1 2 3 4 5 6 7 8 9 10 11 12 13 14 15 16 17 18 19 20 21 22 23 24 25 26 27 28 29 30 31 32 33 34 35 36


ᠲᠣᠭᠠᠯᠠᠯᠭ᠎ᠠ ᠬᠣᠷᠢ
 ᠬᠠᠳᠠᠨ ᠠᠴᠠ ᠭᠠᠷᠤᠭᠰᠠᠨ ᠤᠰᠤ

1 ᠨᠢᠭᠡᠳᠦᠭᠡᠷ ᠰᠠᠷ᠎ᠠ ᠳᠤ ᠢᠰᠷᠧᠯ ᠤᠨ ᠨᠡᠢᠲᠡ ᠴᠢᠭᠤᠯᠭᠠᠨ ᠤ ᠬᠠᠮᠤᠭ ᠠᠷᠠᠳ ᠲᠦᠮᠡᠨ ᠽᠢᠨ ᠤ ᠴᠥᠯ ᠳᠤ ᠢᠷᠡᠵᠦ᠂ ᠺᠠᠳᠧᠱ ᠲᠤ ᠪᠠᠭᠤᠳᠠᠯᠯᠠᠭᠰᠠᠨ ᠪᠠᠢᠨ᠎ᠠ᠃ ᠮᠢᠷᠢᠶᠠᠮ ᠲᠡᠨᠳᠡ ᠥᠭᠡᠳᠡ ᠪᠣᠯᠵᠤ᠂ ᠪᠤᠯᠠᠰᠢᠯᠠᠭᠳᠠᠵᠠᠢ᠃

2 ᠨᠡᠢᠲᠡ ᠴᠢᠭᠤᠯᠭᠠᠨ ᠳᠤ ᠤᠰᠤ ᠠᠯᠠᠭ᠎ᠠ ᠪᠠᠢᠯ᠎ᠠ᠃ ᠠᠷᠠᠳ ᠣᠯᠠᠨ ᠮᠣᠰᠧ᠂ ᠠᠷᠣᠨ ᠢ ᠡᠰᠡᠷᠭᠦᠴᠡᠨ ᠴᠤᠭᠯᠠᠷᠠᠭᠠᠳ 3 ᠮᠣᠰᠧ ᠲᠠᠢ ᠮᠠᠷᠭᠤᠯᠳᠤᠵᠤ᠄ 《ᠮᠠᠨ ᠤ ᠠᠬ᠎ᠠ ᠳᠡᠭᠦᠦᠰ ᠶᠣᠬᠣᠸᠠ ᠶᠢᠨ ᠡᠮᠦᠨ᠎ᠡ ᠰᠦᠢᠷᠡᠬᠦ ᠳᠦ᠂ ᠪᠢᠳᠡ ᠴᠤ ᠰᠦᠢᠷᠡᠭᠰᠡᠨ ᠪᠣᠯᠣᠭᠠᠰᠠᠢ︕ 4 ᠲᠠ ᠨᠠᠷ ᠶᠠᠭᠤᠨ ᠳᠤ ᠶᠣᠬᠣᠸᠠ ᠶᠢᠨ ᠴᠢᠭᠤᠯᠭᠠᠨ ᠢ ᠡᠨᠡ ᠴᠥᠯ ᠳᠤ ᠠᠪᠴᠢᠷᠠᠭᠠᠳ ᠬᠥᠮᠦᠨ ᠲᠡᠢ ᠮᠠᠯ ᠲᠠᠢ ᠨᠢ ᠡ᠊ᠨᠳᠡ ᠦᠬᠦᠭᠦᠯᠬᠦ ᠭᠡᠵᠦ ᠪᠠᠢᠨ᠎ᠠ ᠪᠤᠢ︖ 5 ᠲᠠ ᠨᠠᠷ ᠶᠠᠭᠤᠨ ᠳᠤ ᠪᠢᠳᠡᠨ ᠢ ᠶᠧᠵᠢᠫᠲ ᠡᠴᠡ ᠡᠨᠡ ᠮᠠᠭᠤ ᠭᠠᠵᠠᠷ ᠲᠤ ᠠᠪᠴᠢᠷᠠᠪᠠ︖ ᠡᠨᠡ ᠴᠢᠨᠢ ᠲᠠᠷᠢᠶ᠎ᠠ ᠤᠷᠭᠤᠬᠤ ᠭᠠᠵᠠᠷ ᠪᠢᠰᠢ᠂ ᠢᠨᠵᠢᠷ᠂ ᠦᠵᠦᠮ᠂ ᠠᠨᠠᠷ ᠪᠠᠢᠲᠤᠭᠠᠢ᠂ ᠤᠤᠭᠤᠬᠤ ᠤᠰᠤ ᠴᠤ ᠠᠯᠠᠭ᠎ᠠ》 ᠭᠡᠵᠡᠭᠡᠪᠡ᠃ 6 ᠲᠡᠭᠡᠬᠦ ᠳᠦᠨᠢ ᠮᠣᠰᠧ᠂ ᠠᠷᠣᠨ ᠴᠢᠭᠤᠯᠭᠠᠨ ᠤ ᠳᠤᠮᠳᠠ ᠠᠴᠠ ᠭᠠᠷᠴᠤ ᠠᠭᠤᠯᠵᠠᠯᠲᠠ ᠶᠢᠨ ᠴᠠᠴᠠᠷ ᠤᠨ ᠡᠭᠦᠳᠡ ᠤᠷᠤᠭᠤ ᠣᠴᠢᠵᠤ᠂ ᠨᠢᠭᠤᠷ ᠢᠶᠠᠨ ᠭᠠᠵᠠᠷ ᠲᠤ ᠬᠦᠷᠭᠡᠨ ᠪᠥᠬᠥᠢᠲᠡᠯ᠎ᠡ ᠶᠣᠬᠣᠸᠠ ᠶᠢᠨ ᠴᠣᠭ ᠵᠢᠪᠬᠤᠯᠠᠩ ᠲᠡᠳᠡᠨ ᠳᠦ ᠦᠵᠡᠭᠳᠡᠯ᠎ᠡ᠃

7 ᠶᠣᠬᠣᠸᠠ ᠮᠣᠰᠧ ᠳᠤ ᠠᠢᠯᠠᠳᠤᠨ᠄ 8 《ᠲᠠᠶᠠᠭ ᠠᠪ᠂ ᠴᠢ ᠠᠬ᠎ᠠ ᠠᠷᠣᠨ ᠲᠠᠢ ᠪᠠᠨ ᠬᠠᠮᠲᠤ ᠨᠡᠢᠲᠡ ᠴᠢᠭᠤᠯᠭᠠᠨ ᠢ ᠴᠤᠭᠯᠠᠭᠤᠯ᠃ ᠲᠠ ᠨᠠᠷ ᠲᠡᠳᠡᠨ ᠦ ᠨᠢᠳᠦᠨ ᠡᠮᠦᠨ᠎ᠡ ᠡᠨᠡ ᠬᠠᠳᠠᠨ ᠳᠤ ᠶᠠᠷᠢ᠃ ᠲᠡᠭᠡᠪᠡᠯ ᠲᠡᠷᠡ ᠤᠰᠤ ᠪᠠᠨ ᠥᠭᠭᠥᠨ᠎ᠡ᠃ ᠲᠡᠢᠨ ᠬᠦ ᠴᠢ ᠲᠡᠷᠡ ᠬᠠᠳᠠᠨ ᠠᠴᠠ ᠤᠰᠤ ᠭᠠᠷᠭᠠᠵᠤ᠂ ᠨᠡᠢᠲᠡ ᠴᠢᠭᠤᠯᠭᠠᠨ ᠪᠠ ᠲᠡᠳᠡᠨ ᠦ ᠮᠠᠯ ᠰᠦᠷᠦᠭ ᠢ ᠤᠰᠤᠯᠠᠬᠤ ᠪᠣᠯᠣᠨ᠎ᠠ》 ᠭᠡᠰᠡᠨ ᠳᠦ᠂ 9 ᠮᠣᠰᠧ ᠶᠣᠬᠣᠸᠠ ᠶᠢᠨ ᠵᠠᠬᠢᠭᠰᠠᠨ ᠶᠣᠰᠣᠭᠠᠷ ᠲᠡᠭᠦᠨ ᠦ ᠡᠮᠦᠨ᠎ᠡ ᠡᠴᠡ ᠲᠠᠶᠠᠭ ᠢ ᠠᠪᠤᠪᠠ᠃

10 ᠮᠣᠰᠧ᠂ ᠠᠷᠣᠨ ᠥᠨᠥᠬᠢ ᠬᠠᠳᠠᠨ ᠤ ᠡᠮᠦᠨ᠎ᠡ ᠴᠢᠭᠤᠯᠭᠠᠨ ᠢ ᠴᠤᠭᠯᠠᠭᠤᠯᠤᠭᠰᠠᠨ ᠪᠥᠭᠡᠳ ᠮᠣᠰᠧ ᠲᠡᠳᠡᠨ ᠳᠦ᠄ 《ᠣᠳᠣ ᠰᠣᠨᠣᠰᠣᠭᠲᠤᠨ᠂ ᠳᠤᠭᠤᠯᠭᠠᠪᠤᠷᠢ ᠦᠭᠡᠢ ᠬᠥᠮᠦᠰ ᠡ᠂ ᠪᠢᠳᠡ ᠵᠠᠪᠠᠯ ᠡᠨᠡ ᠬᠠᠳᠠᠨ ᠠᠴᠠ ᠲᠠ ᠨᠠᠷ ᠤᠨ ᠲᠥᠯᠥᠭᠡ ᠤᠰᠤ ᠭᠠᠷᠭᠠᠬᠤ ᠶᠣᠰᠣᠲᠠᠢ ᠭᠡᠵᠢ ᠤᠤ︖》 ᠭᠡᠯ᠎ᠡ᠃ 11 ᠮᠣᠰᠧ ᠭᠠᠷ ᠢᠶᠠᠨ ᠡᠷᠭᠦᠭᠡᠳ᠂ ᠲᠠᠶᠠᠭ ᠢᠶᠠᠷ ᠢᠶᠠᠨ ᠬᠠᠳᠠ ᠶᠢ ᠬᠣᠶᠠᠷ ᠤᠳᠠᠭ᠎ᠠ ᠴᠣᠬᠢᠭᠰᠠᠨ ᠳᠤ᠂ ᠤᠰᠤ ᠶᠡᠬᠡ ᠪᠡᠷ ᠣᠷᠭᠢᠯᠣᠨ ᠭᠠᠷᠴᠤ᠂ ᠨᠡᠢᠲᠡ ᠴᠢᠭᠤᠯᠭᠠᠨ ᠪᠣᠯᠣᠨ ᠮᠠᠯ ᠠᠮᠢᠲᠠᠳ ᠤᠤᠭᠤᠵᠠᠭᠠᠪᠠ᠃ 12 ᠬᠠᠷᠢᠨ ᠶᠣᠬᠣᠸᠠ ᠮᠣᠰᠧ᠂ ᠠᠷᠣᠨ ᠳᠤ ᠠᠢᠯᠠᠳᠤᠨ᠄ 《ᠲᠠ ᠨᠠᠷ ᠨᠠᠳᠠ ᠳᠤ ᠢᠲᠡᠭᠡᠯ ᠦᠭᠡᠢ᠂ ᠢᠰᠷᠧᠯᠴᠦᠳ ᠦᠨ ᠨᠢᠳᠦᠨ ᠡᠮᠦᠨ᠎ᠡ ᠨᠠᠮᠠᠶᠢ ᠠᠷᠢᠭᠤᠨ ᠬᠡᠮᠡᠨ ᠬᠦᠨᠳᠦᠳᠬᠡᠭᠡ ᠦᠭᠡᠢ ᠤᠴᠢᠷ ᠠᠴᠠ ᠡᠨᠡ ᠴᠢᠭᠤᠯᠭᠠᠨ ᠢ ᠮᠢᠨᠦ ᠥᠭᠬᠦ ᠨᠤᠲᠤᠭ ᠲᠤ ᠠᠪᠠᠴᠢᠵᠤ ᠴᠢᠳᠠᠬᠤ ᠦᠭᠡᠢ ᠡ》 ᠭᠡᠪᠡ᠃ 13 ᠢᠰᠷᠧᠯ ᠤᠨ ᠬᠥᠪᠡᠭᠦᠳ ᠡ᠊ᠨᠳᠡ ᠶᠣᠬᠣᠸᠠ ᠲᠠᠢ ᠭᠡᠷᠡᠯᠲᠦᠵᠦ᠂ ᠶᠣᠬᠣᠸᠠ ᠲᠡᠳᠡᠨ ᠦ ᠳᠤᠮᠳᠠ ᠠᠷᠢᠭᠤᠨ ᠪᠠᠢᠳᠠᠯ ᠢᠶᠠᠨ ᠢᠯᠡᠷᠬᠡᠶᠢᠯᠡᠭᠰᠡᠨ ᠤᠴᠢᠷ ᠠᠴᠠ ᠡᠨᠡ ᠭᠠᠵᠠᠷ ᠢ ᠮᠧᠷᠢᠪᠠ ᠶᠢᠨ ᠤᠰᠤ ᠭᠡᠳᠡᠭ ᠪᠣᠯᠵᠠᠢ᠃
 ᠡᠳᠣᠮᠴᠤᠳ ᠢᠰᠷᠧᠯᠴᠦᠳ ᠦᠨ ᠭᠤᠶᠤᠴᠢᠯᠠᠯ ᠢ ᠦᠯᠦ ᠵᠥᠪᠰᠢᠶᠡᠷᠡᠪᠡ

14 ᠮᠣᠰᠧ ᠺᠠᠳᠧᠱ ᠡᠴᠡ ᠡᠳᠣᠮ ᠤᠨ ᠬᠠᠭᠠᠨ ᠤᠷᠤᠭᠤ ᠡᠯᠴᠢᠳ ᠢᠯᠡᠭᠡᠵᠦ᠄ 《ᠲᠠᠨ ᠤ ᠳᠡᠭᠦᠦ ᠢᠰᠷᠧᠯ ᠡᠢᠨ ᠬᠦ ᠬᠡᠯᠡᠵᠦ ᠪᠠᠢᠨ᠎ᠠ᠄ ᠮᠠᠨ ᠤ ᠬᠢᠨ ᠤ ᠳᠤᠭᠤᠯᠤᠭᠰᠠᠨ ᠬᠠᠮᠤᠭ ᠵᠣᠪᠠᠯᠠᠩ ᠪᠡᠷᠬᠡᠰᠢᠶᠡᠯ ᠢ ᠲᠠ ᠮᠡᠳᠡᠨ᠎ᠡ᠃ 15 ᠮᠠᠨ ᠤ ᠡᠴᠢᠭᠡ ᠡᠪᠦᠭᠡᠳ ᠶᠧᠵᠢᠫᠲ ᠤᠷᠤᠭᠤ ᠨᠡᠭᠦᠭᠡᠳ ᠲᠡᠨᠳᠡ ᠤᠳᠠᠭᠠᠨ ᠰᠠᠭᠤᠭᠰᠠᠨ᠃ ᠬᠠᠷᠢᠨ ᠶᠧᠵᠢᠫᠲ᠋ᠴᠦᠳ ᠪᠢᠳᠡ ᠪᠣᠯᠣᠨ ᠮᠠᠨ ᠤ ᠡᠪᠦᠭᠡᠳ ᠢ ᠵᠣᠪᠠᠭᠠᠭᠰᠠᠨ ᠲᠤᠯᠠ 16 ᠪᠢᠳᠡ ᠶᠣᠬᠣᠸᠠ ᠤᠷᠤᠭᠤ ᠬᠠᠰᠬᠢᠷᠬᠤ ᠳᠤ᠂ ᠲᠡᠷᠡ ᠳᠠᠭᠤ ᠶᠢ ᠮᠠᠨᠢ ᠰᠣᠨᠣᠰᠴᠤ᠂ ᠲᠩᠷᠢ ᠡᠯᠴᠢ ᠪᠠᠨ ᠢᠯᠡᠭᠡᠨ᠂ ᠪᠢᠳᠡᠨ ᠢ ᠶᠧᠵᠢᠫᠲ ᠡᠴᠡ ᠭᠠᠷᠭᠠᠭᠰᠠᠨ ᠪᠢᠯᠡ᠃ ᠬᠠᠷᠠ᠂ ᠮᠠᠨ ᠤ ᠬᠢᠨ ᠣᠳᠣ ᠲᠠᠨ ᠤ ᠨᠤᠲᠤᠭ ᠳᠡᠪᠢᠰᠬᠡᠷ ᠦᠨ ᠵᠠᠬ᠎ᠠ ᠳᠠᠬᠢ ᠺᠠᠳᠧᠱ ᠬᠣᠲᠠ ᠳᠤ ᠪᠠᠢᠨ᠎ᠠ᠃ 17 ᠪᠢᠳᠡ ᠲᠠᠨ ᠤ ᠨᠤᠲᠤᠭ ᠢᠶᠠᠷ ᠳᠠᠮᠵᠢᠨ ᠥᠩᠭᠡᠷᠡᠬᠦ ᠶᠢ ᠵᠥᠪᠰᠢᠶᠡᠷᠡᠨ᠎ᠡ ᠤᠤ︖ ᠪᠢᠳᠡ ᠲᠠᠷᠢᠶᠠᠨ ᠲᠠᠯᠠᠪᠠᠢ ᠪᠤᠶᠤ ᠦᠵᠦᠮ ᠦᠨ ᠴᠡᠴᠡᠷᠯᠢᠭ ᠢ ᠳᠠᠭᠠᠷᠢᠨ ᠥᠩᠭᠡᠷᠡᠬᠦ ᠦᠭᠡᠢ᠃ ᠬᠤᠳᠳᠤᠭ ᠠᠴᠠ ᠤᠰᠤ ᠴᠤ ᠤᠤᠭᠤᠬᠤ ᠦᠭᠡᠢ᠃ ᠭᠠᠭᠴᠠ ᠬᠦ ᠬᠠᠭᠠᠨ ᠤ ᠵᠠᠮ ᠢᠶᠠᠷ ᠯᠠ ᠶᠠᠪᠤᠨ᠎ᠠ᠂ ᠲᠠᠨ ᠤ ᠨᠤᠲᠤᠭ ᠳᠡᠪᠢᠰᠬᠡᠷ ᠢ ᠥᠩᠭᠡᠷᠡᠨ ᠭᠠᠷᠲᠠᠯ᠎ᠠ ᠪᠠᠨ ᠪᠠᠷᠠᠭᠤᠨ ᠲᠡᠰᠢ ᠴᠤ᠂ ᠵᠡᠭᠦᠨ ᠲᠡᠰᠢ ᠴᠤ ᠬᠠᠵᠠᠢᠬᠤ ᠦᠭᠡᠢ》 ᠭᠡᠵᠦ ᠬᠡᠯᠡᠭᠦᠯᠪᠡ᠃

18 ᠬᠠᠷᠢᠨ ᠡᠳᠣᠮ ᠤᠨ ᠬᠠᠭᠠᠨ᠄ 《ᠮᠠᠨ ᠤ ᠬᠢ ᠪᠠᠷ ᠥᠩᠭᠡᠷᠡᠵᠦ ᠪᠣᠯᠬᠤ ᠦᠭᠡᠢ᠃ ᠡᠰᠡ ᠲᠡᠭᠡᠪᠡᠯ ᠪᠢᠳᠡ ᠢᠯᠳᠦ ᠪᠠᠷᠢᠨ ᠭᠠᠷᠴᠤ ᠲᠠ ᠨᠠᠷ ᠲᠠᠢ ᠲᠤᠯᠤᠯᠳᠤᠬᠤ ᠪᠣᠯᠣᠨ᠎ᠠ》 ᠭᠡᠪᠡ᠃ 19 ᠢᠰᠷᠧᠯᠴᠦᠳ᠄ 《ᠪᠢᠳᠡ ᠶᠡᠬᠡ ᠵᠠᠮ ᠢᠶᠠᠷ ᠯᠠ ᠶᠠᠪᠤᠬᠤ ᠪᠣᠯᠣᠨ᠎ᠠ᠃ ᠬᠡᠷᠪᠡ ᠪᠢᠳᠡ᠂ ᠡᠰᠡᠪᠡᠯ ᠮᠠᠨ ᠤ ᠮᠠᠯ ᠰᠦᠷᠦᠭ ᠲᠠᠨ ᠤ ᠤᠰᠤᠨ ᠠᠴᠠ ᠤᠤᠭᠤᠪᠠᠯ ᠦᠨ᠎ᠡ ᠶᠢ ᠨᠢ ᠲᠥᠯᠥᠶ᠎ᠡ᠃ ᠵᠥᠪᠬᠡᠨ ᠬᠥᠯ ᠲᠠᠯᠪᠢᠵᠤ ᠥᠩᠭᠡᠷᠡᠬᠦ ᠶᠢ ᠮᠠᠨᠢ ᠵᠥᠪᠰᠢᠶᠡᠷᠡᠭᠡᠴᠢ᠂ ᠥᠭᠡᠷ᠎ᠡ ᠶᠠᠭᠤ ᠴᠤ ᠬᠡᠷᠡᠭ ᠦᠭᠡᠢ》 ᠭᠡᠰᠡᠨ ᠪᠣᠯᠪᠠᠴᠤ 20 ᠡᠳᠣᠮ ᠤᠨ ᠬᠠᠭᠠᠨ᠄ 《ᠥᠩᠭᠡᠷᠡᠵᠦ ᠪᠣᠯᠬᠤ ᠦᠭᠡᠢ》 ᠭᠡᠳ ᠬᠦᠴᠦᠲᠦ ᠵᠡᠪᠰᠡᠭ ᠲᠡᠢ ᠣᠯᠠᠨ ᠬᠥᠮᠦᠨ ᠢᠶᠡᠨ ᠳᠠᠭᠠᠭᠤᠯᠤᠨ ᠭᠠᠷᠴᠤ ᠲᠡᠳᠡᠨ ᠲᠡᠢ ᠬᠠᠯᠵᠠ ᠲᠤᠯᠪᠠ᠃ 21 ᠲᠡᠢᠨ ᠬᠦ ᠡᠳᠣᠮ ᠤᠨ ᠬᠠᠭᠠᠨ ᠢᠰᠷᠧᠯ ᠢ ᠨᠤᠲᠤᠭ ᠢᠶᠠᠷ ᠢᠶᠠᠨ ᠥᠩᠭᠡᠷᠡᠭᠦᠯᠦᠭᠰᠡᠨ ᠦᠭᠡᠢ ᠲᠤᠯᠠ ᠢᠰᠷᠧᠯ ᠲᠡᠳᠡᠨ ᠡᠴᠡ ᠵᠠᠢᠯᠠᠨ ᠶᠠᠪᠤᠭᠰᠠᠨ ᠪᠠᠢᠨ᠎ᠠ᠃
 ᠠᠷᠣᠨ ᠥᠭᠡᠳᠡ ᠪᠣᠯᠪᠠ

22 ᠢᠰᠷᠧᠯ ᠤᠨ ᠨᠡᠢᠲᠡ ᠴᠢᠭᠤᠯᠭᠠᠨ ᠪᠦᠬᠦᠯᠢ ᠳᠡᠭᠡᠨ ᠺᠠᠳᠧᠱ ᠡᠴᠡ ᠬᠥᠳᠡᠯᠦᠨ ᠬᠣᠷ ᠠᠭᠤᠯᠠᠨ ᠳᠤ ᠬᠦᠷᠪᠡ᠃ 23 ᠡᠳᠣᠮ ᠤᠨ ᠬᠢᠯᠢ ᠳᠠᠬᠢ ᠬᠣᠷ ᠠᠭᠤᠯᠠᠨ ᠳᠤ ᠶᠣᠬᠣᠸᠠ ᠮᠣᠰᠧ᠂ ᠠᠷᠣᠨ ᠳᠤ ᠠᠢᠯᠠᠳᠤᠨ᠄ 24 《ᠠᠷᠣᠨ ᠥᠪᠡᠷ ᠦᠨ ᠡᠪᠦᠭᠡ ᠳᠡᠭᠡᠳᠦᠰ ᠤᠷᠤᠭᠤ ᠪᠠᠨ ᠣᠳᠬᠤ ᠪᠣᠯᠣᠨ᠎ᠠ᠂ ᠮᠢᠨᠦ ᠢᠰᠷᠧᠯᠴᠦᠳ ᠲᠦ ᠥᠭᠬᠦ ᠨᠤᠲᠤᠭ ᠲᠤ ᠲᠡᠷᠡ ᠣᠷᠣᠬᠤ ᠦᠭᠡᠢ᠂ ᠤᠴᠢᠷ ᠨᠢ ᠮᠧᠷᠢᠪᠠ ᠶᠢᠨ ᠤᠰᠤᠨ ᠤ ᠲᠤᠬᠠᠢ ᠵᠠᠬᠢᠭᠰᠠᠨ ᠦᠭᠡ ᠶᠢ ᠮᠢᠨᠢ ᠲᠠ ᠨᠠᠷ ᠳᠠᠭᠠᠭᠰᠠᠨ ᠦᠭᠡᠢ᠃ 25 ᠬᠠᠷᠢᠨ ᠴᠢ ᠠᠷᠣᠨ ᠪᠣᠯᠣᠨ ᠲᠡᠭᠦᠨ ᠦ ᠬᠦᠦ ᠡᠯᠧᠶᠠᠽᠠᠷ ᠢ ᠳᠠᠭᠠᠭᠤᠯᠤᠨ ᠬᠣᠷ ᠠᠭᠤᠯᠠᠨ ᠳᠤ ᠭᠠᠷᠴᠤ᠂ 26 ᠠᠷᠣᠨ ᠤ ᠬᠤᠪᠴᠠᠰᠤ ᠶᠢ ᠲᠠᠢᠯᠤᠨ᠂ ᠬᠦᠦ ᠡᠯᠧᠶᠠᠽᠠᠷ ᠲᠤᠨᠢ ᠡᠮᠦᠰᠬᠡᠭᠲᠦᠨ᠃ ᠠᠷᠣᠨ ᠲᠡᠨᠳᠡ ᠨᠠᠰᠤ ᠪᠠᠷᠠᠵᠤ᠂ ᠡᠪᠦᠭᠡ ᠳᠡᠭᠡᠳᠦᠰ ᠤᠷᠤᠭᠤ ᠪᠠᠨ ᠣᠳᠬᠤ ᠪᠣᠯᠣᠨ᠎ᠠ》 ᠭᠡᠰᠡᠨ ᠳᠦ᠂ 27 ᠮᠣᠰᠧ ᠶᠣᠬᠣᠸᠠ ᠶᠢᠨ ᠲᠤᠰᠢᠶᠠᠭᠰᠠᠨ ᠶᠣᠰᠣᠭᠠᠷ ᠲᠡᠢᠨ ᠬᠦ ᠦᠢᠯᠡᠳᠴᠡᠢ᠃ ᠲᠡᠳᠡ ᠭᠤᠷᠪᠠᠭᠤᠯᠠ ᠨᠡᠢᠲᠡ ᠴᠢᠭᠤᠯᠭᠠᠨ ᠤ ᠨᠢᠳᠦᠨ ᠦ ᠡᠮᠦᠨ᠎ᠡ ᠬᠣᠷ ᠠᠭᠤᠯᠠ ᠥᠭᠡᠳᠡ ᠭᠠᠷᠪᠠ᠃ 28 ᠮᠣᠰᠧ ᠠᠷᠣᠨ ᠤ ᠬᠤᠪᠴᠠᠰᠤ ᠶᠢ ᠲᠠᠢᠯᠤᠨ ᠠᠪᠴᠤ᠂ ᠬᠦᠦ ᠡᠯᠧᠶᠠᠽᠠᠷ ᠲᠤᠨᠢ ᠡᠮᠦᠰᠬᠡᠪᠡ᠃ ᠠᠷᠣᠨ ᠲᠡᠨᠳᠡ ᠠᠭᠤᠯᠠ ᠶᠢᠨ ᠣᠷᠣᠢ ᠳᠡᠭᠡᠷ᠎ᠡ ᠥᠭᠡᠳᠡ ᠪᠣᠯᠣᠭᠰᠠᠨ ᠪᠠᠢᠨ᠎ᠠ᠂ ᠮᠣᠰᠧ᠂ ᠡᠯᠧᠶᠠᠽᠠᠷ ᠠᠭᠤᠯᠠᠨ ᠠᠴᠠ ᠪᠠᠭᠤᠪᠠ᠃ 29 ᠨᠡᠢᠲᠡ ᠴᠢᠭᠤᠯᠭᠠᠨ ᠪᠦᠭᠦᠳᠡᠭᠡᠷ ᠠᠷᠣᠨ ᠤ ᠥᠭᠡᠳᠡ ᠪᠣᠯᠣᠭᠰᠠᠨ ᠢ ᠮᠡᠳᠡᠭᠡᠳ᠂ ᠢᠰᠷᠧᠯ ᠤᠨ ᠠᠢᠯ ᠪᠣᠯᠭᠠᠨ ᠠᠷᠣᠨ ᠤ ᠬᠣᠢᠨ᠎ᠠ ᠠᠴᠠ ᠭᠤᠴᠢᠨ ᠬᠣᠨᠣᠭ ᠭᠠᠰᠢᠭᠤᠳᠠᠭᠰᠠᠨ ᠪᠠᠢᠪᠠ᠃