ᠲᠣᠭᠠᠯᠠᠯᠭ᠎ᠠ ᠨᠠᠢ᠌ᠮᠠ
ᠳ᠋ᠧᠩ ᠤᠳ ᠢ ᠪᠡᠯᠡᠳᠬᠡᠭᠰᠡᠨ ᠨᠢ
1 ᠲᠡᠭᠡᠬᠦ ᠳᠦ ᠶᠣᠬᠣᠸᠠ ᠮᠣᠰᠧ ᠳᠤ ᠠᠢᠯᠠᠳᠤᠨ᠄ 2 《ᠠᠷᠣᠨ ᠳᠤ ᠵᠠᠬᠢ᠄ ᠳ᠋ᠧᠩ ᠤᠳ ᠢ ᠪᠡᠯᠡᠳᠬᠡᠬᠦ ᠳᠡᠭᠡᠨ ᠳᠣᠯᠣᠭᠠᠨ ᠳ᠋ᠧᠩ ᠢ ᠨᠢ ᠲᠠᠯᠪᠢᠭᠤᠷ ᠤᠨ ᠢᠶᠠᠨ ᠡᠮᠦᠨ᠎ᠡ ᠲᠠᠯ᠎ᠠ ᠶᠢ ᠭᠡᠷᠡᠯᠲᠦᠭᠦᠯᠬᠦ ᠪᠡᠷ ᠪᠠᠢᠷᠢᠯᠠᠭᠤᠯ》 ᠭᠡᠪᠡ᠃ 3 ᠠᠷᠣᠨ ᠲᠡᠢᠨ ᠬᠦ ᠦᠢᠯᠡᠳᠴᠦ᠂ ᠶᠣᠬᠣᠸᠠ ᠶᠢᠨ ᠮᠣᠰᠧ ᠳᠤ ᠲᠤᠰᠢᠶᠠᠭᠰᠠᠨ ᠶᠣᠰᠣᠭᠠᠷ ᠳ᠋ᠧᠩ ᠤᠳ ᠢ ᠲᠠᠯᠪᠢᠭᠤᠷ ᠤᠨ ᠢᠶᠠᠨ ᠡᠮᠦᠨ᠎ᠡ ᠲᠠᠯ᠎ᠠ ᠶᠢ ᠭᠡᠷᠡᠯᠲᠦᠭᠦᠯᠬᠦ ᠪᠡᠷ ᠪᠡᠯᠡᠳᠬᠡᠵᠡᠢ᠃ 4 ᠳ᠋ᠧᠩ ᠤᠨ ᠲᠠᠯᠪᠢᠭᠤᠷ ᠢ ᠶᠣᠬᠣᠸᠠ ᠶᠢᠨ ᠮᠣᠰᠧ ᠳᠤ ᠦᠵᠡᠭᠦᠯᠦᠭᠰᠡᠨ ᠵᠠᠭᠪᠤᠷ ᠤᠨ ᠶᠣᠰᠣᠭᠠᠷ ᠠᠯᠲᠠ ᠪᠠᠷ ᠳᠠᠪᠲᠠᠵᠤ᠂ ᠰᠠᠭᠤᠷᠢ ᠡᠴᠡ ᠨᠢ ᠴᠡᠴᠡᠭ ᠬᠦᠷᠲᠡᠯ᠎ᠡ ᠨᠢ ᠳᠠᠪᠲᠠᠵᠤ ᠬᠢᠭᠰᠡᠨ ᠶᠤᠮ᠃
ᠯᠧᠸᠢᠴᠦᠳ ᠢ ᠲᠤᠰᠠᠭᠠᠷᠯᠠᠪᠠ
5 ᠶᠣᠬᠣᠸᠠ ᠮᠣᠰᠧ ᠳᠤ ᠠᠢᠯᠠᠳᠤᠨ᠄ 6 《ᠢᠰᠷᠧᠯᠴᠦᠳ ᠦᠨ ᠳᠤᠮᠳᠠ ᠠᠴᠠ ᠯᠧᠸᠢᠴᠦᠳ ᠢ ᠠᠪᠴᠤ ᠴᠡᠪᠡᠷᠰᠢᠭᠦᠯ᠃ 7 ᠲᠡᠳᠡᠨ ᠢ ᠴᠡᠪᠡᠷᠰᠢᠭᠦᠯᠬᠦ ᠳᠡᠭᠡᠨ ᠢᠩᠭᠢᠵᠦ ᠬᠢ᠄ ᠲᠡᠳᠡᠨ ᠦ ᠳᠡᠭᠡᠷ᠎ᠡ ᠭᠡᠮ ᠢ ᠴᠡᠪᠡᠷᠰᠢᠭᠦᠯᠬᠦ ᠤᠰᠤ ᠰᠠᠴᠤᠭᠠᠳ ᠪᠦᠬᠦ ᠪᠡᠶ᠎ᠡ ᠶᠢᠨ ᠬᠢᠨᠢ ᠦᠰᠦ ᠶᠢ ᠲᠣᠩ᠋ᠭᠣᠷᠠᠭ ᠢᠶᠠᠷ ᠬᠤᠰᠤᠭᠤᠯᠵᠤ᠂ ᠬᠤᠪᠴᠠᠰᠤ ᠬᠤᠨᠠᠷ ᠢ ᠨᠢ ᠤᠬᠢᠶᠠᠯᠭ᠎ᠠ᠃ ᠲᠡᠭᠡᠪᠡᠯ ᠲᠡᠳᠡ ᠴᠡᠪᠡᠷ ᠪᠣᠯᠣᠨ᠎ᠠ᠃ 8 ᠲᠡᠭᠡᠭᠡᠳ ᠲᠡᠳᠡᠨ ᠢᠶᠡᠷ ᠨᠢᠭᠡ ᠵᠠᠯᠠᠭᠤ ᠪᠤᠬ᠎ᠠ ᠪᠣᠯᠣᠨ ᠲᠣᠰᠣᠨ ᠳᠤ ᠪᠠᠭᠰᠤᠷᠠᠭᠰᠠᠨ ᠰᠠᠢᠨ ᠭᠤᠯᠢᠷ ᠤᠨ ᠢᠳᠡᠭᠡᠨ ᠲᠠᠬᠢᠯ ᠠᠪᠴᠢᠷᠠᠭᠤᠯ᠃ ᠪᠠᠰᠠ ᠨᠢᠭᠡ ᠵᠠᠯᠠᠭᠤ ᠪᠤᠬ᠎ᠠ ᠶᠢ ᠨᠢᠭᠦᠯ ᠦᠨ ᠲᠠᠬᠢᠯ ᠳᠤ ᠠᠪᠴᠢᠷᠠ᠃ 9 ᠲᠡᠭᠡᠭᠡᠳ ᠴᠢ ᠯᠧᠸᠢᠴᠦᠳ ᠢ ᠠᠭᠤᠯᠵᠠᠯᠲᠠ ᠶᠢᠨ ᠴᠠᠴᠠᠷ ᠤᠨ ᠡᠮᠦᠨ᠎ᠡ ᠠᠪᠴᠢᠷᠠᠬᠤ 43 ᠶᠣᠰᠣᠲᠠᠢ᠃ ᠢᠰᠷᠧᠯᠴᠦᠳ ᠦᠨ ᠨᠡᠢᠲᠡ ᠴᠢᠭᠤᠯᠭᠠᠨ ᠢ ᠪᠦᠭᠦᠳᠡ ᠶᠢ ᠨᠢ ᠴᠤᠭᠯᠠᠭᠤᠯᠵᠤ᠂ 10 ᠯᠧᠸᠢᠴᠦᠳ ᠢ ᠶᠣᠬᠣᠸᠠ ᠶᠢᠨ ᠡᠮᠦᠨ᠎ᠡ ᠠᠪᠴᠢᠷᠠ 44 ᠃ ᠢᠰᠷᠧᠯᠴᠦᠳ ᠯᠧᠸᠢᠴᠦᠳ ᠦᠨ ᠳᠡᠭᠡᠷ᠎ᠡ ᠭᠠᠷ ᠢᠶᠠᠨ ᠲᠠᠯᠪᠢᠬᠤ ᠳᠤ᠂ 11 ᠠᠷᠣᠨ ᠯᠧᠸᠢᠴᠦᠳ ᠢ ᠢᠰᠷᠧᠯᠴᠦᠳ ᠡᠴᠡ ᠠᠪᠤᠭᠰᠠᠨ ᠳᠠᠯᠠᠯᠬᠤ ᠡᠷᠭᠦᠯ ᠪᠣᠯᠭᠠᠨ ᠶᠣᠬᠣᠸᠠ ᠶᠢᠨ ᠡᠮᠦᠨ᠎ᠡ ᠠᠪᠴᠢᠷᠠᠨ᠎ᠠ 45 ᠃ ᠡᠭᠦᠨ ᠦ ᠳᠠᠷᠠᠭ᠎ᠠ ᠯᠠ ᠲᠡᠳᠡ ᠶᠣᠬᠣᠸᠠ ᠶᠢᠨ ᠠᠵᠢᠯ ᠢ ᠭᠦᠢᠴᠡᠳᠬᠡᠨ᠎ᠡ᠃
12 ᠬᠣᠶᠠᠷ ᠪᠤᠬ᠎ᠠ ᠶᠢᠨ ᠲᠣᠯᠣᠭᠠᠢ ᠳᠡᠭᠡᠷ᠎ᠡ ᠯᠧᠸᠢᠴᠦᠳ ᠦᠨ ᠭᠠᠷ ᠢ ᠲᠠᠯᠪᠢᠭᠤᠯᠵᠤ᠂ ᠨᠢᠭᠡ ᠶᠢ ᠨᠢ ᠨᠢᠭᠦᠯ ᠦᠨ ᠲᠠᠬᠢᠯ᠂ ᠨᠥᠭᠥᠭᠡ ᠶᠢ ᠨᠢ ᠰᠢᠲᠠᠭᠠᠯᠭᠠᠲᠤ ᠲᠠᠬᠢᠯ ᠪᠣᠯᠭᠠᠨ ᠶᠣᠬᠣᠸᠠ ᠳᠤ ᠡᠷᠭᠦᠵᠦ᠂ ᠯᠧᠸᠢᠴᠦᠳ ᠦᠨ ᠲᠥᠯᠥᠭᠡ ᠭᠡᠮ ᠦᠨ ᠬᠡᠯᠲᠦᠷᠢᠭᠦᠯᠦᠯᠭᠡ ᠶᠢ ᠬᠢ᠃ 13 ᠲᠡᠭᠡᠭᠡᠳ ᠠᠷᠣᠨ ᠪᠣᠯᠣᠨ ᠲᠡᠭᠦᠨ ᠦ ᠬᠥᠪᠡᠭᠦᠳ ᠦᠨ ᠡᠮᠦᠨ᠎ᠡ ᠯᠧᠸᠢᠴᠦᠳ ᠢ ᠵᠣᠭᠰᠣᠭᠠᠵᠤ ᠲᠡᠳᠡᠨ ᠢ ᠳᠠᠯᠠᠯᠬᠤ ᠡᠷᠭᠦᠯ ᠪᠣᠯᠭᠠᠨ ᠶᠣᠬᠣᠸᠠ ᠳᠤ ᠠᠪᠴᠢᠷᠠ᠃ 14 ᠲᠡᠢᠨ ᠬᠦ ᠴᠢ ᠯᠧᠸᠢᠴᠦᠳ ᠢ ᠢᠰᠷᠧᠯᠴᠦᠳ ᠦᠨ ᠳᠤᠮᠳᠠ ᠠᠴᠠ ᠲᠤᠰᠠᠭᠠᠷᠯᠠ᠂ ᠯᠧᠸᠢᠴᠦᠳ ᠮᠢᠨᠦᠬᠢ ᠪᠣᠯᠣᠨ᠎ᠠ᠃
15 ᠡᠭᠦᠨ ᠦ ᠳᠠᠷᠠᠭ᠎ᠠ ᠯᠠ ᠯᠧᠸᠢᠴᠦᠳ ᠠᠭᠤᠯᠵᠠᠯᠲᠠ ᠶᠢᠨ ᠴᠠᠴᠠᠷ ᠲᠤ ᠦᠢᠯᠡᠴᠢᠯᠡᠬᠦ ᠪᠡᠷ ᠣᠷᠣᠵᠤ ᠪᠣᠯᠣᠨ᠎ᠠ᠃ ᠡᠢᠮᠦ ᠡᠴᠡ ᠲᠡᠳᠡᠨ ᠢ ᠴᠡᠪᠡᠷᠰᠢᠭᠦᠯᠵᠦ᠂ ᠳᠠᠯᠠᠯᠬᠤ ᠡᠷᠭᠦᠯ ᠪᠣᠯᠭᠠᠨ ᠡᠷᠭᠦᠬᠦ ᠤᠴᠢᠷᠲᠠᠢ᠃ 16 ᠲᠡᠳᠡ ᠢᠰᠷᠧᠯᠴᠦᠳ ᠦᠨ ᠳᠤᠮᠳᠠ ᠠᠴᠠ ᠨᠠᠳᠠ ᠳᠤ ᠪᠦᠬᠦᠯᠢ ᠪᠠᠷ ᠢᠶᠠᠨ ᠡᠷᠭᠦᠭᠳᠡᠭᠰᠡᠨ ᠶᠤᠮ᠃ ᠪᠦᠬᠦ ᠢᠰᠷᠧᠯ ᠤᠨ ᠤᠤᠭᠠᠨ ᠲᠥᠷᠥᠭᠰᠡᠳ ᠪᠤᠶᠤ ᠤᠮᠠᠢ ᠶᠢ ᠠᠩᠬ᠎ᠠ ᠨᠡᠭᠡᠭᠡᠭᠴᠢ ᠪᠦᠷᠢ ᠶᠢᠨ ᠣᠷᠣᠨ ᠳᠤ᠂ ᠲᠡᠳᠡᠨ ᠢ ᠪᠢ ᠥᠪᠡᠷ ᠲᠡᠭᠡᠨ ᠠᠪᠤᠭᠰᠠᠨ᠃ 17 ᠢᠰᠷᠧᠯᠴᠦᠳ ᠦᠨ ᠳᠤᠮᠳᠠᠬᠢ ᠬᠥᠮᠦᠨ᠂ ᠮᠠᠯ ᠤᠨ ᠤᠤᠭᠠᠨ ᠨᠢ ᠪᠦᠷ ᠮᠢᠨᠦᠬᠢ᠃ ᠶᠧᠵᠢᠫᠲ ᠲᠤ ᠤᠤᠭᠠᠨ ᠲᠥᠷᠥᠭᠰᠡᠳ ᠢ ᠪᠦᠭᠦᠳᠡ ᠶᠢ ᠴᠣᠬᠢᠨ ᠤᠰᠠᠳᠬᠠᠭᠰᠠᠨ ᠲᠡᠷᠡ ᠡᠳᠦᠷ ᠲᠡᠭᠡᠨ ᠪᠢ ᠲᠡᠳᠡᠨ ᠢ ᠥᠪᠡᠷ ᠲᠡᠭᠡᠨ ᠲᠤᠰᠠᠭᠠᠷᠯᠠᠵᠤ ᠠᠪᠤᠭᠰᠠᠨ᠃ 18 ᠣᠳᠣ ᠪᠢ ᠢᠰᠷᠧᠯᠴᠦᠳ ᠦᠨ ᠪᠦᠬᠦᠢᠯᠡ ᠤᠤᠭᠠᠨ ᠲᠥᠷᠥᠭᠰᠡᠳ ᠦᠨ ᠣᠷᠣᠨ ᠳᠤ ᠯᠧᠸᠢᠴᠦᠳ ᠢ ᠠᠪᠤᠨ᠎ᠠ᠃ 19 ᠪᠢ ᠪᠦᠬᠦ ᠢᠰᠷᠧᠯ ᠤᠨ ᠳᠤᠮᠳᠠ ᠠᠴᠠ ᠯᠧᠸᠢᠴᠦᠳ ᠢ ᠠᠪᠤᠭᠠᠳ ᠠᠷᠣᠨ ᠪᠣᠯᠣᠨ ᠲᠡᠭᠦᠨ ᠦ ᠬᠥᠪᠡᠭᠦᠳ ᠲᠦ ᠪᠡᠯᠡᠭ ᠪᠣᠯᠭᠠᠨ ᠥᠭᠴᠦ᠂ ᠠᠭᠤᠯᠵᠠᠯᠲᠠ ᠶᠢᠨ ᠴᠠᠴᠠᠷ ᠲᠤ ᠢᠰᠷᠧᠯᠴᠦᠳ ᠦᠨ ᠲᠥᠯᠥᠭᠡ ᠦᠢᠯᠡᠴᠢᠯᠡᠭᠦᠯᠵᠦ ᠢᠰᠷᠧᠯᠴᠦᠳ ᠦᠨ ᠡᠮᠦᠨ᠎ᠡ ᠡᠴᠡ ᠭᠡᠮ ᠦᠨ ᠬᠡᠯᠲᠦᠷᠢᠭᠦᠯᠦᠯᠭᠡ ᠬᠢᠯᠭᠡᠨ᠎ᠡ᠃ ᠡᠨᠡ ᠨᠢ ᠢᠰᠷᠧᠯᠴᠦᠳ ᠢ ᠠᠷᠢᠭᠤᠨ ᠭᠠᠵᠠᠷ ᠲᠤ ᠣᠢᠷᠠᠲᠤᠨ ᠣᠴᠢᠭᠰᠠᠨ ᠤ ᠤᠯᠠᠮ ᠢᠶᠠᠷ ᠭᠠᠢ ᠭᠠᠮᠰᠢᠭ ᠲᠤ ᠥᠷᠲᠥᠭᠦᠯᠬᠦ ᠦᠭᠡᠢ ᠶᠢᠨ ᠲᠤᠯᠠᠳᠠ ᠶᠤᠮ》 ᠭᠡᠪᠡ᠃
20 ᠮᠣᠰᠧ᠂ ᠠᠷᠣᠨ ᠪᠣᠯᠣᠨ ᠢᠰᠷᠧᠯᠴᠦᠳ ᠦᠨ ᠨᠡᠢᠲᠡ ᠴᠢᠭᠤᠯᠭᠠᠨ ᠪᠦᠭᠦᠳᠡᠭᠡᠷ ᠯᠧᠸᠢᠴᠦᠳ ᠲᠦ ᠲᠡᠢᠨ ᠬᠦ ᠦᠢᠯᠡᠳᠦᠯ᠎ᠡ᠃ ᠯᠧᠸᠢᠴᠦᠳ ᠦᠨ ᠲᠠᠯ᠎ᠠ ᠪᠠᠷ ᠶᠣᠬᠣᠸᠠ ᠶᠢᠨ ᠮᠣᠰᠧ ᠳᠤ ᠲᠤᠰᠢᠶᠠᠭᠰᠠᠨ ᠪᠦᠬᠦᠨ ᠦ ᠶᠣᠰᠣᠭᠠᠷ ᠢᠰᠷᠧᠯᠴᠦᠳ ᠲᠡᠢᠨ ᠬᠦ ᠦᠢᠯᠡᠳᠦᠭᠰᠡᠨ ᠠᠵᠢ᠃ 21 ᠯᠧᠸᠢᠴᠦᠳ ᠴᠤ ᠥᠪᠡᠷᠰᠡᠳ ᠢ ᠪᠠᠨ ᠨᠢᠭᠦᠯ ᠡᠴᠡ ᠴᠡᠪᠡᠷᠰᠢᠭᠦᠯᠵᠦ᠂ ᠬᠤᠪᠴᠠᠰᠤ ᠪᠠᠨ ᠤᠬᠢᠶᠠᠪᠠ᠃ ᠠᠷᠣᠨ ᠲᠡᠳᠡᠨ ᠢ ᠶᠣᠬᠣᠸᠠ ᠶᠢᠨ ᠡᠮᠦᠨ᠎ᠡ ᠳᠠᠯᠠᠯᠬᠤ ᠡᠷᠭᠦᠯ ᠪᠣᠯᠭᠠᠨ ᠡᠷᠭᠦᠵᠦ᠂ ᠲᠡᠳᠡᠨ ᠢ ᠨᠢᠭᠦᠯ ᠡᠴᠡ ᠴᠡᠪᠡᠷᠰᠢᠭᠦᠯᠬᠦ ᠶᠢᠨ ᠲᠤᠯᠠᠳᠠ ᠲᠡᠳᠡᠨ ᠦ ᠡᠮᠦᠨ᠎ᠡ ᠡᠴᠡ ᠭᠡᠮ ᠦᠨ ᠬᠡᠯᠲᠦᠷᠢᠭᠦᠯᠦᠯᠭᠡ ᠶᠢ ᠬᠢᠵᠡᠢ᠃ 22 ᠯᠧᠸᠢᠴᠦᠳ ᠡᠭᠦᠨ ᠦ ᠳᠠᠷᠠᠭ᠎ᠠ ᠠᠷᠣᠨ ᠪᠣᠯᠣᠨ ᠲᠡᠭᠦᠨ ᠦ ᠬᠥᠪᠡᠭᠦᠳ ᠦᠨ ᠡᠮᠦᠨ᠎ᠡ ᠠᠭᠤᠯᠵᠠᠯᠲᠠ ᠶᠢᠨ ᠴᠠᠴᠠᠷ ᠲᠤ ᠣᠷᠣᠬᠤ ᠪᠣᠯᠪᠠ᠃ ᠲᠡᠳᠡ ᠯᠧᠸᠢᠴᠦᠳ ᠦᠨ ᠲᠠᠯ᠎ᠠ ᠪᠠᠷ ᠶᠣᠬᠣᠸᠠ ᠶᠢᠨ ᠮᠣᠰᠧ ᠳᠤ ᠲᠤᠰᠢᠶᠠᠭᠰᠠᠨ ᠶᠣᠰᠣᠭᠠᠷ ᠦᠢᠯᠡᠳᠦᠭᠰᠡᠨ ᠪᠠᠢᠨ᠎ᠠ᠃
23 ᠶᠣᠬᠣᠸᠠ ᠮᠣᠰᠧ ᠳᠤ ᠠᠢᠯᠠᠳᠤᠨ᠄ 24 《ᠯᠧᠸᠢᠴᠦᠳ ᠲᠦ ᠢᠩᠭᠢᠵᠦ ᠬᠢ᠄ ᠬᠣᠷᠢᠨ ᠲᠠᠪᠤ ᠪᠣᠯᠣᠨ ᠲᠡᠭᠦᠨ ᠡᠴᠡ ᠳᠡᠭᠡᠭᠰᠢ ᠨᠠᠰᠤᠨ ᠤ ᠬᠢᠨ ᠠᠭᠤᠯᠵᠠᠯᠲᠠ ᠶᠢᠨ ᠴᠠᠴᠠᠷ ᠤᠨ ᠠᠵᠢᠯ ᠳᠤ ᠣᠷᠣᠯᠴᠠᠵᠤ ᠦᠢᠯᠡᠴᠢᠯᠡᠬᠦ ᠪᠥᠭᠡᠳ 25 ᠲᠠᠪᠢᠨ ᠨᠠᠰᠤ ᠬᠦᠷᠪᠡᠯ ᠠᠵᠢᠯ ᠤᠨ ᠡᠭᠦᠷᠭᠡ ᠡᠴᠡ ᠪᠡᠨ ᠭᠠᠷᠴᠤ ᠠᠵᠢᠯᠯᠠᠬᠤ ᠪᠠᠨ ᠪᠣᠯᠢᠬᠤ ᠪᠣᠯᠣᠨ᠎ᠠ᠃ 26 ᠲᠡᠳᠡ ᠠᠭᠤᠯᠵᠠᠯᠲᠠ ᠶᠢᠨ ᠴᠠᠴᠠᠷ ᠲᠤ ᠡᠭᠦᠷᠭᠡ ᠪᠡᠨ ᠪᠡᠶᠡᠯᠡᠭᠦᠯᠬᠦ ᠳᠡᠭᠦᠦ ᠨᠠᠷ ᠲᠡᠭᠡᠨ ᠲᠤᠰᠠᠯᠠᠵᠤ ᠪᠣᠯᠬᠤ ᠪᠣᠯᠪᠠᠴᠤ ᠥᠪᠡᠷᠰᠡᠳ ᠢᠶᠡᠨ ᠶᠠᠮᠠᠷ ᠴᠤ ᠠᠵᠢᠯ ᠬᠢᠵᠦ ᠪᠣᠯᠬᠤ ᠦᠭᠡᠢ᠃ ᠯᠧᠸᠢᠴᠦᠳ ᠦᠨ ᠡᠭᠦᠷᠭᠡ ᠶᠢ ᠴᠢ ᠲᠡᠢᠨ ᠬᠦ ᠲᠣᠭᠲᠠᠭ᠎ᠠ》 ᠭᠡᠪᠡ᠃