ᠲᠣᠭᠠᠯᠠᠯᠭ᠎ᠠ ᠲᠠᠪᠤ
ᠬᠤᠸᠠᠷᠠᠨ ᠤ ᠠᠷᠢᠭᠤᠨ ᠪᠠᠢᠳᠠᠯ
1 ᠶᠣᠬᠣᠸᠠ ᠮᠣᠰᠧ ᠳᠤ ᠠᠢᠯᠠᠳᠤᠨ᠄ 2 《ᠢᠰᠷᠧᠯᠴᠦᠳ ᠲᠦ ᠵᠠᠬᠢᠵᠤ᠂ ᠤᠶᠠᠮᠠᠨ ᠡᠪᠡᠳᠴᠢᠨ ᠲᠡᠢ᠂ ᠭᠣᠭᠣᠵᠢᠳᠠᠰᠤ ᠲᠠᠢ᠂ ᠦᠬᠦᠭᠰᠡᠨ ᠬᠥᠮᠦᠨ ᠳᠦ ᠬᠦᠷᠦᠭᠡᠳ ᠪᠤᠵᠠᠷᠲᠤᠭᠰᠠᠨ ᠠᠯᠢᠪᠠ ᠬᠥᠮᠦᠨ ᠢ ᠬᠤᠸᠠᠷᠠᠨ ᠠᠴᠠ ᠭᠠᠳᠠᠭᠰᠢ ᠭᠠᠷᠭᠠᠵᠤ ᠶᠠᠪᠤᠭᠤᠯ᠃ 3 ᠲᠡᠢᠮᠦ ᠬᠥᠮᠦᠨ ᠢ ᠲᠠ ᠨᠠᠷ ᠡᠷᠡᠭᠲᠡᠢ ᠡᠮᠡᠭᠲᠡᠢ ᠢᠯᠭᠠᠯ ᠦᠭᠡᠢ ᠭᠠᠷᠭᠠᠵᠤ᠂ ᠬᠤᠸᠠᠷᠠᠨ ᠠᠴᠠ ᠭᠠᠳᠠᠭᠰᠢ ᠶᠠᠪᠤᠭᠤᠯ᠂ ᠮᠢᠨᠦ ᠣᠷᠣᠰᠢᠨ ᠪᠤᠢ ᠬᠤᠸᠠᠷᠠᠨ ᠢ ᠲᠡᠳᠡ ᠪᠤᠵᠠᠷᠯᠠᠵᠤ ᠪᠣᠯᠬᠤ ᠦᠭᠡᠢ》 ᠭᠡᠯᠡ᠃ 4 ᠢᠰᠷᠧᠯᠴᠦᠳ ᠲᠡᠢᠨ ᠬᠦ ᠦᠢᠯᠡᠳᠴᠦ᠂ ᠲᠡᠢᠮᠦ ᠬᠥᠮᠦᠰ ᠢ ᠬᠤᠸᠠᠷᠠᠨ ᠠᠴᠠ ᠭᠠᠳᠠᠭᠰᠢ ᠭᠠᠷᠭᠠᠪᠠ᠃ ᠶᠣᠬᠣᠸᠠ ᠶᠢᠨ ᠮᠣᠰᠧ ᠳᠤ ᠠᠢᠯᠠᠳᠤᠭᠰᠠᠨ ᠶᠣᠰᠣᠭᠠᠷ ᠢᠰᠷᠧᠯᠴᠦᠳ ᠲᠡᠢᠨ ᠬᠦ ᠦᠢᠯᠡᠳᠴᠡᠢ᠃
ᠭᠡᠮ ᠤᠰᠤᠯ ᠤᠨ ᠲᠥᠯᠥᠪᠥᠷᠢ
5 ᠶᠣᠬᠣᠸᠠ ᠮᠣᠰᠧ ᠳᠤ ᠠᠢᠯᠠᠳᠤᠨ᠄ 6 《ᠢᠰᠷᠧᠯᠴᠦᠳ ᠲᠦ ᠵᠠᠬᠢ᠄ ᠡᠷᠡᠭᠲᠡᠢ ᠡᠮᠡᠭᠲᠡᠢ ᠢᠯᠭᠠᠯ ᠦᠭᠡᠢ ᠶᠠᠮᠠᠷ ᠨᠢᠭᠡ ᠬᠥᠮᠦᠨ ᠪᠤᠰᠤᠳ ᠲᠤ ᠶᠠᠮᠠᠷ ᠨᠢᠭᠡᠨ ᠭᠡᠮ ᠨᠢᠭᠦᠯ ᠬᠢᠵᠦ᠂ ᠶᠣᠬᠣᠸᠠ ᠳᠤ ᠢᠲᠡᠭᠡᠮᠵᠢ ᠠᠯᠳᠠᠬᠤ ᠲᠣᠬᠢᠶᠠᠯᠳᠤᠯ ᠳᠤ᠂ ᠲᠡᠷᠡ ᠬᠥᠮᠦᠨ ᠶᠠᠯ᠎ᠠ ᠲᠠᠢ ᠪᠥᠭᠡᠳ 7 ᠦᠢᠯᠡᠳᠦᠭᠰᠡᠨ ᠭᠡᠮ ᠨᠢᠭᠦᠯ ᠢᠶᠡᠨ ᠬᠦᠯᠢᠶᠡᠨ ᠵᠥᠪᠰᠢᠶᠡᠷᠡᠵᠦ ᠶᠠᠯ᠎ᠠ ᠶᠢᠨ ᠢᠶᠠᠨ ᠪᠦᠷᠢᠨ ᠲᠥᠯᠥᠪᠥᠷᠢ ᠶᠢᠨ ᠳᠡᠭᠡᠷ᠎ᠡ ᠳᠠᠬᠢᠵᠤ ᠲᠠᠪᠤᠨ ᠤ ᠨᠢᠭᠡ ᠶᠢ ᠨᠢ ᠨᠡᠮᠡᠨ᠂ ᠬᠣᠬᠢᠷᠠᠭᠴᠢ ᠳᠤ ᠥᠭᠬᠦ ᠶᠣᠰᠣᠲᠠᠢ᠃ 8 ᠬᠡᠷᠪᠡ ᠨᠥᠭᠥᠭᠡ ᠬᠣᠬᠢᠷᠠᠭᠴᠢ ᠬᠥᠮᠦᠨ ᠳᠦ ᠶᠠᠯ᠎ᠠ ᠶᠢᠨ ᠲᠥᠯᠥᠪᠥᠷᠢ ᠶᠢ ᠠᠪᠬᠤ ᠲᠥᠷᠥᠯ ᠰᠠᠳᠤᠨ ᠪᠠᠢᠬᠤ ᠦᠭᠡᠢ ᠪᠠᠢᠪᠠᠯ ᠶᠠᠯ᠎ᠠ ᠶᠢᠨ ᠲᠥᠯᠥᠪᠥᠷᠢ ᠨᠢ ᠲᠡᠭᠦᠨ ᠦ ᠭᠡᠮ ᠦᠨ ᠬᠡᠯᠲᠦᠷᠢᠭᠦᠯᠦᠯᠭᠡ ᠶᠢ ᠬᠢᠬᠦ ᠪᠡᠷ ᠡᠷᠭᠦᠬᠦ ᠬᠤᠴᠠ ᠲᠠᠢ ᠬᠠᠮᠲᠤ ᠶᠣᠬᠣᠸᠠ ᠳᠤ ᠪᠤᠴᠠᠬᠤ ᠪᠥᠭᠡᠳ ᠡᠨᠡ ᠨᠢ ᠲᠠᠬᠢᠯᠴᠢ ᠶᠢᠨ ᠬᠤᠪᠢ ᠪᠣᠯᠣᠨ᠎ᠠ᠃ 9 ᠮᠥᠨ ᠲᠠᠬᠢᠯᠴᠢ ᠳᠤ ᠠᠪᠴᠢᠷᠠᠬᠤ ᠢᠰᠷᠧᠯᠴᠦᠳ ᠦᠨ ᠠᠷᠢᠭᠤᠨ ᠬᠠᠨᠳᠢᠪ ᠪᠣᠯᠭᠠᠨ ᠲᠡᠭᠦᠨ ᠦ ᠬᠢ ᠪᠣᠯᠣᠨ᠎ᠠ᠃ 10 ᠬᠥᠮᠦᠨ ᠪᠦᠷᠢ ᠶᠢᠨ ᠠᠷᠢᠭᠤᠨ ᠡᠷᠭᠦᠯ ᠥᠪᠡᠷ ᠦᠨ ᠬᠢᠨᠢ ᠪᠣᠯᠪᠠᠴᠤ ᠲᠠᠬᠢᠯᠴᠢ ᠳᠤ ᠥᠭᠬᠦ ᠪᠦᠬᠦᠨ ᠲᠠᠬᠢᠯᠴᠢ ᠶᠢᠨ ᠬᠢ ᠪᠣᠯᠣᠨ᠎ᠠ》 ᠭᠡᠯᠡ᠃
ᠬᠠᠷᠠᠳᠠᠭᠳᠠᠭᠰᠠᠨ ᠡᠬᠡᠨᠡᠷ ᠦᠨ ᠰᠢᠯᠭᠠᠭᠤᠷ
11 ᠶᠣᠬᠣᠸᠠ ᠮᠣᠰᠧ ᠳᠤ ᠠᠢᠯᠠᠳᠤᠨ᠄ 12 《ᠢᠰᠷᠧᠯᠴᠦᠳ ᠲᠦ ᠵᠠᠬᠢ᠄ ᠬᠡᠨ ᠨᠢᠭᠡᠨ ᠦ ᠬᠢᠨᠢ ᠡᠬᠡᠨᠡᠷ ᠪᠤᠷᠤᠭᠤᠳᠠᠵᠤ᠂ ᠦᠨᠡᠨᠴᠢ ᠪᠤᠰᠤ ᠪᠣᠯᠣᠭᠠᠳ 13 ᠥᠭᠡᠷ᠎ᠡ ᠡᠷ᠎ᠡ ᠲᠠᠢ ᠤᠨᠲᠠᠵᠤ ᠬᠤᠷᠢᠴᠠᠭᠰᠠᠨ ᠲᠣᠬᠢᠶᠠᠯᠳᠤᠯ ᠳᠤ᠂ ᠲᠡᠷᠡ ᠡᠮᠡᠭᠲᠡᠢ ᠪᠡᠶ᠎ᠡ ᠪᠡᠨ ᠪᠤᠵᠠᠷᠯᠠᠭᠰᠠᠨ ᠠᠪᠠᠴᠤ ᠦᠢᠯᠡᠳᠦᠯ ᠳᠡᠭᠡᠷ᠎ᠡ ᠪᠡᠨ ᠪᠠᠷᠢᠭᠳᠠᠭ᠎ᠠ ᠦᠭᠡᠢ ᠪᠥᠭᠡᠳ ᠲᠡᠭᠦᠨ ᠦ ᠡᠰᠡᠷᠭᠦ ᠭᠡᠷᠡᠴᠢᠯᠡᠬᠦ ᠬᠥᠮᠦᠨ ᠴᠤ ᠪᠠᠢᠬᠤ ᠦᠭᠡᠢ ᠪᠠᠢᠵᠤ᠂ ᠡᠨᠡ ᠶᠠᠪᠤᠳᠠᠯ ᠨᠥᠬᠥᠷ ᠦᠨ ᠬᠢᠨᠢ ᠨᠢᠳᠦᠨ ᠡᠴᠡ ᠳᠠᠯᠳᠠᠯᠠᠭᠳᠠᠵᠤ᠂ ᠢᠯᠡᠴᠢᠯᠡᠭᠳᠡᠭᠡ ᠦᠭᠡᠢ ᠪᠠᠢᠬᠤ ᠳᠤ᠂ 14 ᠨᠥᠬᠥᠷ ᠨᠢ ᠬᠠᠷᠠᠳᠠᠬᠤ ᠰᠡᠳᠬᠢᠯ ᠲᠥᠷᠥᠵᠦ᠂ ᠪᠡᠶ᠎ᠡ ᠪᠡᠨ ᠪᠤᠵᠠᠷᠯᠠᠭᠰᠠᠨ ᠡᠬᠡᠨᠡᠷ ᠢᠶᠡᠨ ᠬᠠᠷᠠᠳᠠᠪᠠᠯ᠂ ᠡᠰᠡᠪᠡᠯ ᠨᠥᠬᠥᠷ ᠲᠤᠨᠢ ᠬᠠᠷᠠᠳᠠᠬᠤ ᠰᠡᠳᠬᠢᠯ ᠲᠥᠷᠥᠵᠦ᠂ ᠡᠬᠡᠨᠡᠷ ᠨᠢ ᠪᠡᠶ᠎ᠡ ᠪᠡᠨ ᠪᠤᠵᠠᠷᠯᠠᠭᠠ ᠦᠭᠡᠢ ᠪᠠᠢᠲᠠᠯ᠎ᠠ ᠲᠡᠭᠦᠨ ᠢ ᠬᠠᠷᠠᠳᠠᠪᠠᠯ᠂ 15 ᠲᠡᠷᠡ ᠡᠷ᠎ᠡ ᠡᠬᠡᠨᠡᠷ ᠢᠶᠡᠨ ᠲᠠᠬᠢᠯᠴᠢ ᠳᠤ ᠠᠪᠴᠢᠷᠠᠵᠤ᠂ ᠡᠬᠡᠨᠡᠷ ᠦᠨ ᠢᠶᠠᠨ ᠡᠮᠦᠨ᠎ᠡ ᠡᠴᠡ ᠡᠹᠠ ᠶᠢᠨ ᠠᠷᠪᠠᠨ ᠤ ᠨᠢᠭᠡ 2 ᠶᠢᠨ ᠠᠷᠪᠠᠢ ᠶᠢᠨ ᠭᠤᠯᠢᠷ ᠢ ᠡᠷᠭᠦᠯ ᠪᠣᠯᠭᠠᠨ ᠥᠭᠬᠦ ᠶᠣᠰᠣᠲᠠᠢ᠃ ᠡᠨᠡ ᠨᠢ ᠬᠠᠷᠠᠳᠠᠯᠲᠠ ᠶᠢᠨ ᠢᠳᠡᠭᠡᠨ ᠲᠠᠬᠢᠯ ᠪᠥᠭᠡᠳ ᠭᠡᠮ ᠪᠤᠷᠤᠭᠤ ᠶᠢ ᠰᠠᠨᠠᠭᠤᠯᠬᠤ ᠰᠠᠨᠠᠭᠤᠯᠭ᠎ᠠ ᠶᠢᠨ ᠢᠳᠡᠭᠡᠨ ᠲᠠᠬᠢᠯ ᠪᠣᠯᠬᠣᠷ ᠡᠭᠦᠨ ᠳᠡᠭᠡᠷ᠎ᠡ ᠲᠣᠰᠣ ᠠᠰᠬᠠᠵᠤ ᠪᠣᠯᠬᠤ ᠦᠭᠡᠢ᠂ ᠭᠦᠭᠦᠯ ᠴᠤ ᠲᠠᠯᠪᠢᠬᠤ ᠶᠣᠰᠣ ᠦᠭᠡᠢ᠃
16 ᠲᠠᠬᠢᠯᠴᠢ ᠥᠨᠥᠬᠢ ᠡᠮᠡᠭᠲᠡᠢ ᠶᠢ ᠣᠢᠷ᠎ᠠ ᠢᠷᠡᠭᠦᠯᠵᠦ᠂ ᠶᠣᠬᠣᠸᠠ ᠶᠢᠨ ᠡᠮᠦᠨ᠎ᠡ ᠵᠣᠭᠰᠣᠭᠠᠨ᠎ᠠ᠃ 17 ᠲᠠᠬᠢᠯᠴᠢ ᠰᠢᠪᠠᠷ ᠰᠠᠪᠠᠨ ᠳᠤ ᠠᠷᠢᠭᠤᠨ ᠤᠰᠤ ᠬᠢᠵᠦ᠂ ᠣᠷᠣᠰᠢᠬᠤᠢ ᠶᠢᠨ ᠴᠠᠴᠠᠷ ᠤᠨ ᠱᠠᠯᠠᠨ ᠳᠡᠭᠡᠷᠡᠬᠢ ᠰᠢᠷᠣᠢ ᠠᠴᠠ ᠠᠪᠴᠤ ᠲᠡᠭᠦᠨ ᠢ ᠪᠠᠨ ᠤᠰᠤᠨ ᠳᠤ ᠬᠢᠨ᠎ᠡ᠃ 18 ᠲᠠᠬᠢᠯᠴᠢ ᠲᠡᠷᠡ ᠡᠮᠡᠭᠲᠡᠢ ᠶᠢ ᠶᠣᠬᠣᠸᠠ ᠶᠢᠨ ᠡᠮᠦᠨ᠎ᠡ ᠵᠣᠭᠰᠣᠭᠠᠭᠠᠳ ᠦᠰᠦ ᠶᠢ ᠨᠢ ᠰᠡᠭᠰᠡᠢᠯᠭᠡᠵᠦ᠂ ᠬᠠᠷᠠᠳᠠᠯᠲᠠ ᠶᠢᠨ ᠢᠳᠡᠭᠡᠨ ᠲᠠᠬᠢᠯ ᠪᠣᠯᠬᠤ ᠰᠠᠨᠠᠭᠤᠯᠭ᠎ᠠ ᠶᠢᠨ ᠢᠳᠡᠭᠡᠨ ᠲᠠᠬᠢᠯ ᠢ ᠭᠠᠷ ᠲᠤᠨᠢ ᠥᠭᠭᠥᠨ᠎ᠡ᠃ ᠲᠠᠬᠢᠯᠴᠢ ᠶᠢᠨ ᠭᠠᠷ ᠲᠤ ᠬᠠᠷᠢᠶᠠᠯ ᠪᠠᠭᠤᠯᠭᠠᠬᠤ ᠭᠠᠰᠢᠭᠤᠨ ᠤᠰᠤ ᠪᠠᠢᠬᠤ ᠪᠣᠯᠣᠨ᠎ᠠ᠃ 19 ᠲᠠᠬᠢᠯᠴᠢ ᠲᠡᠷᠡ ᠡᠮᠡᠭᠲᠡᠢ ᠪᠠᠷ ᠠᠨᠳᠠᠭᠠᠢᠯᠠᠭᠤᠯᠤᠭᠠᠳ᠂ ᠲᠡᠭᠦᠨ ᠳᠦ᠄ 〈ᠬᠡᠷᠪᠡ ᠴᠢ ᠨᠥᠬᠥᠷ ᠲᠡᠢ ᠪᠠᠢᠲᠠᠯ᠎ᠠ ᠪᠠᠨ ᠥᠭᠡᠷ᠎ᠡ ᠡᠷ᠎ᠡ ᠲᠠᠢ ᠤᠨᠲᠠᠭᠰᠠᠨ ᠪᠢᠰᠢ ᠪᠥᠭᠡᠳ ᠪᠤᠷᠤᠭᠤᠳᠠᠭᠰᠠᠨ᠂ ᠪᠡᠶ᠎ᠡ ᠪᠡᠨ ᠪᠤᠵᠠᠷᠯᠠᠭᠰᠠᠨ ᠪᠢᠰᠢ ᠪᠠᠢᠪᠠᠯ ᠬᠠᠷᠢᠶᠠᠯ ᠪᠠᠭᠤᠯᠭᠠᠬᠤ ᠡᠨᠡ ᠭᠠᠰᠢᠭᠤᠨ ᠤᠰᠤ ᠴᠢᠮ᠎ᠠ ᠳᠤ ᠬᠣᠣᠷ ᠪᠣᠯᠬᠤ ᠦᠭᠡᠢ᠃ 20 ᠬᠠᠷᠢᠨ ᠴᠢ ᠨᠥᠬᠥᠷ ᠲᠡᠢ ᠪᠠᠢᠲᠠᠯ᠎ᠠ ᠪᠠᠨ ᠪᠤᠷᠤᠭᠤᠳᠠᠵᠤ᠂ ᠨᠥᠬᠥᠷ ᠡᠴᠡ ᠪᠡᠨ ᠭᠠᠳᠠᠨ᠎ᠠ ᠥᠭᠡᠷ᠎ᠡ ᠡᠷ᠎ᠡ ᠲᠠᠢ ᠤᠨᠲᠠᠭᠰᠠᠨ ᠢᠶᠠᠷ ᠢᠶᠠᠨ ᠪᠡᠶ᠎ᠡ ᠪᠡᠨ ᠪᠤᠵᠠᠷᠯᠠᠭᠰᠠᠨ ᠪᠣᠯ ᠁〉 ᠭᠡᠵᠦ ᠬᠡᠯᠡᠭᠰᠡᠨ ᠢᠶᠡᠨ 21 ᠡᠮᠡᠭᠲᠡᠢ ᠪᠠᠷ ᠬᠠᠷᠢᠶᠠᠯ ᠤᠨ ᠲᠠᠩ᠋ᠭᠠᠷᠢᠭ ᠲᠠᠯᠪᠢᠭᠤᠯᠤᠭᠠᠳ᠂ ᠡᠮᠡᠭᠲᠡᠢ ᠳᠦ᠄ 〈ᠲᠡᠭᠡᠪᠡᠯ ᠶᠣᠬᠣᠸᠠ ᠤᠮᠠᠢ ᠶᠢ ᠴᠢᠨᠢ ᠬᠠᠲᠠᠭᠠᠨ᠂ ᠬᠡᠪᠡᠯᠢ ᠶᠢ ᠴᠢᠨᠢ ᠬᠠᠪᠤᠳᠤᠭᠤᠯᠵᠤ᠂ ᠴᠢᠨᠦ ᠨᠡᠷ᠎ᠡ ᠶᠢ ᠠᠷᠠᠳ ᠲᠦᠮᠡᠨ ᠦ ᠴᠢᠨᠢ ᠳᠤᠮᠳᠠ ᠬᠠᠷᠢᠶᠠᠯ ᠵᠦᠬᠡᠯ ᠪᠣᠯᠭᠠᠨ᠎ᠠ᠂ 22 ᠬᠠᠷᠢᠶᠠᠯ ᠪᠠᠭᠤᠯᠭᠠᠬᠤ ᠡᠨᠡ ᠤᠰᠤ ᠴᠢᠨᠦ ᠳᠣᠲᠣᠷ᠎ᠠ ᠣᠷᠣᠵᠤ᠂ ᠬᠡᠪᠡᠯᠢ ᠶᠢ ᠴᠢᠨᠢ ᠬᠠᠪᠤᠳᠤᠭᠤᠯᠵᠤ᠂ ᠤᠮᠠᠢ ᠶᠢ ᠴᠢᠨᠢ ᠬᠠᠲᠠᠭᠠᠨ᠎ᠠ〉 ᠭᠡᠪᠡᠯ᠂ ᠥᠨᠥᠬᠢ ᠡᠮᠡᠭᠲᠡᠢ 〈ᠠᠮᠧᠨ᠂ ᠠᠮᠧᠨ〉 ᠭᠡᠵᠦ ᠬᠡᠯᠡᠬᠦ ᠶᠣᠰᠣᠲᠠᠢ᠃
23 ᠲᠠᠬᠢᠯᠴᠢ ᠡᠳᠡᠭᠡᠷ ᠬᠠᠷᠢᠶᠠᠯ ᠢ ᠬᠤᠢᠯᠠᠮᠠᠯ ᠳᠡᠭᠡᠷ᠎ᠡ ᠪᠢᠴᠢᠭᠡᠳ ᠲᠡᠭᠦᠨ ᠢ ᠨᠢ ᠭᠠᠰᠢᠭᠤᠨ ᠤᠰᠤ ᠪᠠᠷ ᠪᠠᠯᠠᠷᠠᠭᠤᠯᠵᠤ᠂ 24 ᠬᠠᠷᠢᠶᠠᠯ ᠪᠠᠭᠤᠯᠭᠠᠬᠤ ᠭᠠᠰᠢᠭᠤᠨ ᠤᠰᠤ ᠶᠢ ᠡᠮᠡᠭᠲᠡᠢ ᠳᠦ ᠤᠤᠭᠤᠯᠭᠠᠨ᠎ᠠ᠃ ᠬᠠᠷᠢᠶᠠᠯ ᠪᠠᠭᠤᠯᠭᠠᠬᠤ ᠭᠠᠰᠢᠭᠤᠨ ᠤᠰᠤ ᠲᠡᠭᠦᠨ ᠦ ᠪᠡᠶ᠎ᠡ ᠳᠦ ᠣᠷᠣᠪᠠᠯ ᠭᠠᠰᠢᠭᠤᠨ ᠢ ᠠᠪᠴᠢᠷᠠᠬᠤ ᠪᠣᠯᠣᠨ᠎ᠠ᠃ 25 ᠲᠠᠬᠢᠯᠴᠢ ᠡᠮᠡᠭᠲᠡᠢ ᠶᠢᠨ ᠭᠠᠷ ᠠᠴᠠ ᠬᠠᠷᠠᠳᠠᠯᠲᠠ ᠶᠢᠨ ᠢᠳᠡᠭᠡᠨ ᠲᠠᠬᠢᠯ ᠢ ᠠᠪᠴᠤ᠂ ᠶᠣᠬᠣᠸᠠ ᠶᠢᠨ ᠡᠮᠦᠨ᠎ᠡ ᠳᠠᠯᠠᠯᠤᠨ ᠲᠠᠬᠢᠯ ᠤᠨ ᠰᠢᠷᠡᠭᠡᠨ ᠳᠦ ᠠᠪᠴᠢᠷᠠᠨ᠎ᠠ᠃ 26 ᠲᠠᠬᠢᠯᠴᠢ ᠢᠳᠡᠭᠡᠨ ᠲᠠᠬᠢᠯ ᠠᠴᠠ ᠠᠳᠬᠤ ᠶᠢ ᠳᠤᠷᠠᠰᠬᠠᠯ ᠤᠨ ᠬᠤᠪᠢ ᠪᠣᠯᠭᠠᠨ ᠠᠪᠴᠤ᠂ ᠲᠠᠬᠢᠯ ᠤᠨ ᠰᠢᠷᠡᠭᠡᠨ ᠳᠡᠭᠡᠷ᠎ᠡ ᠰᠢᠲᠠᠭᠠᠭᠰᠠᠨ ᠤ ᠳᠠᠷᠠᠭ᠎ᠠ ᠡᠮᠡᠭᠲᠡᠢ ᠳᠦ ᠤᠰᠤ ᠶᠢ ᠤᠤᠭᠤᠯᠭᠠᠨ᠎ᠠ᠃ 27 ᠬᠡᠷᠪᠡ ᠲᠡᠷᠡ ᠡᠮᠡᠭᠲᠡᠢ ᠪᠡᠶ᠎ᠡ ᠪᠡᠨ ᠪᠤᠵᠠᠷᠯᠠᠨ᠂ ᠨᠥᠬᠥᠷ ᠲᠡᠭᠡᠨ ᠦᠨᠡᠨᠴᠢ ᠪᠤᠰᠤ ᠪᠠᠢᠭᠰᠠᠨ ᠨᠢ ᠦᠨᠡᠨ ᠶᠤᠮ ᠪᠣᠯ᠂ ᠡᠮᠡᠭᠲᠡᠢ ᠳᠦ ᠤᠰᠤ ᠶᠢ ᠤᠤᠭᠤᠯᠭᠠᠬᠤ ᠳᠤ ᠬᠠᠷᠢᠶᠠᠯ ᠪᠠᠭᠤᠯᠭᠠᠬᠤ ᠤᠰᠤ ᠲᠡᠭᠦᠨ ᠦ ᠪᠡᠶ᠎ᠡ ᠳᠦ ᠣᠷᠣᠵᠤ ᠭᠠᠰᠢᠭᠤᠨ ᠢ ᠠᠪᠴᠢᠷᠠᠬᠤ ᠪᠥᠭᠡᠳ ᠲᠡᠭᠦᠨ ᠦ ᠬᠡᠪᠡᠯᠢ ᠬᠠᠪᠤᠳᠤᠨ᠂ ᠤᠮᠠᠢ ᠨᠢ ᠬᠠᠲᠠᠵᠤ᠂ ᠲᠡᠷᠡ ᠡᠮᠡᠭᠲᠡᠢ ᠶᠢᠨ ᠨᠡᠷ᠎ᠡ ᠠᠷᠠᠳ ᠣᠯᠠᠨ ᠤ ᠪᠠᠨ ᠳᠤᠮᠳᠠ ᠬᠠᠷᠢᠶᠠᠯ ᠪᠣᠯᠣᠨ᠎ᠠ᠃ 28 ᠬᠠᠷᠢᠨ ᠥᠨᠥᠬᠢ ᠡᠮᠡᠭᠲᠡᠢ ᠪᠡᠶ᠎ᠡ ᠪᠡᠨ ᠪᠤᠵᠠᠷᠯᠠᠭᠠ ᠦᠭᠡᠢ᠂ ᠴᠡᠪᠡᠷ ᠪᠠᠢᠪᠠᠯ ᠲᠡᠷᠡ ᠴᠠᠭᠠᠳᠬᠠᠭᠳᠠᠬᠤ ᠪᠥᠭᠡᠳ ᠦᠷ᠎ᠡ ᠲᠣᠭᠲᠠᠭᠠᠬᠤ ᠴᠢᠳᠠᠪᠤᠷᠢ ᠨᠢ ᠬᠡᠪ ᠢᠶᠡᠷ ᠢᠶᠠᠨ ᠪᠠᠢᠬᠤ ᠪᠣᠯᠣᠨ᠎ᠠ᠃
29 ᠡᠳᠡᠭᠡᠷ ᠨᠢ ᠬᠠᠷᠠᠳᠠᠯᠲᠠ ᠶᠢᠨ ᠬᠠᠤᠯᠢ ᠪᠥᠭᠡᠳ ᠡᠮᠡᠭᠲᠡᠢ ᠬᠥᠮᠦᠨ ᠨᠥᠬᠥᠷ ᠲᠡᠢ ᠪᠠᠢᠲᠠᠯ᠎ᠠ ᠪᠠᠨ ᠪᠤᠷᠤᠭᠤᠳᠠᠵᠤ ᠪᠡᠶ᠎ᠡ ᠪᠡᠨ ᠪᠤᠵᠠᠷᠯᠠᠬᠤ ᠳᠤ᠂ 30 ᠮᠥᠨ ᠨᠥᠬᠥᠷ ᠲᠤᠨᠢ ᠬᠠᠷᠠᠳᠠᠬᠤ ᠰᠡᠳᠬᠢᠯ ᠲᠥᠷᠥᠬᠦ ᠳᠦ ᠬᠡᠷᠡᠭᠵᠢᠭᠦᠯᠬᠦ ᠪᠣᠯᠣᠨ᠎ᠠ᠃ ᠨᠥᠬᠥᠷ ᠨᠢ ᠡᠬᠡᠨᠡᠷ ᠢᠶᠡᠨ ᠬᠠᠷᠠᠳᠠᠨ ᠲᠡᠭᠦᠨ ᠢ ᠶᠣᠬᠣᠸᠠ ᠶᠢᠨ ᠡᠮᠦᠨ᠎ᠡ ᠵᠣᠭᠰᠣᠭᠠᠪᠠᠯ ᠲᠠᠬᠢᠯᠴᠢ ᠡᠨᠡ ᠬᠠᠤᠯᠢ ᠶᠢ ᠪᠦᠬᠦᠯᠢ ᠪᠠᠷ ᠨᠢ ᠡᠮᠡᠭᠲᠡᠢ ᠳᠦ ᠬᠡᠷᠡᠭᠵᠢᠭᠦᠯᠬᠦ ᠪᠣᠯᠣᠨ᠎ᠠ᠃ 31 ᠨᠥᠬᠥᠷ ᠨᠢ ᠡᠨᠡ ᠤᠴᠢᠷ ᠲᠤ ᠪᠤᠷᠤᠭᠤ ᠦᠭᠡᠢ᠂ ᠬᠠᠷᠢᠨ ᠡᠮᠡᠭᠲᠡᠢ ᠨᠢ ᠭᠡᠮ ᠪᠤᠷᠤᠭᠤ ᠪᠠᠢᠪᠠᠯ ᠲᠡᠭᠦᠨ ᠢ ᠪᠠᠨ ᠡᠭᠦᠷᠬᠦ ᠪᠣᠯᠣᠨ᠎ᠠ》 ᠭᠡᠯᠡ᠃