ᠲᠣᠭᠠᠯᠠᠯᠭ᠎ᠠ ᠭᠤᠷᠪᠠ
ᠯᠧᠸᠢᠴᠦᠳ
1 ᠰᠢᠨᠠᠢ ᠠᠭᠤᠯᠠᠨ ᠳᠡᠭᠡᠷ᠎ᠡ ᠶᠣᠬᠣᠸᠠ ᠶᠢᠨ ᠮᠣᠰᠧ ᠳᠤ ᠠᠢᠯᠠᠳᠬᠤ ᠦᠶ᠎ᠡ ᠶᠢᠨ ᠠᠷᠣᠨ ᠪᠣᠯᠣᠨ ᠮᠣᠰᠧ ᠶᠢᠨ ᠦᠷ᠎ᠡ ᠤᠳᠤᠮ ᠡᠨᠡ ᠪᠠᠢᠨ᠎ᠠ᠄ 2 ᠠᠷᠣᠨ ᠤ ᠬᠥᠪᠡᠭᠦᠳ ᠦᠨ ᠨᠡᠷᠡᠰ ᠭᠡᠪᠡᠯ᠂ ᠤᠤᠭᠠᠨ ᠬᠦᠦ ᠨᠠᠳᠠᠪ᠂ ᠳᠠᠷᠠᠭᠠᠬᠢ ᠨᠢ ᠠᠪᠢᠾᠦ᠋᠂ ᠡᠯᠧᠶᠠᠽᠠᠷ᠂ ᠢᠲ᠋ᠠᠮᠠᠷ᠃ 3 ᠡᠳᠡᠭᠡᠷ ᠨᠢ ᠠᠷᠣᠨ ᠤ ᠬᠥᠪᠡᠭᠦᠳ ᠦᠨ ᠨᠡᠷᠡᠰ ᠶᠤᠮ᠃ ᠲᠡᠳᠡ ᠲᠠᠬᠢᠯᠴᠢ ᠶᠢᠨ ᠠᠯᠪᠠᠨ ᠳᠤ ᠦᠢᠯᠡᠴᠢᠯᠡᠬᠦ ᠪᠡᠷ ᠲᠣᠮᠢᠯᠠᠭᠳᠠᠵᠤ ᠲᠣᠰᠣᠯᠠᠭᠳᠠᠭᠰᠠᠨ ᠲᠠᠬᠢᠯᠴᠢᠳ ᠪᠣᠯᠵᠠᠢ᠃ 4 ᠬᠠᠷᠢᠨ ᠨᠠᠳᠠᠪ᠂ ᠠᠪᠢᠾᠦ᠋ ᠬᠣᠶᠠᠷ ᠰᠢᠨᠠᠢ ᠶᠢᠨ ᠴᠥᠯ ᠳᠤ ᠶᠣᠬᠣᠸᠠ ᠶᠢᠨ ᠡᠮᠦᠨ᠎ᠡ ᠶᠣᠰᠣ ᠪᠤᠰᠤ ᠭᠠᠯ ᠢ ᠡᠷᠭᠦᠭᠰᠡᠨ ᠢᠶᠡᠷ ᠶᠣᠬᠣᠸᠠ ᠶᠢᠨ ᠡᠮᠦᠨ᠎ᠡ ᠦᠬᠦᠭᠰᠡᠨ ᠪᠢᠯᠡ᠃ ᠲᠡᠷᠡ ᠬᠣᠶᠠᠭᠤᠯᠠ ᠦᠷ᠎ᠡ ᠬᠡᠦᠬᠡᠳ ᠦᠭᠡᠢ ᠪᠣᠯᠬᠣᠷ ᠡᠯᠧᠶᠠᠽᠠᠷ᠂ ᠢᠲ᠋ᠠᠮᠠᠷ ᠡᠴᠢᠭᠡ ᠠᠷᠣᠨ ᠤ ᠪᠠᠨ ᠬᠠᠷᠢᠶᠠᠨ ᠳᠤ ᠲᠠᠬᠢᠯᠴᠢ ᠪᠠᠷ ᠦᠢᠯᠡᠴᠢᠯᠡᠵᠡᠢ᠃
5 ᠶᠣᠬᠣᠸᠠ ᠮᠣᠰᠧ ᠳᠤ ᠠᠢᠯᠠᠳᠤᠨ᠄ 6 《ᠯᠧᠸᠢ ᠣᠪᠣᠭ ᠢ ᠥᠪᠡᠷ ᠲᠡᠭᠡᠨ ᠣᠢᠷᠠᠲᠤᠭᠤᠯᠵᠤ᠂ ᠲᠡᠳᠡᠨ ᠢ ᠲᠠᠬᠢᠯᠴᠢ ᠠᠷᠣᠨ ᠤ ᠡᠮᠦᠨ᠎ᠡ ᠪᠠᠢᠯᠭᠠᠵᠤ ᠲᠡᠭᠦᠨ ᠳᠦ ᠲᠤᠰᠠᠯᠠᠭᠤᠯ᠃ 7 ᠲᠡᠳᠡ ᠴᠠᠴᠠᠷ ᠤᠨ ᠠᠵᠢᠯ ᠢ ᠬᠢᠳᠡᠭ ᠢᠶᠡᠷ ᠢᠶᠠᠨ ᠠᠭᠤᠯᠵᠠᠯᠲᠠ ᠶᠢᠨ ᠴᠠᠴᠠᠷ ᠤᠨ ᠡᠮᠦᠨ᠎ᠡ ᠠᠷᠣᠨ ᠪᠣᠯᠣᠨ ᠨᠡᠢᠲᠡ ᠴᠢᠭᠤᠯᠭᠠᠨ ᠤ ᠲᠥᠯᠥᠭᠡ ᠡᠭᠦᠷᠭᠡ ᠪᠡᠨ ᠪᠡᠶᠡᠯᠡᠭᠦᠯᠬᠦ ᠪᠣᠯᠣᠨ᠎ᠠ᠃ 8 ᠲᠡᠳᠡ ᠪᠠᠰᠠ ᠴᠠᠴᠠᠷ ᠤᠨ ᠠᠵᠢᠯ ᠢ ᠬᠢᠳᠡᠭ ᠢᠶᠡᠷ ᠢᠶᠠᠨ ᠢᠰᠷᠧᠯᠴᠦᠳ ᠦᠨ ᠡᠮᠦᠨ᠎ᠡ ᠠᠭᠤᠯᠵᠠᠯᠲᠠ ᠶᠢᠨ ᠴᠠᠴᠠᠷ ᠤᠨ ᠠᠯᠢᠪᠠ ᠬᠡᠷᠡᠭᠰᠡᠯ ᠢ ᠬᠠᠷᠢᠭᠤᠴᠠᠬᠤ ᠡᠭᠦᠷᠭᠡ ᠪᠡᠨ ᠪᠡᠶᠡᠯᠡᠭᠦᠯᠬᠦ ᠪᠣᠯᠣᠨ᠎ᠠ᠃ 9 ᠡᠢᠮᠦ ᠡᠴᠡ ᠴᠢ ᠯᠧᠸᠢᠴᠦᠳ ᠢ ᠠᠷᠣᠨ ᠪᠣᠯᠣᠨ ᠲᠡᠭᠦᠨ ᠦ ᠬᠥᠪᠡᠭᠦᠳ ᠲᠦ ᠥᠭ᠃ ᠲᠡᠳᠡ ᠪᠣᠯ ᠲᠡᠭᠦᠨ ᠳᠦ 1 ᠪᠦᠷᠢᠮᠦᠰᠦᠨ ᠵᠣᠷᠢᠭᠤᠯᠤᠭᠳᠠᠬᠤ ᠢᠰᠷᠧᠯᠴᠦᠳ ᠶᠤᠮ᠃ 10 ᠠᠷᠣᠨ ᠪᠣᠯᠣᠨ ᠲᠡᠭᠦᠨ ᠦ ᠬᠥᠪᠡᠭᠦᠳ ᠢ ᠯᠠ ᠲᠠᠬᠢᠯᠴᠢ ᠪᠠᠷ ᠲᠣᠮᠢᠯᠠᠵᠤ᠂ ᠥᠪᠡᠷ ᠦᠨ ᠬᠢᠨᠢ ᠠᠯᠪᠠ ᠶᠢ ᠭᠦᠢᠴᠡᠳᠬᠡᠭᠦᠯ᠃ ᠬᠠᠷᠢᠨ ᠭᠠᠳᠠᠨ᠎ᠠ ᠶᠢᠨ ᠬᠥᠮᠦᠨ ᠠᠷᠢᠭᠤᠨ ᠭᠠᠵᠠᠷ ᠲᠤ ᠣᠢᠷᠠᠲᠤᠵᠤ ᠣᠴᠢᠪᠠᠯ ᠴᠠᠭᠠᠵᠠᠯᠠᠭᠤᠯᠬᠤ ᠪᠣᠯᠣᠨ᠎ᠠ》 ᠭᠡᠯᠡ᠃
11 ᠶᠣᠬᠣᠸᠠ ᠮᠣᠰᠧ ᠳᠤ ᠠᠢᠯᠠᠳᠤᠨ᠄ 12 《ᠠᠩ᠋ᠬᠠᠷᠤᠭᠲᠤᠨ᠂ ᠪᠢ ᠥᠪᠡᠷ ᠢᠶᠡᠨ ᠯᠧᠸᠢᠴᠦᠳ ᠢ ᠢᠰᠷᠧᠯᠴᠦᠳ ᠦᠨ ᠳᠤᠮᠳᠠ ᠠᠴᠠ ᠰᠢᠯᠢᠨ ᠠᠪᠴᠤ ᠢᠰᠷᠧᠯᠴᠦᠳ ᠦᠨ ᠳᠤᠮᠳᠠᠬᠢ ᠤᠮᠠᠢ ᠶᠢ ᠨᠡᠭᠡᠭᠡᠭᠴᠢ ᠤᠤᠭᠠᠨ ᠪᠦᠷᠢ ᠶᠢ ᠣᠷᠣᠯᠠᠭᠤᠯᠤᠭᠰᠠᠨ ᠶᠤᠮ᠃ ᠲᠡᠢᠮᠦ ᠡᠴᠡ ᠯᠧᠸᠢᠴᠦᠳ ᠨᠢ ᠮᠢᠨᠦᠬᠢ ᠪᠠᠢᠬᠤ ᠪᠣᠯᠣᠨ᠎ᠠ᠃ 13 ᠤᠴᠢᠷ ᠨᠢ ᠪᠦᠬᠦ ᠤᠤᠭᠠᠨ ᠲᠥᠷᠥᠭᠰᠡᠳ ᠮᠢᠨᠦᠬᠢ ᠪᠢᠯᠡ᠃ ᠶᠧᠵᠢᠫᠲ ᠲᠤ ᠤᠤᠭᠠᠨ ᠲᠥᠷᠥᠭᠰᠡᠳ ᠪᠦᠭᠦᠳᠡ ᠶᠢ ᠴᠣᠬᠢᠨ ᠤᠰᠠᠳᠬᠠᠭᠰᠠᠨ ᠲᠡᠷᠡ ᠡᠳᠦᠷ ᠲᠡᠭᠡᠨ ᠬᠥᠮᠦᠨ ᠡᠴᠡ ᠠᠪᠤᠭᠠᠳ ᠮᠠᠯ ᠠᠮᠢᠲᠠᠨ ᠬᠦᠷᠲᠡᠯᠡᠬᠢ ᠢᠰᠷᠧᠯ ᠤᠨ ᠪᠦᠬᠦ ᠤᠤᠭᠠᠨ ᠲᠥᠷᠥᠭᠰᠡᠳ ᠢ ᠪᠢ ᠲᠤᠰᠠᠭᠠᠷᠯᠠᠵᠤ ᠥᠪᠡᠷ ᠲᠡᠭᠡᠨ ᠠᠪᠤᠭᠰᠠᠨ᠃ ᠲᠡᠳᠡ ᠮᠢᠨᠦᠬᠢ ᠪᠠᠢᠬᠤ ᠪᠣᠯᠣᠨ᠎ᠠ᠃ ᠪᠢ ᠪᠣᠯ ᠶᠣᠬᠣᠸᠠ》 ᠭᠡᠪᠡ᠃
14 ᠶᠣᠬᠣᠸᠠ ᠰᠢᠨᠠᠢ ᠶᠢᠨ ᠴᠥᠯ ᠳᠤ ᠮᠣᠰᠧ ᠳᠤ ᠠᠢᠯᠠᠳᠤᠨ᠄ 15 《ᠯᠧᠸᠢᠴᠦᠳ ᠢ ᠭᠡᠷ ᠪᠦᠯᠢ ᠨᠦᠭᠦᠳ ᠢᠶᠡᠷ ᠨᠢ᠂ ᠮᠥᠨ ᠠᠢᠮᠠᠭ ᠤᠳ ᠢᠶᠠᠷ ᠨᠢ ᠲᠣᠭᠠᠯᠠ᠃ ᠨᠢᠭᠡ ᠰᠠᠷ᠎ᠠ ᠲᠠᠢ ᠪᠠ ᠲᠡᠭᠦᠨ ᠡᠴᠡ ᠳᠡᠭᠡᠭᠰᠢ ᠨᠠᠰᠤᠨ ᠤ ᠡᠷ᠎ᠡ ᠬᠦᠢᠰᠦᠲᠡᠨ ᠪᠦᠷᠢ ᠶᠢ ᠲᠣᠭᠠᠯᠠᠬᠤ ᠶᠣᠰᠣᠲᠠᠢ》 ᠭᠡᠰᠡᠨ ᠳᠦ᠂ 16 ᠮᠣᠰᠧ ᠥᠪᠡᠷ ᠲᠤᠨᠢ ᠲᠤᠰᠢᠶᠠᠭᠰᠠᠨ ᠶᠣᠰᠣᠭᠠᠷ᠂ ᠶᠣᠬᠣᠸᠠ ᠶᠢᠨ ᠦᠭᠡᠨ ᠦ ᠳᠠᠭᠠᠤ ᠲᠡᠳᠡᠨ ᠢ ᠲᠣᠭᠠᠯᠠᠪᠠ᠃ 17 ᠯᠧᠸᠢ ᠶᠢᠨ ᠬᠥᠪᠡᠭᠦᠳ ᠦᠨ ᠨᠡᠷᠡᠰ ᠭᠡᠪᠡᠯ᠂ ᠭᠧᠷᠱᠣᠨ᠂ ᠺᠣᠬᠠᠲ᠂ ᠮᠧᠷᠠᠷᠢ᠃ 18 ᠭᠧᠷᠱᠣᠨ ᠠᠴᠠ ᠡᠭᠦᠰᠦᠭᠰᠡᠨ ᠠᠢᠮᠠᠭ ᠤᠳ ᠭᠡᠪᠡᠯ᠂ ᠯᠢᠪᠨᠢ᠂ ᠱᠢᠮᠧᠶᠢ ᠨᠠᠷ᠃ 19 ᠺᠣᠬᠠᠲ ᠠᠴᠠ ᠡᠭᠦᠰᠦᠭᠰᠡᠨ ᠠᠢᠮᠠᠭ ᠤᠳ ᠭᠡᠪᠡᠯ ᠠᠮᠷᠠᠮ᠂ ᠢᠽᠬᠠᠷ᠂ ᠾᠧᠪᠷᠣᠨ᠂ ᠦᠽᠢᠶᠧᠯ ᠨᠠᠷ᠃ 20 ᠮᠧᠷᠠᠷᠢ ᠡᠴᠡ ᠡᠭᠦᠰᠦᠭᠰᠡᠨ ᠠᠢᠮᠠᠭ ᠤᠳ ᠭᠡᠪᠡᠯ᠂ ᠮᠠᠯᠢ᠂ ᠮᠦᠱᠢ ᠨᠠᠷ᠃ ᠡᠳᠡ ᠨᠠᠷ ᠨᠢ ᠭᠡᠷ ᠪᠦᠯᠢ ᠨᠦᠭᠦᠳ ᠢᠶᠡᠷ ᠢᠶᠠᠨ ᠲᠣᠭᠠᠯᠠᠭᠤᠯᠤᠭᠰᠠᠨ ᠯᠧᠸᠢᠴᠦᠳ ᠦᠨ ᠠᠢᠮᠠᠭ ᠤᠳ ᠶᠤᠮ᠃
21 ᠭᠧᠷᠱᠣᠨ ᠠᠴᠠ ᠯᠢᠪᠨᠢᠴᠦᠳ ᠪᠣᠯᠣᠨ ᠱᠢᠮᠧᠶ᠋ᠢᠴᠦᠳ ᠦᠨ ᠠᠢᠮᠠᠭ ᠡᠭᠦᠰᠪᠡ᠃ ᠡᠳᠡᠭᠡᠷ ᠨᠢ ᠭᠧᠷᠱᠣᠨ ᠤ ᠠᠢᠮᠠᠭ ᠤᠳ ᠪᠥᠭᠡᠳ 22 ᠲᠡᠳᠡᠨ ᠡᠴᠡ ᠨᠢᠭᠡ ᠰᠠᠷ᠎ᠠ ᠲᠠᠢ ᠪᠠ ᠲᠡᠭᠦᠨ ᠡᠴᠡ ᠳᠡᠭᠡᠭᠰᠢ ᠨᠠᠰᠤᠨ ᠤ ᠲᠣᠭᠠᠯᠠᠭᠤᠯᠤᠭᠰᠠᠨ ᠡᠷᠡᠴᠦᠳ ᠦᠨ ᠲᠣᠭ᠎ᠠ ᠨᠢ ᠳᠣᠯᠣᠭᠠᠨ ᠮᠢᠩ᠋ᠭ᠎ᠠ ᠲᠠᠪᠤᠨ ᠵᠠᠭᠤ ᠶᠤᠮ᠃ 23 ᠭᠧᠷᠱᠣᠨ ᠤ ᠠᠢᠮᠠᠭ ᠤᠳ ᠣᠷᠣᠰᠢᠬᠤᠢ ᠶᠢᠨ ᠴᠠᠴᠠᠷ ᠤᠨ ᠠᠷᠤ ᠲᠠᠯ᠎ᠠ᠂ ᠲᠤᠬᠠᠢᠯᠠᠪᠠᠯ ᠪᠠᠷᠠᠭᠤᠨ ᠲᠠᠯ᠎ᠠ ᠳᠤ ᠪᠠᠭᠤᠳᠠᠯᠯᠠᠳᠠᠭ ᠪᠥᠭᠡᠳ 24 ᠭᠧᠷᠱᠣᠨ ᠤ ᠠᠢᠮᠠᠭ ᠤᠳ ᠤᠨ ᠤᠳᠤᠷᠢᠳᠤᠭᠴᠢ ᠨᠢ ᠯᠠᠶᠧᠯ ᠤᠨ ᠬᠦᠦ ᠡᠯᠢᠶᠠᠰᠠᠹ ᠪᠠᠢᠪᠠ᠃ 25 ᠭᠧᠷᠱᠣᠨᠴᠤᠳ ᠤᠨ ᠡᠭᠦᠷᠭᠡ ᠪᠣᠯ ᠠᠭᠤᠯᠵᠠᠯᠲᠠ ᠶᠢᠨ ᠴᠠᠴᠠᠷ ᠲᠤ ᠴᠠᠴᠠᠷ ᠪᠠ ᠮᠠᠢᠬᠠᠨ᠂ ᠲᠡᠭᠦᠨ ᠦ ᠪᠦᠷᠢᠶᠡᠰᠦ ᠨᠦᠭᠦᠳ᠂ ᠠᠭᠤᠯᠵᠠᠯᠲᠠ ᠶᠢᠨ ᠴᠠᠴᠠᠷ ᠤᠨ ᠡᠭᠦᠳᠡᠨ ᠦ ᠬᠥᠰᠢᠭᠡ᠂ 26 ᠴᠠᠴᠠᠷ ᠪᠠ ᠲᠠᠬᠢᠯ ᠤᠨ ᠰᠢᠷᠡᠭᠡ ᠶᠢ ᠲᠣᠭᠣᠷᠢᠭᠰᠠᠨ ᠬᠦᠷᠢᠶᠡᠨ ᠦ ᠬᠥᠰᠢᠭᠡ ᠨᠦᠭᠦᠳ᠂ ᠬᠦᠷᠢᠶᠡᠨ ᠦ ᠡᠭᠦᠳᠡᠨ ᠦ ᠬᠥᠰᠢᠭᠡ᠂ ᠣᠭᠣᠰᠣᠷ ᠤᠳ ᠵᠡᠷᠭᠡ ᠶᠢ ᠬᠠᠷᠢᠭᠤᠴᠠᠨ᠎ᠠ᠃
27 ᠺᠣᠬᠠᠲ ᠠᠴᠠ ᠠᠮᠷᠠᠮᠴᠤᠳ ᠤᠨ ᠠᠢᠮᠠᠭ᠂ ᠢᠽᠠᠬᠠᠷᠴᠤᠳ ᠤᠨ ᠠᠢᠮᠠᠭ᠂ ᠾᠧᠪᠷᠣᠨᠴᠤᠳ ᠤᠨ ᠠᠢᠮᠠᠭ᠂ ᠦᠽᠢᠶᠧᠯᠴᠦᠳ ᠦᠨ ᠠᠢᠮᠠᠭ ᠡᠭᠦᠰᠴᠡᠢ᠃ ᠡᠳᠡᠭᠡᠷ ᠨᠢ ᠺᠣᠬᠠᠲ ᠤᠨ ᠠᠢᠮᠠᠭ ᠤᠳ ᠶᠤᠮ᠃ 28 ᠨᠢᠭᠡ ᠰᠠᠷ᠎ᠠ ᠲᠠᠢ ᠪᠠ ᠲᠡᠭᠦᠨ ᠡᠴᠡ ᠳᠡᠭᠡᠭᠰᠢ ᠨᠠᠰᠤᠨ ᠤ ᠡᠷᠠᠴᠤᠳ ᠤᠨ ᠲᠣᠭ᠎ᠠ ᠨᠢ ᠨᠠᠢ᠌ᠮᠠᠨ ᠮᠢᠩ᠋ᠭ᠎ᠠ ᠵᠢᠷᠭᠤᠭᠠᠨ ᠵᠠᠭᠤ ᠪᠢᠯᠡ᠃ ᠲᠡᠳᠡ ᠠᠷᠢᠭᠤᠨ ᠭᠠᠵᠠᠷ ᠲᠤ ᠠᠯᠪᠠ ᠲᠠᠢ᠃ 29 ᠺᠣᠬᠠᠲ ᠤᠨ ᠠᠢᠮᠠᠭ ᠤᠳ ᠴᠠᠴᠠᠷ ᠤᠨ ᠡᠮᠦᠨ᠎ᠡ ᠲᠠᠯ᠎ᠠ ᠳᠤ ᠪᠠᠭᠤᠳᠠᠯᠯᠠᠳᠠᠭ ᠪᠥᠭᠡᠳ 30 ᠺᠣᠬᠠᠲ ᠤᠨ ᠠᠢᠮᠠᠭ ᠤᠳ ᠤᠨ ᠤᠳᠤᠷᠢᠳᠤᠭᠴᠢ ᠨᠢ ᠦᠽᠢᠶᠧᠯ ᠤᠨ ᠬᠦᠦ ᠡᠯᠢᠽᠠᠹᠠᠨ ᠪᠠᠢᠯ᠎ᠠ᠃ 31 ᠲᠡᠳᠡ ᠠᠪᠳᠠᠷ᠎ᠠ᠂ ᠰᠢᠷᠡᠭᠡ᠂ ᠳ᠋ᠧᠩ ᠤᠨ ᠲᠠᠯᠪᠢᠭᠤᠷ᠂ ᠲᠠᠬᠢᠯ ᠤᠨ ᠰᠢᠷᠡᠭᠡ ᠨᠦᠭᠦᠳ ᠬᠢᠭᠡᠳ ᠲᠠᠬᠢᠯᠴᠢᠳ ᠤᠨ ᠦᠢᠯᠡᠴᠢᠯᠡᠯ ᠳᠦ ᠬᠡᠷᠡᠭᠯᠡᠳᠡᠭ ᠠᠷᠢᠭᠤᠨ ᠭᠠᠵᠠᠷ ᠤᠨ ᠡᠳ᠋ ᠵᠦᠢᠯᠡᠰ᠂ ᠬᠥᠰᠢᠭᠡ ᠵᠡᠷᠭᠡ ᠶᠢ ᠬᠠᠷᠢᠭᠤᠴᠠᠬᠤ ᠡᠭᠦᠷᠭᠡ ᠲᠠᠢ᠃ 32 ᠯᠧᠸᠢᠴᠦᠳ ᠦᠨ ᠤᠳᠤᠷᠢᠳᠤᠭᠴᠢᠳ ᠤᠨ ᠲᠡᠷᠢᠭᠦᠨ ᠨᠢ ᠲᠠᠬᠢᠯᠴᠢ ᠠᠷᠣᠨ ᠤ ᠬᠦᠦ ᠡᠯᠧᠶᠠᠽᠠᠷ ᠶᠤᠮ᠃ ᠲᠡᠷᠡ ᠠᠷᠢᠭᠤᠨ ᠭᠠᠵᠠᠷ ᠤᠨ ᠬᠠᠷᠢᠭᠤᠴᠠᠭᠴᠢᠳ ᠢ ᠬᠢᠨᠠᠳᠠᠭ ᠪᠠᠢᠯ᠎ᠠ᠃
33 ᠮᠧᠷᠠᠷᠢ ᠡᠴᠡ ᠮᠠᠯᠢᠴᠤᠳ ᠤᠨ ᠠᠢᠮᠠᠭ᠂ ᠮᠦᠱᠢᠴᠦᠳ ᠦᠨ ᠠᠢᠮᠠᠭ ᠡᠭᠦᠰᠴᠡᠢ᠃ ᠡᠳᠡᠭᠡᠷ ᠨᠢ ᠮᠧᠷᠠᠷᠢ ᠶᠢᠨ ᠠᠢᠮᠠᠭ ᠤᠳ ᠪᠢᠯᠡ᠃ 34 ᠨᠢᠭᠡ ᠰᠠᠷ᠎ᠠ ᠲᠠᠢ ᠪᠠ ᠲᠡᠭᠦᠨ ᠡᠴᠡ ᠳᠡᠭᠡᠭᠰᠢ ᠨᠠᠰᠤᠨ ᠤ ᠪᠦᠬᠦ ᠡᠷᠡᠴᠦᠳ ᠦᠨ ᠲᠣᠭ᠎ᠠ ᠵᠢᠷᠭᠤᠭᠠᠨ ᠮᠢᠩ᠋ᠭ᠎ᠠ ᠬᠣᠶᠠᠷ ᠵᠠᠭᠤ ᠪᠥᠭᠡᠳ 35 ᠮᠧᠷᠠᠷᠢ ᠶᠢᠨ ᠠᠢᠮᠠᠭ ᠤᠳ ᠤᠨ ᠭᠡᠷ ᠪᠦᠯᠢ ᠨᠦᠭᠦᠳ ᠦᠨ ᠤᠳᠤᠷᠢᠳᠤᠭᠴᠢ ᠨᠢ ᠠᠪᠢᠬᠠᠢᠯ ᠤᠨ ᠬᠦᠦ ᠽᠦᠷᠢᠶᠧᠯ ᠪᠠᠢᠪᠠ᠃ ᠮᠢᠷᠠᠷᠢᠴᠤᠳ ᠴᠠᠴᠠᠷ ᠤᠨ ᠬᠣᠢᠲᠤ ᠲᠠᠯ᠎ᠠ ᠳᠤ ᠪᠠᠭᠤᠳᠠᠯᠯᠠᠨᠠ᠂ 36 ᠲᠡᠳᠡᠨ ᠦ ᠡᠭᠦᠷᠭᠡ ᠪᠣᠯ ᠴᠠᠴᠠᠷ ᠤᠨ ᠳ᠋ᠦᠨᠵᠡ ᠨᠦᠭᠦᠳ᠂ ᠬᠥᠨᠳᠡᠯᠡᠪᠴᠢ ᠮᠣᠳᠣᠳ᠂ ᠪᠠᠭᠠᠨ᠎ᠠ ᠨᠤᠭᠤᠳ᠂ ᠤᠭᠯᠠᠭᠤᠷ ᠤᠳ᠂ ᠪᠦᠬᠦ ᠬᠡᠷᠡᠭᠰᠡᠯ ᠪᠣᠯᠣᠨ ᠪᠤᠰᠤᠳ ᠬᠡᠷᠡᠭᠴᠡᠭᠡ ᠲᠠᠢ ᠵᠦᠢᠯ᠂ 37 ᠮᠥᠨ ᠬᠠᠰᠢᠶ᠎ᠠ ᠶᠢ ᠲᠣᠭᠣᠷᠢᠭᠰᠠᠨ ᠪᠠᠭᠠᠨ᠎ᠠ ᠨᠤᠭᠤᠳ᠂ ᠤᠭᠯᠠᠭᠤᠷ ᠤᠳ᠂ ᠮᠠᠢᠬᠠᠨ ᠤ ᠭᠠᠳᠠᠰᠤ ᠨᠤᠭᠤᠳ ᠪᠠ ᠣᠭᠣᠰᠣᠷ ᠤᠳ ᠵᠡᠷᠭᠡ ᠶᠢ ᠬᠠᠷᠢᠭᠤᠴᠠᠨ᠎ᠠ᠃
38 ᠮᠣᠰᠧ᠂ ᠠᠷᠣᠨ ᠪᠠ ᠠᠷᠣᠨ ᠤ ᠬᠥᠪᠡᠭᠦᠳ ᠴᠠᠴᠠᠷ ᠤᠨ ᠤᠷᠳᠤ᠂ ᠨᠠᠷᠠ ᠮᠠᠨᠳᠤᠬᠤ ᠵᠦᠭ᠂ ᠵᠡᠭᠦᠨ ᠲᠠᠯ᠎ᠠ ᠳᠤ ᠪᠠᠭᠤᠳᠠᠯᠯᠠᠬᠤ ᠪᠣᠯᠣᠨ᠎ᠠ᠃ ᠲᠡᠳᠡ ᠢᠰᠷᠧᠯᠴᠦᠳ ᠦᠨ ᠡᠮᠦᠨ᠎ᠡ ᠡᠴᠡ ᠠᠷᠢᠭᠤᠨ ᠭᠠᠵᠠᠷ ᠢ ᠬᠠᠷᠢᠭᠤᠴᠠᠨ᠎ᠠ᠃ ᠬᠡᠷᠪᠡ ᠭᠠᠳᠠᠨ᠎ᠠ ᠶᠢᠨ ᠬᠥᠮᠦᠨ ᠣᠢᠷᠠᠲᠤᠵᠤ ᠣᠴᠢᠪᠠᠯ ᠴᠠᠭᠠᠵᠠᠯᠠᠭᠤᠯᠬᠤ ᠪᠣᠯᠣᠨ᠎ᠠ᠃ 39 ᠶᠣᠬᠣᠸᠠ ᠶᠢᠨ ᠠᠢᠯᠠᠳᠤᠭᠰᠠᠨ ᠶᠣᠰᠣᠭᠠᠷ ᠮᠣᠰᠧ᠂ ᠠᠷᠣᠨ ᠨᠠᠷ ᠯᠧᠸᠢᠴᠦᠳ ᠢ ᠠᠢᠮᠠᠭ ᠤᠳ ᠢᠶᠠᠷ ᠨᠢ ᠲᠣᠭᠠᠯᠠᠬᠤ ᠳᠤ᠂ ᠨᠢᠭᠡ ᠰᠠᠷ᠎ᠠ ᠲᠠᠢ ᠪᠠ ᠲᠡᠭᠦᠨ ᠡᠴᠡ ᠳᠡᠭᠡᠭᠰᠢ ᠨᠠᠰᠤᠨ ᠤ ᠪᠦᠬᠦ ᠡᠷᠡᠴᠦᠳ ᠦᠨ ᠲᠣᠭ᠎ᠠ ᠬᠣᠶᠠᠷ ᠲᠦᠮᠡ ᠬᠣᠶᠠᠷ ᠮᠢᠩ᠋ᠭ᠎ᠠ ᠪᠠᠢᠯ᠎ᠠ᠃
40 ᠶᠣᠬᠣᠸᠠ ᠮᠣᠰᠧ ᠳᠤ ᠠᠢᠯᠠᠳᠤᠨ᠄ 《ᠢᠰᠷᠧᠯᠴᠦᠳ ᠦᠨ ᠨᠢᠭᠡ ᠰᠠᠷ᠎ᠠ ᠲᠠᠢ ᠪᠠ ᠲᠡᠭᠦᠨ ᠡᠴᠡ ᠳᠡᠭᠡᠭᠰᠢ ᠨᠠᠰᠤᠨ ᠤ ᠤᠤᠭᠠᠨ ᠡᠷ᠎ᠡ ᠬᠦᠢᠰᠦᠲᠡᠨ ᠪᠦᠷᠢ ᠶᠢ ᠲᠣᠭᠠᠯᠠᠵᠤ᠂ ᠨᠡᠷᠡᠰ ᠢ ᠨᠢ ᠪᠦᠷᠢᠳᠬᠡ᠃ 41 ᠴᠢ ᠯᠧᠸᠢᠴᠦᠳ ᠢ ᠢᠰᠷᠧᠯᠴᠦᠳ ᠦᠨ ᠤᠤᠭᠠᠨ ᠲᠥᠷᠥᠭᠰᠡᠳ ᠪᠦᠭᠦᠳᠡ ᠶᠢᠨ ᠣᠷᠣᠨ ᠳᠤ᠂ ᠮᠥᠨ ᠯᠧᠸᠢᠴᠦᠳ ᠦᠨ ᠮᠠᠯ ᠰᠦᠷᠦᠭ ᠢ ᠢᠰᠷᠧᠯᠴᠦᠳ ᠦᠨ ᠮᠠᠯ ᠰᠦᠷᠦᠭ ᠦᠨ ᠠᠩᠬ᠎ᠠ ᠲᠥᠷᠥᠭᠰᠡᠳ ᠪᠦᠭᠦᠳᠡ ᠶᠢᠨ ᠣᠷᠣᠨ ᠳᠤ ᠮᠢᠨᠦ ᠡᠮᠦᠨ᠎ᠡ ᠡᠴᠡ ᠬᠦᠯᠢᠶᠡᠨ ᠠᠪ᠂ ᠪᠢ ᠪᠣᠯ ᠶᠣᠬᠣᠸᠠ》 ᠭᠡᠰᠡᠨ ᠳᠦ᠂ 42 ᠮᠣᠰᠧ ᠶᠣᠬᠣᠸᠠ ᠶᠢᠨ ᠲᠤᠰᠢᠶᠠᠭᠰᠠᠨ ᠶᠣᠰᠣᠭᠠᠷ ᠢᠰᠷᠧᠯᠴᠦᠳ ᠦᠨ ᠬᠥᠪᠡᠭᠦᠳ ᠦᠨ ᠳᠤᠮᠳᠠᠬᠢ ᠪᠦᠬᠦ ᠤᠤᠭᠠᠨ ᠲᠥᠷᠥᠭᠰᠡᠳ ᠢ ᠲᠣᠭᠠᠯᠠᠵᠠᠢ᠃ 43 ᠨᠢᠭᠡ ᠰᠠᠷ᠎ᠠ ᠲᠠᠢ ᠪᠠ ᠲᠡᠭᠦᠨ ᠡᠴᠡ ᠳᠡᠭᠡᠭᠰᠢ ᠨᠠᠰᠤᠨ ᠤ ᠨᠡᠷ᠎ᠡ ᠪᠡᠨ ᠪᠦᠷᠢᠳᠬᠡᠭᠦᠯᠦᠭᠰᠡᠨ ᠪᠦᠬᠦ ᠤᠤᠭᠠᠨ ᠡᠷᠡᠴᠦᠳ ᠬᠣᠶᠠᠷ ᠲᠦᠮᠡ ᠬᠣᠶᠠᠷ ᠮᠢᠩ᠋ᠭ᠎ᠠ ᠬᠣᠶᠠᠷ ᠵᠠᠭᠤ ᠳᠠᠯᠠᠨ ᠭᠤᠷᠪᠠ ᠪᠠᠢᠯ᠎ᠠ᠃
44 ᠶᠣᠬᠣᠸᠠ ᠮᠣᠰᠧ ᠳᠤ ᠠᠢᠯᠠᠳᠤᠨ᠄ 45 《ᠴᠢ ᠯᠧᠸᠢᠴᠦᠳ ᠢ ᠢᠰᠷᠧᠯᠴᠦᠳ ᠦᠨ ᠤᠤᠭᠠᠨ ᠲᠥᠷᠥᠭᠰᠡᠳ ᠪᠦᠭᠦᠳᠡ ᠶᠢᠨ ᠣᠷᠣᠨ ᠳᠤ᠂ ᠯᠧᠸᠢᠴᠦᠳ ᠦᠨ ᠮᠠᠯ ᠰᠦᠷᠦᠭ ᠢ ᠢᠰᠷᠧᠯᠴᠦᠳ ᠦᠨ ᠮᠠᠯ ᠰᠦᠷᠦᠭ ᠦᠨ ᠣᠷᠣᠨ ᠳᠤ ᠬᠦᠯᠢᠶᠡᠨ ᠠᠪ᠃ ᠯᠧᠸᠢᠴᠦᠳ ᠨᠢ ᠮᠢᠨᠦᠬᠢ ᠪᠠᠢᠬᠤ ᠪᠣᠯᠣᠨ᠎ᠠ᠃ ᠪᠢ ᠪᠣᠯ ᠶᠣᠬᠣᠸᠠ᠃ 46 ᠯᠧᠸᠢᠴᠦᠳ ᠦᠨ ᠲᠣᠭ᠎ᠠ ᠠᠴᠠ ᠢᠯᠡᠭᠦᠦ ᠭᠠᠷᠤᠭᠰᠠᠨ ᠢᠰᠷᠧᠯᠴᠦᠳ ᠦᠨ ᠬᠣᠶᠠᠷ ᠵᠠᠭᠤ ᠳᠠᠯᠠᠨ ᠭᠤᠷᠪᠠᠨ ᠤᠤᠭᠠᠨ ᠲᠥᠷᠥᠭᠰᠡᠳ ᠦᠨ ᠲᠥᠯᠥᠪᠥᠷᠢ ᠳᠤ᠂ 47 ᠴᠢ ᠬᠥᠮᠦᠨ ᠪᠦᠷᠢ ᠶᠢᠨ ᠲᠥᠯᠥᠭᠡ ᠲᠠᠪᠤᠨ ᠱᠧᠺᠧᠯ ᠠᠪ᠃ ᠠᠷᠢᠭᠤᠨ ᠭᠠᠵᠠᠷ ᠤᠨ ᠪᠠᠷᠢᠮᠵᠢᠶ᠎ᠠ ᠪᠠᠷ ᠨᠢᠭᠡ ᠱᠧᠺᠧᠯ ᠨᠢ ᠬᠣᠷᠢᠨ ᠭᠧᠷᠠ ᠪᠣᠯᠣᠨ᠎ᠠ᠃ 48 ᠡᠳᠡᠭᠡᠷ ᠮᠥᠩᠭᠥ ᠶᠢ ᠢᠯᠡᠭᠦᠦ ᠭᠠᠷᠤᠭᠰᠠᠨ ᠬᠥᠮᠦᠰ ᠢ ᠵᠣᠯᠢᠬᠤ ᠲᠥᠯᠥᠪᠥᠷᠢ ᠪᠣᠯᠭᠠᠨ ᠠᠷᠣᠨ ᠪᠣᠯᠣᠨ ᠲᠡᠭᠦᠨ ᠦ ᠬᠥᠪᠡᠭᠦᠳ ᠲᠦ ᠥᠭ》 ᠭᠡᠪᠡ᠃ 49 ᠮᠣᠰᠧ ᠯᠧᠸᠢᠴᠦᠳ ᠢᠶᠡᠷ ᠣᠷᠣᠯᠠᠭᠤᠯᠤᠭᠰᠠᠨ ᠬᠥᠮᠦᠰ ᠦᠨ ᠲᠣᠭ᠎ᠠ ᠠᠴᠠ ᠢᠯᠡᠭᠦᠦ ᠭᠠᠷᠤᠭᠰᠠᠨ ᠬᠥᠮᠦᠰ ᠢ ᠵᠣᠯᠢᠬᠤ ᠮᠥᠩᠭᠥ ᠶᠢ ᠴᠤᠭᠯᠠᠭᠤᠯᠤᠭᠰᠠᠨ ᠳᠤ᠂ 50 ᠢᠰᠷᠧᠯ ᠤᠨ ᠤᠤᠭᠠᠨ ᠲᠥᠷᠥᠭᠰᠡᠳ ᠡᠴᠡ ᠠᠪᠤᠭᠰᠠᠨ ᠮᠥᠩᠭᠥ ᠨᠢ ᠠᠷᠢᠭᠤᠨ ᠭᠠᠵᠠᠷ ᠤᠨ ᠪᠠᠷᠢᠮᠵᠢᠶ᠎ᠠ ᠪᠠᠷ ᠨᠢᠭᠡ ᠮᠢᠩ᠋ᠭ᠎ᠠ ᠭᠤᠷᠪᠠᠨ ᠵᠠᠭᠤ ᠵᠢᠷᠠᠨ ᠲᠠᠪᠤᠨ ᠱᠧᠺᠧᠯ ᠪᠠᠢᠯ᠎ᠠ᠃ 51 ᠮᠣᠰᠧ ᠲᠡᠷᠡ ᠲᠥᠯᠥᠪᠥᠷᠢ ᠶᠢᠨ ᠮᠥᠩᠭᠥ ᠶᠢ ᠠᠷᠣᠨ ᠪᠣᠯᠣᠨ ᠲᠡᠭᠦᠨ ᠦ ᠬᠥᠪᠡᠭᠦᠳ ᠲᠦ ᠥᠭᠴᠡᠢ᠃ ᠡᠢᠨ ᠬᠦ ᠶᠣᠬᠣᠸᠠ ᠶᠢᠨ ᠠᠢᠯᠠᠳᠤᠭᠰᠠᠨ ᠦᠭᠡ ᠶᠢᠨ ᠶᠣᠰᠣᠭᠠᠷ ᠪᠣᠯᠵᠠᠢ᠃