ᠲᠣᠭᠠᠯᠠᠯᠭ᠎ᠠ ᠬᠣᠷᠢᠨ ᠳᠥᠷᠪᠡ
1 ᠢᠰᠷᠧᠯ ᠢ ᠢᠷᠥᠭᠡᠬᠦ ᠨᠢ ᠶᠣᠬᠣᠸᠠ ᠳᠤ ᠲᠠᠭᠠᠯᠠᠭᠳᠠᠭᠰᠠᠨ ᠢ ᠪᠠᠯᠠᠮ ᠦᠵᠡᠭᠡᠳ ᠤᠷᠢᠳᠤ ᠶᠢᠨ ᠠᠳᠠᠯᠢ ᠷᠢᠳᠢ ᠰᠢᠳᠢ ᠨᠦᠭᠦᠳ ᠬᠠᠢᠨ ᠶᠠᠪᠤᠭᠰᠠᠨ ᠦᠭᠡᠢ᠂ ᠬᠠᠷᠢᠨ ᠨᠢᠭᠤᠷ ᠢᠶᠠᠨ ᠴᠥᠯ ᠤᠷᠤᠭᠤ ᠬᠠᠨᠳᠤᠭᠤᠯᠪᠠ᠃ 2 ᠪᠠᠯᠠᠮ ᠨᠢᠳᠦ ᠪᠡᠨ ᠡᠷᠭᠦᠨ᠂ ᠣᠪᠣᠭ ᠣᠪᠣᠭ ᠢᠶᠠᠷ ᠢᠶᠠᠨ ᠪᠠᠭᠤᠳᠠᠯᠯᠠᠨ ᠪᠤᠢ ᠢᠰᠷᠧᠯ ᠢ ᠬᠠᠷᠠᠲᠠᠯ᠎ᠠ ᠪᠤᠷᠬᠠᠨ ᠤ ᠰᠦᠨᠡᠰᠦ ᠲᠡᠭᠦᠨ ᠳᠡᠭᠡᠷ᠎ᠡ ᠢᠷᠡᠯ᠎ᠡ᠃ 3 ᠲᠡᠷᠡ ᠪᠡᠷ ᠡᠰᠢ ᠦᠵᠡᠭᠦᠯᠦᠨ ᠰᠢᠯᠦᠭᠯᠡᠵᠦ᠄ 《ᠪᠧᠶᠣᠷ ᠤᠨ ᠬᠦᠦ ᠪᠠᠯᠠᠮ ᠤᠨ ᠵᠥᠩᠨᠡᠯ ᠨᠢᠳᠦ ᠨᠢ ᠨᠡᠭᠡᠭᠡᠯᠲᠡ ᠲᠠᠢ ᠬᠥᠮᠦᠨ ᠦ ᠵᠥᠩᠨᠡᠯ
4 ᠪᠤᠷᠬᠠᠨ ᠤ ᠦᠭᠡᠰ ᠢ ᠰᠣᠨᠣᠰᠳᠠᠭ ᠨᠢᠳᠦ ᠨᠡᠭᠡᠭᠡᠨ ᠪᠥᠬᠥᠢᠨ ᠮᠥᠷᠭᠥᠵᠦ ᠲᠡᠭᠦᠰ ᠬᠦᠴᠦᠲᠡᠨ ᠦ ᠦᠵᠡᠭᠳᠡᠯ ᠢ ᠦᠵᠡᠭᠴᠢ ᠬᠥᠮᠦᠨ ᠦ ᠵᠥᠩᠨᠡᠯ᠃
5 ᠶᠠᠺᠣᠪ ᠡ᠂ ᠮᠠᠢᠬᠠᠨ ᠨᠤᠭᠤᠳ ᠴᠢᠨᠢ ᠢᠰᠷᠧᠯ ᠡ᠂ ᠰᠠᠭᠤᠴᠠ ᠨᠤᠭᠤᠳ ᠴᠢᠨᠢ ᠶᠠᠮᠠᠷ ᠭᠣᠶᠣ ᠪᠤᠢ︕
6 ᠠᠭᠤᠳᠠᠮ ᠲᠡᠨᠢᠭᠡᠷ ᠲᠠᠯ᠎ᠠ ᠬᠥᠨᠳᠡᠢ ᠮᠡᠲᠦ ᠭᠣᠣᠯ ᠤᠨ ᠬᠥᠪᠡᠭᠡᠨ ᠦ ᠴᠡᠴᠡᠷᠯᠢᠭ ᠤᠳ ᠮᠡᠲᠦ ᠶᠣᠬᠣᠸᠠ ᠶᠢᠨ ᠲᠠᠷᠢᠭᠰᠠᠨ ᠵᠠᠭᠤᠨ ᠨᠠᠰᠤᠲᠤ ᠨᠤᠭᠤᠳ ᠮᠡᠲᠦ ᠤᠰᠤᠨ ᠤ ᠳᠡᠷᠭᠡᠳᠡᠬᠢ ᠬᠤᠱᠢ ᠮᠣᠳᠣᠳ ᠮᠡᠲᠦ᠃
7 ᠬᠤᠪᠢᠩ ᠠᠴᠠ ᠨᠢ ᠤᠰᠤ ᠤᠷᠤᠰᠴᠤ ᠦᠷ᠎ᠡ ᠨᠢ ᠬᠠᠩ᠋ᠭᠠᠯᠤᠭᠤᠨ ᠤᠰᠤ ᠲᠠᠢ ᠲᠡᠭᠦᠨ ᠦ ᠬᠠᠭᠠᠨ ᠠᠭᠠᠭ ᠠᠴᠠ ᠠᠭᠤᠤ ᠲᠡᠭᠦᠨ ᠦ ᠬᠠᠭᠠᠨᠴᠢᠯᠠᠯ ᠠᠯᠳᠠᠷᠰᠢᠨ᠎ᠠ
8 ᠲᠡᠳᠡᠨ ᠢ ᠶᠧᠵᠢᠫᠲ ᠡᠴᠡ ᠭᠠᠷᠭᠠᠭᠰᠠᠨ ᠪᠤᠷᠬᠠᠨ ᠲᠡᠳᠡᠨ ᠦ ᠬᠤᠪᠢ ᠳᠤ ᠵᠡᠷᠯᠢᠭ ᠦᠬᠡᠷ ᠦᠨ ᠡᠪᠡᠷ ᠮᠡᠲᠦ᠂ ᠥᠰᠲᠡᠨ ᠦᠨᠳᠦᠰᠦᠲᠡᠨ ᠨᠦᠭᠦᠳ ᠢᠶᠡᠨ ᠲᠡᠳᠡ ᠰᠤᠮᠤ ᠪᠠᠷ ᠢᠶᠠᠨ ᠰᠦᠯᠪᠡᠨ ᠶᠠᠰᠤ ᠶᠢ ᠨᠢ ᠬᠤᠭᠤᠯᠵᠤ ᠵᠠᠯᠭᠢᠨ ᠢᠳᠡᠬᠦ ᠪᠣᠯᠣᠨ᠎ᠠ᠃
9 ᠮᠢᠷᠢᠶᠠᠬᠤ ᠨᠢ ᠠᠷᠰᠯᠠᠨ ᠮᠡᠲᠦ᠂ ᠥᠯᠥᠭᠴᠢᠨ ᠠᠷᠰᠯᠠᠨ ᠮᠡᠲᠦ᠂ ᠡᠳᠡ ᠨᠠᠷ ᠢ ᠬᠡᠨ ᠪᠣᠰᠬᠠᠵᠤ ᠵᠢᠷᠦᠬᠡᠯᠡᠬᠦ ᠪᠤᠢ︖ ᠴᠢᠮ᠎ᠠ ᠶᠢ ᠢᠷᠥᠭᠡᠬᠦ ᠪᠦᠬᠦᠨ ᠢᠷᠥᠭᠡᠭᠳᠡᠵᠦ ᠴᠢᠮ᠎ᠠ ᠶᠢ ᠬᠠᠷᠢᠶᠠᠬᠤ ᠪᠦᠬᠦᠨ ᠬᠠᠷᠢᠶᠠᠭᠳᠠᠬᠤ ᠪᠣᠯᠣᠨ᠎ᠠ》 ᠭᠡᠪᠡ᠃
10 ᠪᠠᠯᠠᠺ ᠪᠠᠯᠠᠮ ᠳᠤ ᠠᠭᠤᠷᠯᠠᠵᠤ᠂ ᠨᠢᠳᠤᠷᠭ᠎ᠠ ᠵᠠᠩᠭᠢᠳᠪᠠ᠃ ᠪᠠᠯᠠᠺ ᠪᠠᠯᠠᠮ ᠳᠤ᠄ 《ᠪᠢ ᠳᠠᠢᠰᠤᠨ ᠨᠤᠭᠤᠳ ᠢᠶᠠᠨ ᠬᠠᠷᠢᠶᠠᠯᠭᠠᠬᠤ ᠪᠠᠷ ᠲᠠᠨ ᠢ ᠳᠠᠭᠤᠳᠠᠭᠰᠠᠨ ᠪᠠᠢᠲᠠᠯ᠎ᠠ ᠲᠠ ᠳᠠᠷᠠᠭᠠᠯᠠᠨ ᠭᠤᠷᠪᠠ ᠤᠳᠠᠭ᠎ᠠ ᠲᠡᠳᠡᠨ ᠢ ᠢᠷᠥᠭᠡᠭᠰᠡᠨ ᠪᠠᠢᠨ᠎ᠠ︕ 11 ᠣᠳᠣ ᠲᠠ ᠥᠪᠡᠷ ᠦᠨ ᠢᠶᠠᠨ ᠭᠡᠷ ᠤᠷᠤᠭᠤ ᠲᠣᠨᠢᠯ︕ ᠬᠠᠷ᠎ᠠ᠂ ᠪᠢ ᠲᠠᠨ ᠢ ᠦᠯᠡᠮᠵᠢ ᠶᠡᠬᠡ ᠪᠡᠷ ᠬᠦᠨᠳᠦᠯᠡᠨ᠎ᠡ ᠭᠡᠵᠦ ᠬᠡᠯᠡᠭᠰᠡᠨ ᠪᠣᠯᠪᠠᠴᠤ ᠲᠠᠨ ᠤ ᠠᠯᠳᠠᠷ ᠬᠦᠨᠳᠦ ᠣᠯᠬᠤ ᠶᠢ ᠶᠣᠬᠣᠸᠠ ᠪᠣᠯᠢᠭᠤᠯᠤᠭᠰᠠᠨ ᠪᠠᠢᠨ᠎ᠠ》 ᠭᠡᠪᠡ᠃ 12 ᠪᠠᠯᠠᠮ ᠪᠠᠯᠠᠺ ᠲᠤ᠄ 《ᠨᠠᠳᠠ ᠤᠷᠤᠭᠤ ᠢᠯᠡᠭᠡᠭᠰᠡᠨ ᠲᠠᠨ ᠤ ᠡᠯᠴᠢᠳ ᠲᠤ ᠴᠤ᠄ 13 〈ᠪᠠᠯᠠᠺ ᠠᠯᠲᠠ ᠮᠥᠩᠭᠥ ᠪᠡᠷ ᠳᠦᠭᠦᠷᠡᠩ ᠭᠡᠷ ᠢᠶᠡᠨ ᠥᠭᠭᠥᠭᠰᠡᠨ ᠴᠤ ᠪᠢ ᠶᠣᠬᠣᠸᠠ ᠶᠢᠨ ᠲᠤᠰᠢᠶᠠᠯ ᠠᠴᠠ ᠭᠠᠵᠢᠵᠤ ᠥᠪᠡᠷ ᠦᠨ ᠳᠤᠷ᠎ᠠ ᠪᠠᠷ ᠰᠠᠢᠨ ᠢ ᠴᠤ᠂ ᠮᠠᠭᠤ ᠶᠢ ᠴᠤ ᠬᠢᠵᠦ ᠴᠢᠳᠠᠬᠤ ᠦᠭᠡᠢ᠂ ᠭᠠᠭᠴᠠ ᠬᠦ ᠶᠣᠬᠣᠸᠠ ᠶᠢᠨ ᠠᠢᠯᠠᠳᠬᠤ ᠶᠢ ᠯᠠ ᠬᠡᠯᠡᠬᠦ ᠪᠣᠯᠣᠨ᠎ᠠ〉 ᠭᠡᠵᠦ ᠬᠡᠯᠡᠭᠰᠡᠨ ᠪᠢᠰᠢ ᠤᠤ︖ 14 ᠵᠠ᠂ ᠣᠳᠣ ᠪᠢ ᠠᠷᠠᠳ ᠲᠦᠮᠡᠨ ᠤᠷᠤᠭᠤ ᠪᠠᠨ ᠶᠠᠪᠤᠬᠤ ᠭᠡᠵᠦ ᠪᠠᠢᠨ᠎ᠠ᠃ ᠬᠠᠷᠢᠨ ᠰᠣᠨᠣᠰᠣᠭᠠᠴᠢ᠂ ᠢᠷᠡᠬᠦ ᠡᠳᠦᠷ ᠤᠳ ᠲᠤ ᠡᠨᠡ ᠠᠷᠠᠳ ᠲᠦᠮᠡᠨ ᠲᠠᠨ ᠤ ᠠᠷᠠᠳ ᠲᠦᠮᠡᠨ ᠳᠦ ᠶᠠᠭᠤ ᠬᠢᠬᠦ ᠶᠢ ᠪᠢ ᠲᠠᠨ ᠳᠤ ᠮᠡᠳᠡᠭᠦᠯᠦᠶ᠎ᠡ》 ᠭᠡᠯᠡ᠃
ᠪᠠᠯᠠᠮ ᠤᠨ ᠳᠥᠷᠪᠡᠳᠡᠬᠢ ᠡᠰᠢ ᠦᠵᠡᠭᠦᠯᠦᠯᠭᠡ
15 ᠪᠠᠯᠠᠮ ᠡᠰᠢ ᠦᠵᠡᠭᠦᠯᠦᠨ ᠰᠢᠯᠦᠭᠯᠡᠵᠦ᠄ 《ᠪᠧᠶᠣᠷ ᠤᠨ ᠬᠦᠦ ᠪᠠᠯᠠᠮ ᠤᠨ ᠵᠥᠩᠨᠡᠯ ᠨᠢᠳᠦ ᠨᠢ ᠨᠡᠭᠡᠭᠡᠯᠲᠡ ᠲᠠᠢ ᠬᠥᠮᠦᠨ ᠦ ᠵᠥᠩᠨᠡᠯ
16 ᠪᠤᠷᠬᠠᠨ ᠤ ᠦᠭᠡᠰ ᠢ ᠰᠣᠨᠣᠰᠳᠠᠭ ᠬᠠᠮᠤᠭ ᠤᠨ ᠳᠡᠭᠡᠳᠦ ᠨᠢᠭᠡᠨ ᠦ ᠮᠡᠳᠡᠯᠭᠡ ᠶᠢ ᠮᠡᠳᠡᠳᠡᠭ ᠨᠢᠳᠦ ᠨᠡᠭᠡᠭᠡᠨ ᠪᠥᠬᠥᠢᠨ ᠮᠥᠷᠭᠥᠵᠦ ᠲᠡᠭᠦᠰ ᠬᠦᠴᠦᠲᠡᠨ ᠦ ᠦᠵᠡᠭᠳᠡᠯ ᠢ ᠦᠵᠡᠳᠡᠭ ᠬᠥᠮᠦᠨ ᠦ ᠢᠯᠡᠷᠬᠡᠶᠢᠯᠡᠯᠭᠡ᠂
17 ᠪᠢ ᠲᠡᠭᠦᠨ ᠢ ᠬᠠᠷᠠᠨ᠎ᠠ᠂ ᠬᠠᠷᠢᠨ ᠣᠳᠣ ᠪᠢᠰᠢ ᠪᠢ ᠲᠡᠭᠦᠨ ᠢ ᠰᠢᠷᠲᠡᠨ᠎ᠡ᠂ ᠬᠠᠷᠢᠨ ᠣᠢᠷ᠎ᠠ ᠪᠢᠰᠢ ᠶᠠᠺᠣᠪ ᠠᠴᠠ ᠨᠢᠭᠡ ᠣᠳᠣ ᠭᠠᠷᠴᠤ ᠢᠷᠡᠭᠡᠳ ᠢᠰᠷᠧᠯ ᠡᠴᠡ ᠨᠢᠭᠡ ᠲᠠᠶᠠᠭ ᠪᠣᠰᠣᠭᠠᠳ ᠮᠣᠶᠠᠪ ᠤᠨ ᠮᠠᠩᠨᠠᠢ ᠶᠢ ᠪᠤᠲᠠᠯᠤᠨ ᠪᠦᠬᠦ ᠦᠢᠮᠡᠭᠡᠨ ᠳᠡᠭᠳᠡᠭᠡᠭᠴᠢ 71 ᠶᠢ ᠤᠰᠠᠳᠬᠠᠨ᠎ᠠ᠃
18 ᠡᠳᠣᠮ ᠴᠤ ᠲᠡᠭᠦᠨ ᠦ ᠡᠵᠡᠮᠰᠢᠯ ᠪᠣᠯᠣᠨ᠎ᠠ ᠳᠠᠢᠰᠤᠨ ᠰᠧᠢᠷ ᠴᠤ ᠲᠡᠭᠦᠨ ᠦ ᠡᠵᠡᠮᠰᠢᠯ ᠪᠣᠯᠣᠨ᠎ᠠ ᠬᠠᠷᠢᠨ ᠢᠰᠷᠧᠯ ᠢᠯᠠᠭᠤᠭᠰᠠᠨ ᠪᠠᠢᠬᠤ ᠪᠣᠯᠣᠨ᠎ᠠ᠃
19 ᠶᠠᠺᠣᠪ ᠠᠴᠠ ᠨᠢᠭᠡᠨ ᠨᠣᠶᠠᠷᠬᠠᠭᠴᠢ ᠭᠠᠷᠴᠤ ᠬᠣᠲᠠ ᠶᠢᠨ ᠦᠯᠡᠳᠡᠭᠰᠡᠳ ᠢ ᠤᠰᠠᠳᠬᠠᠬᠤ ᠪᠣᠯᠣᠨ᠎ᠠ》 ᠭᠡᠪᠡ᠃
ᠪᠠᠯᠠᠮ ᠤᠨ ᠲᠠᠪᠤᠳᠠᠬᠢ ᠡᠰᠢ ᠦᠵᠡᠭᠦᠯᠦᠯᠭᠡ
20 ᠲᠡᠷᠡ ᠪᠡᠷ ᠠᠮᠠᠯᠧᠺ ᠤᠷᠤᠭᠤ ᠬᠠᠷᠠᠭᠠᠳ ᠡᠰᠢ ᠦᠵᠡᠭᠦᠯᠦᠨ ᠰᠢᠯᠦᠭᠯᠡᠵᠦ᠄ 《ᠦᠨᠳᠦᠰᠦᠲᠡᠨ ᠨᠦᠭᠦᠳ ᠦᠨ ᠲᠡᠷᠢᠭᠦᠨ ᠠᠮᠠᠯᠧᠺ ᠰᠡᠭᠦᠯ ᠳᠦᠨᠢ ᠰᠦᠢᠷᠡᠯ ᠪᠣᠯᠣᠨ᠎ᠠ》 ᠭᠡᠯᠡ᠃
21 ᠳᠠᠷᠠᠭ᠎ᠠ ᠨᠢ ᠺᠧᠨᠴᠦᠳ ᠤᠷᠤᠭᠤ ᠬᠠᠷᠠᠭᠠᠳ ᠡᠰᠢ ᠦᠵᠡᠭᠦᠯᠦᠨ ᠰᠢᠯᠦᠭᠯᠡᠵᠦ᠄ 《ᠣᠷᠣᠨ ᠰᠠᠭᠤᠴᠠ ᠴᠢᠨᠢ ᠪᠠᠲᠤ ᠪᠡᠬᠢ ᠡᠭᠦᠷ ᠴᠢᠨᠢ ᠬᠠᠳᠠᠨ ᠳᠤ ᠣᠷᠣᠰᠢᠬᠤ ᠪᠣᠯᠣᠨ᠎ᠠ᠃
22 ᠭᠡᠪᠡᠴᠦ ᠺᠧᠨ ᠰᠢᠲᠠᠭᠠᠭᠳᠠᠵᠤ ᠬᠣᠵᠢᠮ ᠨᠢ ᠠᠱᠦ᠋ᠷ ᠤᠨ ᠣᠯᠵᠠᠯᠠᠭᠳᠠᠭᠴᠢ ᠪᠣᠯᠣᠨ᠎ᠠ》 ᠭᠡᠪᠡ᠃
ᠪᠠᠯᠠᠮ ᠤᠨ ᠵᠢᠷᠭᠤᠳᠠᠬᠢ ᠡᠰᠢ ᠦᠵᠡᠭᠦᠯᠦᠯᠭᠡ
23 ᠲᠡᠷᠡ ᠪᠡᠷ ᠡᠰᠢ ᠦᠵᠡᠭᠦᠯᠦᠨ ᠰᠢᠯᠦᠭᠯᠡᠵᠦ᠄ 《ᠠᠶ᠎ᠠ᠂ ᠪᠤᠷᠬᠠᠨ ᠡᠢᠨ ᠬᠦ ᠦᠢᠯᠡᠳᠬᠦ ᠳᠦ ᠬᠡᠨ ᠠᠮᠢᠳᠤ ᠦᠯᠡᠳᠡᠬᠦ ᠪᠤᠢ︖
24 ᠺᠢᠲ᠋ᠢᠮ ᠤᠨ ᠲᠡᠷᠲᠡᠭᠡ ᠡᠴᠡ ᠢᠷᠡᠬᠦ ᠬᠥᠯᠭᠡ ᠣᠩ᠋ᠭᠣᠴᠠ ᠨᠤᠭᠤᠳ ᠠᠱᠦ᠋ᠷ ᠢ ᠵᠣᠪᠠᠭᠠᠨ᠎ᠠ᠂ ᠡᠪᠧᠷ ᠢ ᠴᠤ ᠵᠣᠪᠠᠭᠠᠨ᠎ᠠ ᠬᠠᠷᠢᠨ ᠲᠡᠳᠡ ᠴᠤ ᠰᠦᠢᠷᠡᠨ᠎ᠡ》 ᠭᠡᠯᠡ᠃
25 ᠪᠠᠯᠠᠮ ᠪᠣᠰᠴᠤ᠂ ᠥᠪᠡᠷ ᠦᠨ ᠢᠶᠠᠨ ᠭᠡᠷ ᠤᠷᠤᠭᠤ ᠪᠤᠴᠠᠵᠤ᠂ ᠪᠠᠯᠠᠺ ᠴᠤ ᠥᠪᠡᠷ ᠦᠨ ᠢᠶᠠᠨ ᠵᠠᠮ ᠢᠶᠠᠷ ᠣᠳᠣᠭᠰᠠᠨ ᠪᠠᠢᠨ᠎ᠠ᠃