1 2 3 4 5 6 7 8 9 10 11 12 13 14 15 16 17 18 19 20 21 22 23 24 25 26 27 28 29 30 31 32 33 34 35 36


ᠲᠣᠭᠠᠯᠠᠯᠭ᠎ᠠ ᠭᠤᠴᠢᠨ ᠵᠢᠷᠭᠤᠭ᠎ᠠ
 ᠽᠧᠯᠣᠹᠧᠬᠠᠳ᠋ ᠤᠨ ᠥᠬᠢᠳ ᠤᠨ ᠥᠪ

1 ᠶᠣᠰᠧᠹ ᠤᠨ ᠦᠷ᠎ᠡ ᠤᠳᠤᠮ ᠪᠣᠯᠬᠤ ᠭᠡᠷ ᠪᠦᠯᠢ ᠨᠦᠭᠦᠳ᠂ ᠥᠭᠡᠷ᠎ᠡ ᠪᠡᠷ ᠬᠡᠯᠡᠪᠡᠯ ᠮᠠᠨᠠᠰᠧ ᠶᠢᠨ ᠠᠴᠢ᠂ ᠮᠠᠺᠢᠷ ᠤᠨ ᠬᠦᠦ᠂ ᠭᠢᠯᠧᠶᠠᠳ᠋ ᠤᠨ ᠪᠦᠯᠢ ᠨᠦᠭᠦᠳ ᠦᠨ ᠲᠦᠷᠦᠭᠦᠴᠦᠳ ᠣᠢᠷᠠᠲᠤᠨ ᠢᠷᠡᠵᠦ᠂ ᠮᠣᠰᠧ ᠪᠣᠯᠣᠨ ᠢᠰᠷᠧᠯᠴᠦᠳ ᠦᠨ ᠤᠳᠤᠷᠢᠳᠤᠭᠴᠢ᠂ ᠪᠦᠯᠢ ᠨᠦᠭᠦᠳ ᠦᠨ ᠲᠡᠷᠢᠭᠦᠨ ᠨᠦᠭᠦᠳ ᠲᠦ ᠶᠠᠷᠢᠵᠤ᠄ 2 《ᠶᠣᠬᠣᠸᠠ ᠡᠨᠡ ᠭᠠᠵᠠᠷ ᠢ ᠢᠰᠷᠧᠯᠴᠦᠳ ᠲᠦ ᠰᠢᠪᠠᠭ᠎ᠠ ᠪᠠᠷ ᠥᠭᠬᠦ ᠶᠢ ᠮᠠᠨ ᠤ ᠡᠵᠡᠨᠲᠡᠨ ᠲᠠᠨ ᠳᠤ ᠲᠤᠰᠢᠶᠠᠬᠤ ᠳᠠᠭᠠᠨ ᠮᠠᠨ ᠤ ᠬᠠᠮᠢᠶᠠᠲᠠᠨ ᠽᠧᠯᠣᠹᠧᠬᠠᠳ᠋ ᠤᠨ ᠥᠪ ᠢ ᠲᠡᠭᠦᠨ ᠦ ᠥᠬᠢᠳ ᠲᠤ ᠥᠭᠬᠦ ᠶᠢ ᠴᠤ ᠵᠠᠬᠢᠭᠰᠠᠨ ᠪᠢᠯᠡ᠃ 3 ᠬᠠᠷᠢᠨ ᠲᠡᠷᠡ ᠥᠬᠢᠳ ᠢᠰᠷᠧᠯ ᠤᠨ ᠪᠤᠰᠤᠳ ᠣᠪᠣᠭ ᠤᠨ ᠬᠢᠨ ᠲᠠᠢ ᠭᠡᠷᠯᠡᠪᠡᠯ᠂ ᠥᠪ ᠨᠢ ᠮᠠᠨ ᠤ ᠡᠴᠢᠭᠡ ᠨᠦᠭᠦᠳ ᠦᠨ ᠥᠪ ᠡᠴᠡ ᠬᠠᠰᠤᠭᠳᠠᠵᠤ ᠲᠡᠳᠡᠨ ᠦ ᠨᠥᠬᠥᠷ ᠦᠨ ᠣᠪᠣᠭ ᠤᠨ ᠥᠪ ᠲᠤ ᠨᠡᠮᠡᠭᠳᠡᠬᠦ ᠪᠣᠯᠣᠨ᠎ᠠ᠃ ᠢᠩᠭᠢᠵᠦ ᠪᠢᠳᠡᠨ ᠳᠦ ᠬᠤᠪᠢᠶᠠᠭᠳᠠᠭᠰᠠᠨ ᠥᠪ ᠬᠠᠰᠤᠭᠳᠠᠬᠤ ᠪᠣᠯᠣᠨ᠎ᠠ᠃ 4 ᠢᠰᠷᠧᠯᠴᠦᠳ ᠦᠨ ᠡᠪᠡᠷ ᠪᠦᠷᠢᠶᠡᠳᠡᠯᠲᠡ ᠶᠢᠨ ᠵᠢᠯ ᠳᠤ ᠴᠤ ᠲᠡᠳᠡᠨ ᠦ ᠥᠪ ᠨᠢ ᠨᠥᠬᠥᠷ ᠦᠨ ᠢᠶᠠᠨ ᠣᠪᠣᠭ ᠤᠨ ᠥᠪ ᠲᠤ ᠨᠡᠮᠡᠭᠳᠡᠵᠦ᠂ ᠲᠡᠳᠡᠨ ᠦ ᠥᠪ ᠮᠠᠨ ᠤ ᠡᠴᠢᠭᠡ ᠨᠦᠭᠦᠳ ᠦᠨ ᠣᠪᠣᠭ ᠤᠨ ᠥᠪ ᠡᠴᠡ ᠬᠠᠰᠤᠭᠳᠠᠭᠰᠠᠨ ᠶᠣᠰᠣᠭᠠᠷ ᠢᠶᠠᠨ ᠪᠠᠢᠬᠤ ᠪᠣᠯᠣᠨ᠎ᠠ》 ᠭᠡᠪᠡ᠃

5 ᠮᠣᠰᠧ ᠶᠣᠬᠣᠸᠠ ᠶᠢᠨ ᠦᠭᠡᠨ ᠦ ᠳᠠᠭᠠᠤ ᠢᠰᠷᠧᠯᠴᠦᠳ ᠲᠦ ᠲᠤᠰᠢᠶᠠᠨ᠄ 《ᠶᠣᠰᠧᠹ ᠤᠨ ᠦᠷ᠎ᠡ ᠤᠳᠤᠮ ᠤᠨ ᠣᠪᠣᠭ ᠤᠨ ᠬᠢᠨ ᠤ ᠶᠠᠷᠢᠭᠰᠠᠨ ᠨᠢ ᠵᠦᠢᠲᠡᠢ᠃ 6 ᠽᠧᠯᠣᠹᠧᠬᠠᠳ᠋ ᠤᠨ ᠥᠬᠢᠳ ᠤᠨ ᠲᠠᠯ᠎ᠠ ᠪᠠᠷ ᠶᠣᠬᠣᠸᠠ ᠡᠢᠨ ᠬᠦ ᠲᠤᠰᠢᠶᠠᠯ᠎ᠠ᠄ ᠲᠡᠳᠡ ᠨᠢᠳᠦᠨ ᠳᠡᠭᠡᠨ ᠲᠠᠭᠠᠯᠠᠭᠳᠠᠭᠰᠠᠨ ᠬᠥᠮᠦᠨ ᠲᠡᠢ ᠪᠡᠨ ᠭᠡᠷᠯᠡᠵᠦ ᠪᠣᠯᠣᠨ᠎ᠠ᠃ ᠬᠠᠷᠢᠨ ᠡᠴᠢᠭᠡ ᠶᠢᠨ ᠢᠶᠠᠨ ᠣᠪᠣᠭ ᠤᠨ ᠠᠢᠮᠠᠭ ᠤᠨ ᠬᠢᠨ ᠲᠠᠢ ᠯᠠ ᠭᠡᠷᠯᠡᠬᠦ ᠶᠣᠰᠣᠲᠠᠢ᠃ 7 ᠲᠡᠢᠨ ᠬᠦ ᠢᠰᠷᠧᠯᠴᠦᠳ ᠦᠨ ᠥᠪ ᠣᠪᠣᠭ ᠠᠴᠠ ᠣᠪᠣᠭ ᠲᠤ ᠰᠢᠯᠵᠢᠬᠦ ᠦᠭᠡᠢ ᠪᠠᠢᠬᠤ ᠪᠥᠭᠡᠳ ᠢᠰᠷᠧᠯ ᠤᠨ ᠬᠥᠮᠦᠨ ᠪᠦᠷᠢ ᠡᠴᠢᠭᠡ ᠨᠦᠭᠦᠳ ᠦᠨ ᠢᠶᠠᠨ ᠣᠪᠣᠭ ᠤᠨ ᠥᠪ ᠢᠶᠡᠨ ᠡᠵᠡᠮᠰᠢᠭᠰᠡᠭᠡᠷ ᠪᠠᠢᠬᠤ ᠪᠣᠯᠣᠨ᠎ᠠ᠃ 8 ᠢᠰᠷᠧᠯ ᠤᠨ ᠠᠯᠢ ᠨᠢᠭᠡ ᠣᠪᠣᠭ ᠤᠨ ᠬᠢᠨ ᠡᠴᠡ ᠥᠪ ᠣᠯᠣᠭᠰᠠᠨ ᠥᠬᠢᠨ ᠪᠦᠷᠢ ᠡᠴᠢᠭᠡ ᠶᠢᠨ ᠢᠶᠠᠨ ᠣᠪᠣᠭ ᠤᠨ ᠠᠢᠮᠠᠭ ᠤᠨ ᠬᠢᠨ ᠲᠠᠢ ᠯᠠ ᠭᠡᠷᠯᠡᠬᠦ ᠶᠣᠰᠣᠲᠠᠢ᠃ ᠲᠡᠢᠨ ᠬᠦ ᠢᠰᠷᠧᠯ ᠤᠨ ᠬᠥᠮᠦᠨ ᠪᠦᠷᠢ ᠡᠴᠢᠭᠡ ᠶᠢᠨ ᠢᠶᠠᠨ ᠣᠪᠣᠭ ᠤᠨ ᠥᠪ ᠢ ᠬᠠᠳᠠᠭᠠᠯᠠᠨ ᠦᠯᠡᠳᠡᠭᠡᠬᠦ ᠪᠣᠯᠣᠨ᠎ᠠ᠃ 9 ᠨᠢᠭᠡ ᠣᠪᠣᠭ ᠤᠨ ᠥᠪ ᠨᠥᠭᠥᠭᠡ ᠣᠪᠣᠭ ᠲᠤ ᠰᠢᠯᠵᠢᠵᠦ ᠪᠣᠯᠬᠤ ᠦᠭᠡᠢ᠃ ᠢᠰᠷᠧᠯ ᠤᠨ ᠣᠪᠣᠭ ᠪᠦᠷᠢ ᠥᠪ ᠡᠴᠡ ᠪᠡᠨ ᠵᠢᠭᠤᠷᠠᠵᠤ ᠪᠠᠢᠬᠤ ᠶᠣᠰᠣᠲᠠᠢ》 ᠭᠡᠯ᠎ᠡ᠃

10 ᠶᠣᠬᠣᠸᠠ ᠶᠢᠨ ᠮᠣᠰᠧ ᠳᠤ ᠲᠤᠰᠢᠶᠠᠭᠰᠠᠨ ᠶᠣᠰᠣᠭᠠᠷ ᠽᠧᠯᠣᠹᠧᠬᠠᠳ᠋ ᠤᠨ ᠥᠬᠢᠳ ᠲᠡᠢᠨ ᠬᠦ ᠦᠢᠯᠡᠳᠪᠡ᠃ 11 ᠽᠧᠯᠣᠹᠧᠬᠠᠳ᠋ ᠤᠨ ᠥᠬᠢᠳ᠂ ᠲᠤᠬᠠᠢᠯᠠᠪᠠᠯ ᠮᠠᠯᠠ᠂ ᠲᠢᠷᠽᠠ᠂ ᠬᠣᠭᠯᠠ᠂ ᠮᠢᠯᠺᠠ᠂ ᠨᠣᠶᠠ ᠨᠠᠷ ᠪᠦᠭᠦᠳᠡᠭᠡᠷ ᠠᠪᠠᠭ᠎ᠠ ᠨᠠᠷ ᠤᠨ ᠢᠶᠠᠨ ᠬᠥᠪᠡᠭᠦᠳ ᠲᠡᠢ ᠭᠡᠷᠯᠡᠪᠡ᠃ 12 ᠲᠡᠳᠡ ᠶᠣᠰᠧᠹ ᠤᠨ ᠬᠦᠦ ᠮᠠᠨᠠᠰᠧ ᠶᠢᠨ ᠦᠷ᠎ᠡ ᠤᠳᠤᠮ ᠤᠨ ᠠᠢᠮᠠᠭ ᠤᠨ ᠬᠢᠨ ᠲᠠᠢ ᠭᠡᠷᠯᠡᠭᠰᠡᠨ ᠲᠤᠯᠠ ᠲᠡᠳᠡᠨ ᠦ ᠥᠪ ᠡᠴᠢᠭᠡ ᠶᠢᠨ ᠬᠢᠨᠢ ᠠᠢᠮᠠᠭ ᠤᠨ ᠣᠪᠣᠭ ᠲᠤ ᠦᠯᠡᠳᠡᠭᠰᠡᠨ ᠪᠠᠢᠨ᠎ᠠ᠃

13 ᠡᠳᠡᠭᠡᠷ ᠨᠢ ᠶᠧᠷᠢᠺᠣ ᠶᠢᠨ ᠬᠠᠷᠠᠯᠳᠤᠭ᠎ᠠ᠂ ᠶᠣᠷᠳᠠᠨ ᠤ ᠳᠡᠷᠭᠡᠳᠡᠬᠢ ᠮᠣᠶᠠᠪ ᠤᠨ ᠲᠠᠯ᠎ᠠ ᠳᠤ ᠶᠣᠬᠣᠸᠠ ᠶᠢᠨ ᠮᠣᠰᠧ ᠪᠠᠷ ᠳᠠᠮᠵᠢᠭᠤᠯᠤᠨ ᠢᠰᠷᠧᠯᠴᠦᠳ ᠲᠦ ᠰᠣᠶᠣᠷᠬᠠᠭᠰᠠᠨ ᠲᠤᠰᠢᠶᠠᠯ᠂ ᠶᠣᠰᠣ ᠵᠢᠷᠤᠮ ᠶᠤᠮ᠃