯ ᠤᠨ ᠬᠠᠵᠠᠭᠤ ᠮᠣᠶᠠᠪ ᠤᠨ ᠲᠠᠯ᠎ᠠ ᠳᠠᠬᠢ ᠬᠤᠸᠠᠷᠠᠨ ᠳᠤ ᠪᠠᠢᠭ᠎ᠠ ᠮᠣᠰᠧ᠂ ᠲᠠᠬᠢᠯᠴᠢ ᠡᠯᠧᠶᠠᠽᠠᠷ ᠪᠠ ᠢᠰᠷᠧᠯᠴᠦᠳ ᠦᠨ ᠨᠡᠢᠲᠡ ᠴᠢᠭᠤᠯᠭᠠᠨ ᠳᠤ ᠠᠪᠴᠢᠷᠠᠯ᠎ᠠ᠃
13 ᠮᠣᠰᠧ᠂ ᠲᠠᠬᠢᠯᠴᠢ ᠡᠯᠧᠶᠠᠽᠠᠷ ᠪᠣᠯᠣᠨ ᠨᠡᠢᠲᠡ ᠴᠢᠭᠤᠯᠭᠠᠨ ᠤ ᠪᠦᠬᠦ ᠤᠳᠤᠷᠢᠳᠤᠭᠴᠢ ᠲᠡᠳᠡᠨ ᠢ ᠤᠭᠲᠤᠬᠤ ᠪᠠᠷ ᠬᠤᠸᠠᠷᠠᠨ ᠤ ᠭᠠᠳᠠᠨ᠎ᠠ ᠭᠠᠷᠴᠠᠭᠠᠪᠠ᠃ 14 ᠬᠠᠷᠢᠨ ᠮᠣᠰᠧ ᠳᠠᠢᠨ ᠤ ᠲᠠᠯᠠᠪᠤᠷ ᠠᠴᠠ ᠪᠤᠴᠠᠵᠤ ᠢᠷᠡᠭᠰᠡᠨ ᠮᠢᠩ᠋ᠭᠠᠲᠤ ᠶᠢᠨ ᠳᠠᠷᠤᠭ᠎ᠠ᠂ ᠵᠠᠭᠤᠲᠤ ᠶᠢᠨ ᠳᠠᠷᠤᠭ᠎ᠠ ᠵᠡᠷᠭᠡ ᠴᠡᠷᠢᠭ ᠤᠨ ᠵᠠᠬᠢᠷᠤᠭᠴᠢᠳ ᠲᠤ ᠠᠭᠤᠷᠯᠠᠭᠰᠠᠨ ᠪᠠᠢᠨ᠎ᠠ᠃ 15 ᠮᠣᠰᠧ ᠲᠡᠳᠡᠨ ᠳᠦ᠄ 《ᠪᠦᠬᠦ ᠡᠮᠡᠭᠲᠡᠢᠴᠦᠳ ᠦᠨ ᠠᠮᠢ ᠶᠢ ᠬᠡᠯᠲᠦᠷᠢᠭᠦᠯᠦᠭᠰᠡᠨ ᠭᠡᠨ᠎ᠡ ᠤᠤ︖ 16 ᠬᠠᠷ᠎ᠠ︕ ᠶᠠᠭ ᠡᠨᠡ ᠡᠮᠡᠭᠲᠡᠢᠴᠦᠳ ᠫᠧᠶᠣᠷ 87 ᠤᠨ ᠶᠠᠪᠤᠳᠠᠯ ᠳᠡᠭᠡᠷ᠎ᠡ ᠪᠠᠯᠠᠮ ᠤᠨ ᠵᠥᠪᠯᠡᠯᠭᠡ ᠶᠢ ᠳᠠᠭᠠᠨ ᠢᠰᠷᠧᠯᠴᠦᠳ ᠢ ᠶᠣᠬᠣᠸᠠ ᠠᠴᠠ ᠰᠠᠯᠭᠠᠵᠤ ᠭᠡᠮ ᠳᠦ ᠣᠷᠣᠭᠤᠯᠤᠭᠰᠠᠨ ᠪᠣᠯᠬᠣᠷ ᠶᠣᠬᠣᠸᠠ ᠶᠢᠨ ᠠᠷᠠᠳ ᠲᠦᠮᠡᠨ ᠦ ᠳᠤᠮᠳᠠ ᠭᠠᠮᠰᠢᠭ ᠠᠪᠴᠢᠷᠠᠭᠰᠠᠨ ᠪᠢᠯᠡ᠃ 17 ᠣᠳᠣ ᠪᠠᠭᠠᠴᠤᠳ ᠤᠨ ᠳᠤᠮᠳᠠᠬᠢ ᠡᠷ᠎ᠡ ᠬᠦᠢᠰᠦᠲᠡᠨ ᠪᠦᠷᠢ ᠶᠢ ᠠᠯᠠ᠂ ᠮᠥᠨ ᠡᠷ᠎ᠡ ᠬᠥᠮᠦᠨ ᠲᠡᠢ ᠤᠨᠲᠠᠭᠰᠠᠨ ᠡᠮᠡᠭᠲᠡᠢ ᠪᠣᠯᠭᠠᠨ ᠢ ᠠᠯᠠ᠃ 18 ᠬᠠᠷᠢᠨ ᠡᠷ᠎ᠡ ᠬᠥᠮᠦᠨ ᠲᠡᠢ ᠤᠨᠲᠠᠭ᠎ᠠ ᠦᠭᠡᠢ ᠥᠬᠢᠳ ᠢ ᠨᠢ ᠪᠦᠭᠦᠳᠡ ᠦᠯᠡᠳᠡᠭᠡᠵᠦ ᠪᠣᠯᠣᠨ᠎ᠠ᠃ 19 ᠬᠠᠷᠢᠨ ᠲᠠ ᠨᠠᠷ ᠬᠤᠸᠠᠷᠠᠨ ᠤ ᠭᠠᠳᠠᠨ᠎ᠠ ᠳᠣᠯᠣᠭᠠᠨ ᠬᠣᠨᠣᠭ ᠪᠠᠭᠤᠳᠠᠯᠯᠠᠭᠲᠤᠨ᠃ ᠭᠤᠷᠪᠠᠳᠠᠬᠢ᠂ ᠳᠣᠯᠣᠳᠠᠬᠢ ᠡᠳᠦᠷ ᠨᠢ ᠬᠥᠮᠦᠨ ᠠᠯᠠᠭᠰᠠᠨ ᠬᠥᠮᠦᠨ᠂ ᠠᠯᠠᠭᠤᠯᠤᠭᠰᠠᠨ ᠨᠢᠭᠡᠨ ᠳᠦ ᠬᠦᠷᠦᠭᠰᠡᠨ ᠬᠥᠮᠦᠨ ᠪᠦᠷᠢ᠂ ᠮᠥᠨ ᠲᠠ ᠨᠠᠷ ᠤᠨ ᠣᠯᠵᠠᠯᠠᠭᠳᠠᠭᠰᠠᠳ ᠴᠤ ᠴᠡᠪᠡᠷᠰᠢᠭᠦᠯᠦᠯᠲᠡ ᠬᠢᠬᠦ ᠶᠣᠰᠣᠲᠠᠢ᠃ 20 ᠡᠭᠦᠨ ᠡᠴᠡ ᠭᠠᠳᠠᠨ᠎ᠠ ᠬᠤᠪᠴᠠᠰᠤ ᠬᠤᠨᠠᠷ᠂ ᠠᠷᠠᠰᠤᠨ ᠡᠳ᠋ᠯᠡᠯ᠂ ᠢᠮᠠᠭᠠᠨ ᠨᠣᠣᠯᠤᠤᠷ ᠤᠨ ᠡᠳ᠋᠂ ᠮᠥᠨ ᠮᠣᠳᠣᠨ ᠡᠳ᠋ᠯᠡᠯ ᠪᠦᠷᠢ ᠶᠢ ᠴᠡᠪᠡᠷᠰᠢᠭᠦᠯᠦᠭᠲᠦᠨ》 ᠭᠡᠯᠡ᠃
21 ᠲᠠᠬᠢᠯᠴᠢ ᠡᠯᠧᠶᠠᠽᠠᠷ ᠳᠠᠢᠨ ᠳᠤ ᠶᠠᠪᠤᠭᠰᠠᠨ ᠴᠡᠷᠢᠭ ᠡᠷᠡᠰ ᠲᠦ᠄ 《ᠶᠣᠬᠣᠸᠠ ᠶᠢᠨ ᠮᠣᠰᠧ ᠳᠤ ᠲᠤᠰᠢᠶᠠᠭᠰᠠᠨ ᠬᠠᠤᠯᠢ ᠳᠦᠷᠢᠮ ᠡᠨᠡ ᠪᠠᠢᠨ᠎ᠠ᠄ 22 ᠠᠯᠲᠠ᠂ ᠮᠥᠩᠭᠥ᠂ ᠬᠦᠷᠡᠯ᠂ ᠲᠡᠮᠦᠷ᠂ ᠴᠠᠭᠠᠨ ᠲᠤᠭᠤᠯᠭ᠎ᠠ᠂ ᠬᠠᠷ᠎ᠠ ᠲᠤᠭᠤᠯᠭ᠎ᠠ ᠵᠡᠷᠭᠡ ᠶᠢᠨ 23 ᠭᠠᠯ ᠳᠤ ᠲᠡᠰᠪᠦᠷᠢᠲᠡᠢ ᠪᠦᠬᠦᠨ ᠢ ᠲᠠ ᠨᠠᠷ ᠭᠠᠯ ᠳᠤᠮᠳᠠᠭᠤᠷ ᠭᠠᠷᠭ᠎ᠠ᠂ ᠲᠡᠭᠡᠪᠡᠯ ᠡᠳᠡᠭᠡᠷ ᠨᠢ ᠴᠡᠪᠡᠷ ᠪᠣᠯᠬᠤ ᠪᠣᠯᠪᠠᠴᠤ ᠪᠠᠰᠠ ᠴᠡᠪᠡᠷᠰᠢᠭᠦᠯᠬᠦ ᠤᠰᠤ ᠪᠠᠷ ᠴᠡᠪᠡᠷᠰᠢᠭᠦᠯᠬᠦ ᠶᠣᠰᠣᠲᠠᠢ᠃ ᠬᠠᠷᠢᠨ ᠭᠠᠯ ᠳᠤ ᠲᠡᠰᠪᠦᠷᠢ ᠦᠭᠡᠢ ᠪᠦᠬᠦ ᠵᠦᠢᠯ ᠢ ᠤᠰᠤᠨ ᠤ ᠳᠤᠮᠳᠠᠭᠤᠷ ᠭᠠᠷᠭ᠎ᠠ᠃ 24 ᠲᠠ ᠨᠠᠷ ᠳᠣᠯᠣᠳᠠᠬᠢ ᠡᠳᠦᠷ ᠬᠤᠪᠴᠠᠰᠤ ᠪᠠᠨ ᠤᠬᠢᠶᠠᠨ ᠴᠡᠪᠡᠷ ᠪᠣᠯᠣᠭᠰᠠᠨ ᠤ ᠳᠠᠷᠠᠭ᠎ᠠ ᠬᠤᠸᠠᠷᠠᠨ ᠳᠤ ᠣᠷᠣᠵᠤ ᠪᠣᠯᠣᠨ᠎ᠠ》 ᠭᠡᠪᠡ᠃
ᠣᠯᠵᠠ ᠪᠠᠨ ᠬᠤᠪᠢᠶᠠᠪᠠ
25 ᠶᠣᠬᠣᠸᠠ ᠮᠣᠰᠧ ᠳᠤ ᠠᠢᠯᠠᠳᠤᠨ᠄ 26 《ᠴᠢ ᠣᠯᠵᠠᠯᠠᠭᠰᠠᠨ ᠪᠦᠬᠦ ᠬᠥᠮᠦᠨ ᠪᠠ ᠮᠠᠯ ᠤᠨ ᠲᠣᠭ᠎ᠠ ᠶᠢ ᠲᠠᠬᠢᠯᠴᠢ ᠡᠯᠧᠶᠠᠽᠠᠷ ᠪᠣᠯᠣᠨ ᠨᠡᠢᠲᠡ ᠴᠢᠭᠤᠯᠭᠠᠨ ᠤ ᠪᠦᠯᠢ ᠨᠦᠭᠦᠳ ᠦᠨ ᠲᠣᠯᠣᠭᠠᠢᠯᠠᠭᠴᠢ ᠲᠠᠢ ᠬᠠᠮᠲᠤ ᠪᠦᠷᠢᠳᠬᠡᠵᠦ᠂ 27 ᠣᠯᠵᠠ ᠣᠮᠣᠭ ᠢ ᠬᠤᠪᠢᠶᠠᠵᠤ᠂ ᠬᠠᠭᠠᠰ ᠢ ᠨᠢ ᠳᠠᠢᠨ ᠳᠤ ᠶᠠᠪᠤᠭᠰᠠᠨ ᠬᠥᠮᠦᠰ ᠲᠦ᠂ ᠬᠠᠭᠠᠰ ᠢ ᠨᠢ ᠴᠢᠭᠤᠯᠭᠠᠨ ᠤ ᠪᠤᠰᠤᠳ ᠬᠥᠮᠦᠰ ᠲᠦ ᠥᠭ᠃ 28 ᠬᠠᠷᠢᠨ ᠳᠠᠢᠨ ᠳᠤ ᠶᠠᠪᠤᠭᠰᠠᠨ ᠬᠥᠮᠦᠰ ᠡᠴᠡ ᠬᠥᠮᠦᠨ᠂ ᠦᠬᠡᠷ᠂ ᠡᠯᠵᠢᠭᠡ᠂ ᠬᠣᠨᠢᠨ ᠤ ᠬᠢᠨᠢ ᠲᠠᠪᠤᠨ ᠵᠠᠭᠤ ᠠᠴᠠ ᠨᠢᠭᠡ ᠶᠢ ᠶᠣᠬᠣᠸᠠ ᠶᠢᠨ ᠬᠤᠪᠢ ᠪᠣᠯᠭᠠᠨ ᠬᠤᠷᠢᠶᠠᠵᠤ ᠠᠪ᠃ 29 ᠡᠢᠨ ᠬᠦ ᠲᠡᠳᠡᠨ ᠦ ᠬᠦᠷᠲᠡᠭᠰᠡᠨ ᠬᠠᠭᠠᠰ ᠠᠴᠠ ᠠᠪᠴᠤ᠂ ᠶᠣᠬᠣᠸᠠ ᠳᠤ ᠡᠷᠭᠦᠬᠦ ᠡᠷᠭᠦᠯ ᠪᠣᠯᠭᠠᠨ ᠲᠠᠬᠢᠯᠴᠢ ᠡᠯᠧᠶᠠᠽᠠᠷ ᠲᠤ ᠥᠭᠭᠥᠭᠡᠷᠡᠢ᠃ 30 ᠪᠤᠰᠤᠳ ᠢᠰᠷᠧᠯᠴᠦᠳ ᠦᠨ ᠬᠦᠷᠲᠡᠭᠰᠡᠨ ᠬᠠᠭᠠᠰ ᠠᠴᠠ ᠬᠥᠮᠦᠨ ᠪᠠ ᠦᠬᠡᠷ᠂ ᠡᠯᠵᠢᠭᠡ᠂ ᠬᠣᠨᠢ ᠵᠡᠷᠭᠡ ᠠᠯᠢᠪᠠ ᠠᠮᠢᠲᠠᠨ ᠤ ᠲᠠᠪᠢ ᠪᠦᠷᠢ ᠡᠴᠡ ᠨᠢᠭᠡ ᠶᠢ ᠠᠪᠴᠤ᠂ ᠶᠣᠬᠣᠸᠠ ᠶᠢᠨ ᠣᠷᠣᠰᠢᠬᠤᠢ ᠶᠢᠨ ᠴᠠᠴᠠᠷ ᠢ ᠬᠠᠷᠢᠭᠤᠴᠠᠳᠠᠭ ᠯᠧᠸᠢᠴᠦᠳ ᠲᠦ ᠥᠭ》 ᠭᠡᠪᠡ᠃
31 ᠮᠣᠰᠧ ᠪᠣᠯᠣᠨ ᠲᠠᠬᠢᠯᠴᠢ ᠡᠯᠧᠶᠠᠽᠠᠷ ᠨᠠᠷ ᠶᠣᠬᠣᠸᠠ ᠶᠢᠨ ᠮᠣᠰᠧ ᠳᠤ ᠲᠤᠰᠢᠶᠠᠭᠰᠠᠨ ᠶᠣᠰᠣᠭᠠᠷ ᠭᠦᠢᠴᠡᠳᠬᠡᠵᠡᠢ᠃
32 ᠳᠠᠢᠴᠢᠳ ᠤᠨ ᠪᠤᠯᠢᠶᠠᠭᠰᠠᠨ ᠣᠯᠵᠠᠨ ᠠᠴᠠ ᠦᠯᠡᠳᠡᠭᠰᠡᠨ ᠨᠢ ᠵᠢᠷᠠᠨ ᠳᠣᠯᠣᠭᠠᠨ ᠲᠦᠮᠡ ᠲᠠᠪᠤᠨ ᠮᠢᠩ᠋ᠭᠠᠨ ᠬᠣᠨᠢ᠂ 33 ᠳᠣᠯᠣᠭᠠᠨ ᠲᠦᠮᠡ ᠬᠣᠶᠠᠷ ᠮᠢᠩ᠋ᠭᠠᠨ ᠦᠬᠡᠷ᠂ 34 ᠵᠢᠷᠭᠤᠭᠠᠨ ᠲᠦᠮᠡ ᠨᠢᠭᠡ ᠮᠢᠩ᠋ᠭᠠᠨ ᠡᠯᠵᠢᠭᠡ ᠬᠢᠭᠡᠳ 35 ᠡᠷ᠎ᠡ ᠬᠥᠮᠦᠨ ᠲᠡᠢ ᠤᠨᠲᠠᠵᠤ ᠦᠵᠡᠭᠡ ᠦᠭᠡᠢ ᠭᠤᠷᠪᠠᠨ ᠲᠦᠮᠡ ᠬᠣᠶᠠᠷ ᠮᠢᠩ᠋ᠭᠠᠨ ᠡᠮᠡᠭᠲᠡᠢ ᠪᠠᠢᠯ᠎ᠠ᠃
36 ᠡᠳᠡᠭᠡᠷ ᠦᠨ ᠬᠠᠭᠠᠰ᠂ ᠳᠠᠢᠨ ᠳᠤ ᠶᠠᠪᠤᠭᠰᠠᠨ ᠬᠥᠮᠦᠰ ᠦᠨ ᠬᠢ ᠪᠣᠯᠣᠭᠰᠠᠨ ᠭᠤᠴᠢᠨ ᠭᠤᠷᠪᠠᠨ ᠲᠦᠮᠡ ᠳᠣᠯᠣᠭᠠᠨ ᠮᠢᠩ᠋ᠭ᠎ᠠ ᠲᠠᠪᠤᠨ ᠵᠠᠭᠤᠨ ᠬᠣᠨᠢ ᠡᠴᠡ 37 ᠵᠢᠷᠭᠤᠭᠠᠨ ᠵᠠᠭᠤ ᠳᠠᠯᠠᠨ ᠲᠠᠪᠤ ᠨᠢ ᠶᠣᠬᠣᠸᠠ ᠶᠢᠨ ᠬᠤᠪᠢ᠂ 38 ᠭᠤᠷᠪᠠᠨ ᠲᠦᠮᠡ ᠵᠢᠷᠭᠤᠭᠠᠨ ᠮᠢᠩ᠋ᠭᠠᠨ ᠦᠬᠡᠷ ᠡᠴᠡ ᠳᠠᠯᠠᠨ ᠬᠣᠶᠠᠷ ᠨᠢ ᠶᠣᠬᠣᠸᠠ ᠶᠢᠨ ᠬᠤᠪᠢ᠂ 39 ᠭᠤᠷᠪᠠᠨ ᠲᠦᠮᠡ ᠲᠠᠪᠤᠨ ᠵᠠᠭᠤᠨ ᠡᠯᠵᠢᠭᠡ ᠡᠴᠡ ᠵᠢᠷᠠᠨ ᠨᠢᠭᠡ ᠨᠢ ᠶᠣᠬᠣᠸᠠ ᠶᠢᠨ ᠬᠤᠪᠢ᠂ 40 ᠲᠦᠮᠡ ᠵᠢᠷᠭᠤᠭᠠᠨ ᠮᠢᠩ᠋ᠭᠠᠨ ᠬᠥᠮᠦᠨ ᠡᠴᠡ ᠭᠤᠴᠢᠨ ᠬᠣᠶᠠᠷ ᠨᠢ ᠶᠣᠬᠣᠸᠠ ᠶᠢᠨ ᠬᠤᠪᠢ ᠪᠣᠯᠣᠯ᠎ᠠ᠃ 41 ᠶᠣᠬᠣᠸᠠ ᠶᠢᠨ ᠮᠣᠰᠧ ᠳᠤ ᠲᠤᠰᠢᠶᠠᠭᠰᠠᠨ ᠶᠣᠰᠣᠭᠠᠷ ᠡᠳᠡᠭᠡᠷ ᠬᠤᠪᠢ ᠶᠢ ᠮᠣᠰᠧ ᠶᠣᠬᠣᠸᠠ ᠳᠤ ᠪᠠᠷᠢᠬᠤ ᠡᠷᠭᠦᠯ ᠪᠣᠯᠭᠠᠨ ᠲᠠᠬᠢᠯᠴᠢ ᠡᠯᠧᠶᠠᠽᠠᠷ ᠲᠤ ᠥᠭᠪᠡ᠃
42 ᠨᠥᠭᠥᠭᠡ ᠬᠠᠭᠠᠰ᠂ ᠲᠤᠬᠠᠢᠯᠠᠪᠠᠯ ᠮᠣᠰᠧ ᠶᠢᠨ ᠳᠠᠢᠨ ᠳᠤ ᠶᠠᠪᠤᠭᠰᠠᠨ ᠬᠥᠮᠦᠰ ᠡᠴᠡ ᠠᠪᠴᠤ ᠪᠤᠰᠤᠳ ᠢᠰᠷᠧᠯᠴᠦᠳ ᠲᠦ ᠥᠭᠭᠥᠭᠰᠡᠨ ᠢᠶᠡᠷ ᠨᠡᠢᠲᠡ ᠴᠢᠭᠤᠯᠭᠠᠨ ᠤ ᠬᠢ ᠪᠣᠯᠣᠭᠰᠠᠨ ᠬᠤᠪᠢ ᠨᠢ᠂ 43 ᠭᠤᠴᠢᠨ ᠭᠤᠷᠪᠠᠨ ᠲᠦᠮᠡ ᠳᠣᠯᠣᠭᠠᠨ ᠮᠢᠩ᠋ᠭ᠎ᠠ ᠲᠠᠪᠤᠨ ᠵᠠᠭᠤᠨ ᠬᠣᠨᠢ᠂ 44 ᠭᠤᠷᠪᠠᠨ ᠲᠦᠮᠡ ᠵᠢᠷᠭᠤᠭᠠᠨ ᠮᠢᠩ᠋ᠭᠠᠨ ᠦᠬᠡᠷ᠂ 45 ᠭᠤᠷᠪᠠᠨ ᠲᠦᠮᠡ ᠲᠠᠪᠤᠨ ᠵᠠᠭᠤᠨ ᠡᠯᠵᠢᠭᠡ᠂ 46 ᠲᠦᠮᠡ ᠵᠢᠷᠭᠤᠭᠠᠨ ᠮᠢᠩ᠋ᠭᠠᠨ ᠬᠥᠮᠦᠨ ᠪᠠᠢᠯ᠎ᠠ᠃ 47 ᠡᠢᠨ ᠬᠦ ᠮᠣᠰᠧ ᠪᠤᠰᠤᠳ ᠢᠰᠷᠧᠯᠴᠦᠳ ᠦᠨ ᠬᠠᠭᠠᠰ ᠠᠴᠠ ᠬᠥᠮᠦᠨ ᠪᠠ ᠮᠠᠯ ᠤᠨ ᠲᠠᠪᠢ ᠪᠦᠷᠢ ᠡᠴᠡ ᠨᠢ ᠨᠢᠭᠡ ᠶᠢ ᠠᠪᠴᠤ᠂ ᠶᠣᠬᠣᠸᠠ ᠶᠢᠨ ᠣᠷᠣᠰᠢᠬᠤᠢ ᠶᠢᠨ ᠴᠠᠴᠠᠷ ᠢ ᠬᠠᠷᠢᠭᠤᠴᠠᠳᠠᠭ ᠯᠧᠸᠢᠴᠦᠳ ᠲᠦ ᠥᠭᠪᠡ᠃ ᠡᠨᠡ ᠨᠢ ᠶᠣᠬᠣᠸᠠ ᠶᠢᠨ ᠮᠣᠰᠧ ᠳᠤ ᠲᠤᠰᠢᠶᠠᠭᠰᠠᠨ ᠶᠣᠰᠣᠭᠠᠷ ᠪᠣᠯᠵᠠᠢ᠃
48 ᠴᠡᠷᠢᠭ ᠤᠨ ᠳᠠᠷᠤᠭ᠎ᠠ ᠨᠠᠷ᠂ ᠲᠤᠬᠠᠢᠯᠠᠪᠠᠯ ᠮᠢᠩ᠋ᠭᠠᠲᠤ ᠶᠢᠨ ᠳᠠᠷᠤᠭ᠎ᠠ ᠪᠣᠯᠣᠨ ᠵᠠᠭᠤᠲᠤ ᠶᠢᠨ ᠳᠠᠷᠤᠭ᠎ᠠ ᠨᠠᠷ ᠮᠣᠰᠧ ᠤᠷᠤᠭᠤ ᠣᠴᠢᠵᠤ᠂ 49 ᠮᠣᠰᠧ ᠳᠤ᠄ 《ᠲᠠᠨ ᠤ ᠵᠠᠷᠤᠴᠠ ᠪᠢᠳᠡ ᠭᠠᠷ ᠳᠣᠣᠷᠠᠬᠢ ᠳᠠᠢᠴᠢᠳ ᠢᠶᠠᠨ ᠲᠣᠭᠠᠯᠠᠭᠰᠠᠨ ᠳᠤ᠂ ᠭᠠᠭᠴᠠ ᠴᠤ ᠬᠥᠮᠦᠨ ᠳᠤᠲᠠᠭ᠎ᠠ ᠦᠭᠡᠢ᠃ 50 ᠡᠢᠮᠦ ᠡᠴᠡ ᠪᠢᠳᠡ ᠶᠣᠬᠣᠸᠠ ᠳᠤ ᠡᠷᠭᠦᠯ ᠠᠪᠴᠢᠷᠠᠯ᠎ᠠ᠃ ᠶᠣᠬᠣᠸᠠ ᠶᠢᠨ ᠡᠮᠦᠨ᠎ᠡ ᠭᠡᠮ ᠦᠨ ᠢᠶᠠᠨ ᠬᠡᠯᠲᠦᠷᠢᠭᠦᠯᠦᠯᠭᠡ ᠶᠢ ᠬᠢᠯᠭᠡᠬᠦ ᠪᠡᠷ ᠬᠥᠮᠦᠨ ᠪᠦᠷᠢ ᠣᠯᠣᠭᠰᠠᠨ ᠠᠴᠠ ᠪᠠᠨ ᠠᠯᠲᠠᠨ ᠡᠳ᠋ᠯᠡᠯ᠂ ᠭᠠᠷ ᠤᠨ ᠵᠡᠭᠦᠯᠲᠡ᠂ ᠪᠠᠭᠤᠪᠴᠢ᠂ ᠲᠠᠮᠠᠭᠠᠨ ᠪᠥᠭᠡᠵᠢ᠂ ᠡᠭᠡᠮᠦᠭ ᠪᠠ ᠬᠦᠵᠦᠭᠦᠨ ᠦ ᠵᠡᠭᠦᠯᠲᠡ ᠨᠦᠭᠦᠳ ᠢ ᠠᠪᠴᠢᠷᠠᠭᠰᠠᠨ》 ᠭᠡᠯᠡ᠃ 51 ᠲᠡᠢᠨ ᠬᠦ ᠮᠣᠰᠧ ᠪᠣᠯᠣᠨ ᠲᠠᠬᠢᠯᠴᠢ ᠡᠯᠧᠶᠠᠽᠠᠷ ᠨᠠᠷ ᠠᠯᠲᠠ ᠪᠠᠷ ᠬᠢᠭᠰᠡᠨ ᠠᠯᠢᠪᠠ ᠡᠳ᠋ᠯᠡᠯ ᠢ ᠲᠡᠳᠡ ᠨᠠᠷ ᠠᠴᠠ ᠬᠦᠯᠢᠶᠡᠨ ᠠᠪᠴᠠᠢ᠃ 52 ᠮᠢᠩ᠋ᠭᠠᠲᠤ ᠶᠢᠨ ᠳᠠᠷᠤᠭ᠎ᠠ᠂ ᠵᠠᠭᠤᠲᠤ ᠶᠢᠨ ᠳᠠᠷᠤᠭ᠎ᠠ ᠨᠠᠷ ᠠᠴᠠ ᠶᠣᠬᠣᠸᠠ ᠳᠤ ᠡᠷᠭᠦᠭᠰᠡᠨ ᠡᠷᠭᠦᠯ ᠦᠨ ᠪᠦᠬᠦ ᠠᠯᠲᠠ ᠨᠢ ᠲᠦᠮᠡ ᠵᠢᠷᠭᠤᠭᠠᠨ ᠮᠢᠩ᠋ᠭ᠎ᠠ ᠳᠣᠯᠣᠭᠠᠨ ᠵᠠᠭᠤ ᠲᠠᠪᠢᠨ ᠱᠧᠺᠧᠯ 88 ᠪᠠᠢᠯ᠎ᠠ᠃ 53 ᠳᠠᠢᠴᠢᠳ ᠥᠪᠡᠷᠰᠡᠳ ᠲᠡᠭᠡᠨ ᠴᠤ ᠣᠯᠵᠠ ᠪᠠᠨ ᠠᠪᠤᠭᠰᠠᠨ ᠪᠠᠢᠯ᠎ᠠ᠃ 54 ᠮᠣᠰᠧ᠂ ᠲᠠᠬᠢᠯᠴᠢ ᠡᠯᠧᠶᠠᠽᠠᠷ ᠨᠠᠷ ᠮᠢᠩ᠋ᠭᠠᠲᠤ ᠶᠢᠨ ᠳᠠᠷᠤᠭ᠎ᠠ ᠪᠣᠯᠣᠨ ᠵᠠᠭᠤᠲᠤ ᠶᠢᠨ ᠳᠠᠷᠤᠭ᠎ᠠ ᠨᠠᠷ ᠠᠴᠠ ᠠᠯᠲᠠ ᠶᠢ ᠨᠢ ᠠᠪᠴᠤ᠂ ᠠᠭᠤᠯᠵᠠᠯᠲᠠ ᠶᠢᠨ ᠴᠠᠴᠠᠷ ᠲᠤ ᠣᠷᠣᠭᠤᠯᠤᠭᠠᠳ ᠶᠣᠬᠣᠸᠠ ᠶᠢᠨ ᠣᠷᠣᠰᠢᠬᠤᠢ ᠳᠤ ᠪᠤᠢ ᠢᠰᠷᠧᠯᠴᠦᠳ ᠲᠦ ᠳᠤᠷᠠᠰᠬᠠᠯ ᠪᠣᠯᠭᠠᠵᠠᠢ᠃