ᠲᠣᠭᠠᠯᠠᠯᠭ᠎ᠠ ᠠᠷᠪᠠᠨ ᠭᠤᠷᠪᠠ
ᠺᠠᠨᠠᠨ ᠨᠤᠲᠤᠭ ᠲᠤ ᠲᠤᠷᠰᠢᠭᠤᠯᠴᠢᠳ ᠢᠯᠡᠭᠡᠪᠡ
1 ᠶᠣᠬᠣᠸᠠ ᠮᠣᠰᠧ ᠳᠤ ᠠᠢᠯᠠᠳᠤᠨ᠄ 2 《ᠺᠠᠨᠠᠨ ᠨᠤᠲᠤᠭ ᠲᠤ ᠬᠥᠮᠦᠨ ᠶᠠᠪᠤᠭᠤᠯᠵᠤ ᠲᠠᠩᠨᠠᠭᠤᠯᠤᠭᠠᠷᠠᠢ᠂ ᠪᠢ ᠲᠡᠷᠡ ᠨᠤᠲᠤᠭ ᠢ ᠢᠰᠷᠧᠯᠴᠦᠳ ᠲᠦ ᠥᠭᠬᠦ ᠭᠡᠵᠦ ᠪᠠᠢᠨ᠎ᠠ᠃ ᠡᠴᠢᠭᠡ ᠨᠦᠭᠦᠳ ᠦᠨ ᠬᠢᠨᠢ ᠣᠪᠣᠭ ᠪᠦᠷᠢ ᠡᠴᠡ ᠨᠢᠭᠡ ᠤᠳᠤᠷᠢᠳᠤᠭᠴᠢ ᠶᠠᠪᠤᠭᠤᠯ》 ᠭᠡᠰᠡᠨ ᠳᠦ᠂ 3 ᠮᠣᠰᠧ ᠶᠣᠬᠣᠸᠠ ᠶᠢᠨ ᠵᠠᠬᠢᠭᠰᠠᠨ ᠶᠣᠰᠣᠭᠠᠷ ᠫᠠᠷᠠᠨ ᠤ ᠴᠥᠯ ᠡᠴᠡ ᠲᠡᠳᠡᠨ ᠢ ᠶᠠᠪᠤᠭᠤᠯᠤᠭᠰᠠᠨ ᠪᠠᠢᠨ᠎ᠠ᠃ ᠲᠡᠳᠡ ᠪᠦᠭᠦᠳᠡᠭᠡᠷ ᠢᠶᠡᠨ ᠢᠰᠷᠧᠯᠴᠦᠳ ᠦᠨ ᠤᠳᠤᠷᠢᠳᠤᠭᠴᠢ ᠪᠠᠢᠯ᠎ᠠ᠃ 4 ᠲᠡᠳᠡ ᠨᠠᠷ ᠤᠨ ᠨᠡᠷᠡᠰ ᠭᠡᠪᠡᠯ᠂ ᠷᠧᠣᠪᠧᠨ ᠣᠪᠣᠭ ᠠᠴᠠ ᠽᠠᠺᠦ᠋ᠷ ᠤᠨ ᠬᠦᠦ ᠱᠠᠮᠦ᠋ᠶᠠ᠂ 5 ᠰᠢᠮᠧᠶᠣᠨ ᠣᠪᠣᠭ ᠠᠴᠠ ᠾᠣᠷᠢ ᠶᠢᠨ ᠬᠦᠦ ᠱᠠᠹᠠᠲ᠂ 6 ᠶᠦᠳᠠ ᠣᠪᠣᠭ ᠠᠴᠠ ᠶᠧᠹᠦ᠋ᠨᠧ ᠶᠢᠨ ᠬᠦᠦ ᠺᠠᠯᠧᠪ᠂ 7 ᠢᠰᠠᠺᠠᠷ ᠣᠪᠣᠭ ᠠᠴᠠ ᠶᠣᠰᠧᠹ ᠤᠨ ᠬᠦᠦ ᠢᠭᠠᠯ᠂ 8 ᠡᠹᠷᠠᠢᠮ ᠣᠪᠣᠭ ᠠᠴᠠ ᠨᠦᠨ ᠦ ᠬᠦᠦ ᠬᠣᠱᠧᠶ᠎ᠠ᠂ 9 ᠪᠢᠨᠶᠠᠮᠢᠨ ᠣᠪᠣᠭ ᠠᠴᠠ ᠷᠠᠹᠦ᠋ ᠶᠢᠨ ᠬᠦᠦ ᠫᠠᠯᠲ᠂ 10 ᠽᠧᠪᠦ᠋ᠯᠣᠨ ᠣᠪᠣᠭ ᠠᠴᠠ ᠰᠣᠳᠢ ᠶᠢᠨ ᠬᠦᠦ ᠭᠠᠳᠢᠶᠧᠯ᠂ 11 ᠶᠣᠰᠧᠹ ᠤᠨ ᠣᠪᠣᠭ᠂ ᠥᠭᠡᠷ᠎ᠡ ᠪᠡᠷ ᠬᠡᠯᠡᠪᠡᠯ᠂ ᠮᠠᠨᠠᠰᠧ ᠣᠪᠣᠭ ᠠᠴᠠ ᠰᠦᠰᠢ ᠶᠢᠨ ᠬᠦᠦ ᠭᠠᠳᠢ᠂ 12 ᠳ᠋ᠠᠨ ᠣᠪᠣᠭ ᠠᠴᠠ ᠭᠧᠮᠠᠯᠢ ᠶᠢᠨ ᠬᠦᠦ ᠠᠮᠢᠶᠧᠯ᠂ 13 ᠠᠱᠧᠷ ᠣᠪᠣᠭ ᠠᠴᠠ ᠮᠢᠺᠠᠶᠧᠯ ᠤᠨ ᠬᠦᠦ ᠰᠧᠲ᠋ᠦ᠋ᠷ᠂ 14 ᠨᠠᠹᠲ᠋ᠠᠯᠢ ᠣᠪᠣᠭ ᠠᠴᠠ ᠸᠣᠹᠰᠢ ᠶᠢᠨ ᠬᠦᠦ ᠨᠠᠪᠢ᠂ 15 ᠭᠠᠳ᠋ ᠣᠪᠣᠭ ᠠᠴᠠ ᠮᠠᠺᠢ ᠶᠢᠨ ᠬᠦᠦ ᠭᠧᠣᠶᠧᠯ ᠪᠠᠢᠯ᠎ᠠ᠃ 16 ᠡᠨᠡ ᠪᠣᠯ ᠮᠣᠰᠧ ᠶᠢᠨ ᠲᠡᠷᠡ ᠨᠤᠲᠤᠭ ᠢ ᠲᠠᠩᠨᠠᠭᠤᠯᠬᠤ ᠪᠠᠷ ᠶᠠᠪᠤᠭᠤᠯᠤᠭᠰᠠᠨ ᠬᠥᠮᠦᠰ ᠦᠨ ᠨᠡᠷᠡᠰ ᠶᠤᠮ᠃ ᠬᠠᠷᠢᠨ ᠮᠣᠰᠧ ᠨᠦᠨ ᠦ ᠬᠦᠦ ᠬᠣᠱᠧᠶ᠎ᠠ ᠶᠢ ᠶᠣᠱᠦ᠋ᠶ᠎ᠠ ᠭᠡᠵᠦ ᠨᠡᠷᠡᠯᠡᠪᠡ᠃
17 ᠮᠣᠰᠧ ᠺᠠᠨᠠᠨ ᠨᠤᠲᠤᠭ ᠢ ᠲᠠᠩᠨᠠᠭᠤᠯᠬᠤ ᠪᠠᠷ ᠲᠡᠳᠡᠨ ᠢ ᠢᠯᠡᠭᠡᠬᠦ ᠳᠡᠭᠡᠨ᠄ 《ᠨᠧᠭᠧᠪ ᠤᠨ ᠴᠥᠯ ᠢᠶᠡᠷ ᠳᠠᠮᠵᠢᠨ ᠠᠭᠤᠯᠠᠷᠬᠠᠭ ᠨᠤᠲᠤᠭ ᠲᠤ ᠣᠴᠢᠵᠤ 18 ᠲᠡᠷᠡ ᠨᠤᠲᠤᠭ ᠤᠨ ᠶᠠᠮᠠᠷ ᠪᠠᠢᠬᠤ ᠶᠢ ᠦᠵᠡᠭᠲᠦᠨ᠂ ᠲᠤᠬᠠᠢᠯᠠᠪᠠᠯ ᠲᠡᠨᠳᠡ ᠣᠷᠣᠰᠢᠨ ᠰᠠᠭᠤᠳᠠᠭ ᠬᠥᠮᠦᠰ ᠬᠦᠴᠦᠲᠡᠢ ᠤᠤ︖ ᠳᠣᠷᠣᠢ ᠤᠤ︖ ᠴᠥᠭᠡᠨ ᠤᠤ︖ ᠣᠯᠠᠨ ᠤᠤ︖ 19 ᠰᠠᠭᠤᠳᠠᠭ ᠨᠤᠲᠤᠭ ᠨᠢ ᠰᠠᠢᠨ ᠤᠤ︖ ᠮᠠᠭᠤ ᠤᠤ︖ ᠰᠠᠭᠤᠳᠠᠭ ᠬᠣᠲᠠ ᠨᠢ ᠵᠠᠳᠠᠭᠠᠢ ᠤᠤ︖ ᠪᠡᠬᠢᠯᠡᠯᠲᠡ ᠲᠠᠢ ᠤᠤ︖ 20 ᠭᠠᠵᠠᠷ ᠨᠢ ᠥᠩ ᠰᠢᠮᠡᠯᠢᠭ ᠤᠤ︖ ᠲᠠᠴᠢᠷ ᠤᠤ︖ ᠮᠣᠳᠣ ᠲᠠᠢ ᠤᠤ︖ ᠮᠣᠳᠣ ᠦᠭᠡᠢ ᠤᠤ︖ ᠭᠡᠳᠡᠭ ᠢ ᠦᠵᠡᠵᠦ ᠠᠪ᠃ ᠲᠠ ᠨᠠᠷ ᠵᠣᠷᠢᠭᠲᠠᠢ ᠶᠠᠪᠤᠵᠤ᠂ ᠲᠡᠷᠡ ᠨᠤᠲᠤᠭ ᠤᠨ ᠦᠷ᠎ᠡ ᠵᠢᠮᠢᠰ ᠡᠴᠡ ᠠᠪᠴᠢᠷᠠ》 ᠭᠡᠯᠡ᠃ ᠲᠡᠷᠡ ᠦᠶ᠎ᠡ ᠨᠢ ᠦᠵᠦᠮ ᠦᠨ ᠠᠩ᠋ᠬᠠᠨ ᠤ ᠦᠷ᠎ᠡ ᠵᠢᠮᠢᠰ ᠪᠣᠯᠪᠠᠰᠤᠷᠠᠬᠤ ᠦᠶ᠎ᠡ ᠪᠠᠢᠯ᠎ᠠ᠃
21 ᠢᠩᠭᠢᠭᠡᠳ ᠲᠡᠳᠡ ᠶᠠᠪᠤᠵᠤ᠂ ᠽᠢᠨ ᠤ ᠴᠥᠯ ᠡᠴᠡ ᠯᠧᠪᠣᠬᠠᠮᠠᠲ ᠤᠨ ᠴᠠᠭᠠᠨ᠎ᠠ ᠳᠠᠬᠢ ᠷᠧᠬᠣᠪ ᠬᠦᠷᠲᠡᠯᠡᠬᠢ ᠨᠤᠲᠤᠭ ᠢ ᠲᠠᠩᠨᠠᠭᠰᠠᠨ ᠪᠠᠢᠨ᠎ᠠ᠃ 22 ᠲᠡᠳᠡ ᠨᠧᠭᠧᠪ ᠥᠭᠡᠳᠡ ᠶᠠᠪᠤᠵᠤ ᠾᠧᠪᠷᠣᠨ ᠳᠤ ᠬᠦᠷᠴᠦ ᠣᠴᠢᠪᠠ᠃ ᠲᠡᠨᠳᠡ ᠠᠨᠠᠺ ᠤᠨ ᠦᠷ᠎ᠡ ᠤᠳᠤᠮ ᠠᠾᠢᠮᠠᠨ᠂ ᠱᠧᠱᠠᠢ᠂ ᠲᠠᠯᠮᠠᠢ ᠨᠠᠷ ᠰᠠᠭᠤᠵᠤ ᠪᠠᠢᠯ᠎ᠠ᠃ ᠾᠧᠪᠷᠣᠨ ᠶᠧᠵᠢᠫᠲ ᠤᠨ ᠽᠣᠶᠠᠨ ᠠᠴᠠ ᠳᠣᠯᠣᠭᠠᠨ ᠵᠢᠯ ᠤᠨ ᠡᠮᠦᠨ᠎ᠡ ᠪᠠᠢᠭᠤᠯᠤᠭᠳᠠᠭᠰᠠᠨ ᠠᠵᠢ᠃ 23 ᠳᠠᠷᠠᠭ᠎ᠠ ᠨᠢ ᠲᠡᠳᠡ ᠡᠱᠺᠣᠯ 52 ᠤᠨ ᠬᠥᠨᠳᠡᠢ ᠳᠦ ᠬᠦᠷᠴᠦ᠂ ᠲᠡᠨᠳᠡ ᠡᠴᠡ ᠭᠠᠭᠴᠠ ᠪᠠᠭᠴᠠ ᠦᠵᠦᠮ ᠰᠠᠭᠤᠭᠰᠠᠨ ᠨᠢᠭᠡ ᠮᠥᠴᠢᠷ ᠢ ᠣᠭᠲᠣᠯᠣᠨ ᠠᠪᠴᠠᠢ᠃ ᠲᠡᠭᠡᠭᠡᠳ ᠬᠣᠶᠠᠷ ᠬᠥᠮᠦᠨ ᠨᠢ ᠡᠭᠦᠨ ᠢ ᠪᠠᠨ ᠬᠡᠰᠡᠭ ᠠᠨᠠᠷ ᠪᠣᠯᠣᠨ ᠢᠨᠵᠢᠷ ᠲᠠᠢ ᠬᠠᠮᠲᠤ ᠳᠠᠮᠨᠠᠭᠤᠷ ᠢᠶᠠᠷ ᠳᠠᠮᠨᠠᠨ ᠠᠪᠴᠢᠷᠠᠪᠠ᠃ 24 ᠢᠰᠷᠧᠯᠴᠦᠳ ᠲᠡᠨᠳᠡ ᠡᠴᠡ ᠦᠵᠦᠮ ᠦᠨ ᠪᠠᠭᠴᠠ ᠣᠭᠲᠣᠯᠵᠤ ᠠᠪᠤᠭᠰᠠᠨ ᠤ ᠤᠯᠠᠮ ᠢᠶᠠᠷ ᠲᠡᠷᠡ ᠭᠠᠵᠠᠷ ᠢ ᠡᠱᠺᠣᠯ ᠤᠨ ᠬᠥᠨᠳᠡᠢ ᠭᠡᠵᠦ ᠨᠡᠷᠡᠯᠡᠭᠰᠡᠨ ᠪᠠᠢᠯ᠎ᠠ᠃ 25 ᠲᠡᠳᠡ ᠲᠡᠷᠡ ᠨᠤᠲᠤᠭ ᠢ ᠲᠠᠩᠨᠠᠭᠠᠳ ᠳᠥᠴᠢ ᠬᠣᠨᠣᠭ ᠤᠨ ᠡᠴᠦᠰ ᠲᠦ ᠪᠤᠴᠠᠵᠠᠢ᠃
ᠲᠤᠷᠰᠢᠭᠤᠯᠴᠢᠳ ᠤᠨ ᠮᠡᠳᠡᠭᠡ
26 ᠲᠡᠳᠡ ᠶᠠᠪᠤᠭᠰᠠᠭᠠᠷ ᠫᠠᠷᠠᠨ ᠤ ᠴᠥᠯ ᠳᠠᠬᠢ ᠺᠠᠳᠧᠱ ᠲᠤ ᠪᠠᠢᠭ᠎ᠠ ᠮᠣᠰᠧ᠂ ᠠᠷᠣᠨ ᠨᠠᠷ ᠪᠣᠯᠣᠨ ᠢᠰᠷᠧᠯᠴᠦᠳ ᠦᠨ ᠨᠡᠢᠲᠡ ᠴᠢᠭᠤᠯᠭᠠᠨ ᠳᠡᠭᠡᠷ᠎ᠡ ᠢᠷᠡᠭᠡᠳ᠂ ᠲᠡᠳᠡ ᠨᠠᠷ ᠪᠣᠯᠣᠨ ᠨᠡᠢᠲᠡ ᠴᠢᠭᠤᠯᠭᠠᠨ ᠳᠤ ᠬᠠᠷᠢᠭᠤ ᠮᠡᠳᠡᠭᠦᠯᠵᠦ᠂ ᠲᠡᠷᠡ ᠨᠤᠲᠤᠭ ᠤᠨ ᠦᠷ᠎ᠡ ᠵᠢᠮᠢᠰ ᠢ ᠲᠡᠳᠡᠨ ᠳᠦ ᠦᠵᠡᠭᠦᠯᠦᠯ᠎ᠡ᠃ 27 ᠲᠡᠳᠡ ᠮᠣᠰᠧ ᠳᠤ ᠲᠠᠢᠯᠪᠤᠷᠢᠯᠠᠨ᠄ 《ᠲᠠᠨ ᠤ ᠢᠯᠡᠭᠡᠭᠰᠡᠨ ᠨᠤᠲᠤᠭ ᠲᠤ ᠪᠢᠳᠡ ᠣᠴᠢᠯ᠎ᠠ᠃ ᠲᠡᠷᠡ ᠪᠣᠯ ᠦᠨᠡᠬᠡᠷ ᠰᠦ᠋᠂ ᠪᠠᠯ ᠤᠷᠤᠰᠤᠭᠰᠠᠨ ᠨᠤᠲᠤᠭ ᠮᠥᠨ ᠪᠠᠢᠨ᠎ᠠ᠃ ᠲᠡᠨᠳᠡᠬᠢ ᠶᠢᠨ ᠦᠷ᠎ᠡ ᠵᠢᠮᠢᠰ ᠡᠨᠡ ᠪᠠᠢᠨ᠎ᠠ᠃ 28 ᠭᠡᠬᠦ ᠳᠡᠭᠡᠨ ᠲᠡᠷᠡ ᠨᠤᠲᠤᠭ ᠲᠤ ᠰᠠᠭᠤᠵᠤ ᠪᠠᠢᠭ᠎ᠠ ᠠᠷᠠᠳ ᠲᠦᠮᠡᠨ ᠨᠢ ᠬᠦᠴᠦᠷᠬᠡᠭ᠂ ᠬᠣᠲᠠ ᠨᠤᠭᠤᠳ ᠨᠢ ᠪᠡᠬᠢᠯᠡᠯᠲᠡ ᠲᠠᠢ ᠪᠠᠷ ᠪᠠᠷᠠᠬᠤ ᠦᠭᠡᠢ ᠮᠠᠰᠢ ᠲᠣᠮᠣ᠃ ᠲᠡᠨᠳᠡ ᠪᠢᠳᠡ ᠠᠨᠠᠺ ᠤᠨ ᠦᠷ᠎ᠡ ᠤᠳᠤᠮ ᠢ ᠴᠤ ᠬᠠᠷᠠᠭᠰᠠᠨ︕ 29 ᠨᠧᠭᠧᠪ ᠤᠨ ᠨᠤᠲᠤᠭ ᠲᠤ ᠠᠮᠠᠯᠧᠺᠴᠤᠳ ᠰᠠᠭᠤᠵᠤ᠂ ᠠᠭᠤᠯᠠᠷᠬᠠᠭ ᠨᠤᠲᠤᠭ ᠲᠤᠨᠢ ᠾᠢᠲ᠋ᠴᠦᠳ᠂ ᠶᠧᠪᠦ᠋ᠰᠴᠦᠳ᠂ ᠠᠮᠣᠷᠢᠴᠤᠳ ᠰᠠᠭᠤᠵᠤ ᠪᠠᠢᠨ᠎ᠠ᠂ ᠳᠠᠯᠠᠢ ᠶᠢᠨ ᠬᠠᠪᠢ ᠪᠠᠷ᠂ ᠶᠣᠷᠳᠠᠨ ᠤ ᠬᠥᠪᠡᠭᠡ ᠪᠡᠷ ᠺᠠᠨᠠᠨᠴᠤᠳ ᠰᠠᠭᠤᠵᠤ ᠪᠠᠢᠨ᠎ᠠ》 ᠭᠡᠪᠡ᠃
30 ᠺᠠᠯᠧᠪ ᠮᠣᠰᠧ ᠶᠢᠨ ᠡᠮᠦᠨ᠎ᠡ ᠪᠠᠢᠭ᠎ᠠ ᠠᠷᠠᠳ ᠣᠯᠠᠨ ᠤ ᠴᠢᠮᠡᠭᠡ ᠶᠢ ᠨᠠᠮᠵᠢᠭᠠᠬᠤ ᠪᠠᠷ ᠠᠮᠠ ᠨᠡᠭᠡᠭᠡᠵᠦ᠄ 《ᠪᠢᠳᠡ ᠶᠠᠪᠤᠵᠤ ᠲᠡᠷᠡ ᠭᠠᠵᠠᠷ ᠢ ᠵᠠᠪᠠᠯ ᠡᠵᠡᠯᠡᠵᠦ ᠠᠪᠬᠤ ᠶᠣᠰᠣᠲᠠᠢ᠂ ᠦᠨᠡᠨ ᠳᠡᠭᠡᠨ ᠪᠢᠳᠡ ᠳᠡᠢᠯᠦᠨ᠎ᠡ︕》 ᠭᠡᠰᠡᠨ ᠪᠣᠯᠪᠠᠴᠤ 31 ᠲᠡᠭᠦᠨ ᠲᠡᠢ ᠬᠠᠮᠲᠤ ᠶᠠᠪᠤᠭᠰᠠᠨ ᠬᠥᠮᠦᠰ᠄ 《ᠪᠢᠳᠡ ᠲᠡᠷᠡ ᠠᠷᠠᠳ ᠲᠦᠮᠡᠨ ᠦ ᠡᠰᠡᠷᠭᠦ ᠳᠠᠭᠠᠷᠢᠵᠤ ᠴᠢᠳᠠᠬᠤ ᠦᠭᠡᠢ᠂ ᠲᠡᠳᠡ ᠪᠢᠳᠡᠨ ᠡᠴᠡ ᠬᠦᠴᠦᠷᠬᠡᠭ ᠰᠢᠦ》 ᠬᠡᠮᠡᠨ ᠥᠭᠦᠯᠡᠪᠡ᠃ 32 ᠲᠡᠳᠡ ᠲᠠᠩᠨᠠᠭᠰᠠᠨ ᠨᠤᠲᠤᠭ ᠤᠨ ᠢᠶᠠᠨ ᠲᠤᠬᠠᠢ ᠢᠰᠷᠧᠯᠴᠦᠳ ᠦᠨ ᠳᠤᠮᠳᠠ ᠮᠠᠭᠤ ᠦᠭᠡ ᠲᠠᠷᠬᠠᠭᠠᠵᠤ᠄ 《ᠪᠢᠳᠡᠨ ᠦ ᠲᠠᠩᠨᠠᠵᠤ ᠳᠤᠭᠤᠯᠤᠭᠰᠠᠨ ᠲᠡᠷᠡ ᠭᠠᠵᠠᠷ ᠨᠢ ᠰᠠᠭᠤᠭᠠᠯᠢᠴᠢᠳ ᠢᠶᠠᠨ ᠴᠥᠯᠮᠥᠨ ᠢᠳᠡᠳᠡᠭ ᠨᠤᠲᠤᠭ ᠪᠥᠭᠡᠳ ᠪᠢᠳᠡᠨ ᠦ ᠬᠠᠷᠠᠭᠰᠠᠨ ᠦᠨᠳᠦᠰᠦᠲᠡᠨ ᠴᠥᠮ ᠠᠪᠤᠷᠭᠤ ᠪᠡᠶᠡᠲᠡᠨ ᠪᠠᠢᠪᠠ︕ 33 ᠲᠡᠨᠳᠡ ᠪᠢᠳᠡ ᠨᠧᠹᠢᠯᠢᠮ ᠤᠨ ᠦᠷ᠎ᠡ ᠬᠣᠢᠴᠢ ᠪᠣᠯᠬᠤ ᠠᠪᠤᠷᠭᠤ ᠪᠡᠶᠡᠲᠦ ᠠᠨᠠᠺ ᠤᠨ ᠦᠷ᠎ᠡ ᠤᠳᠤᠮ ᠢ ᠴᠤ ᠬᠠᠷᠠᠭᠰᠠᠨ ᠰᠢᠦ᠃ ᠪᠢᠳᠡ ᠥᠪᠡᠷᠰᠡᠳ ᠦᠨ ᠢᠶᠠᠨ ᠨᠢᠳᠦᠨ ᠳᠦ ᠴᠠᠷᠴᠠᠬᠠᠢ ᠰᠢᠭ᠋ ᠪᠠᠢᠭᠰᠠᠨ ᠶᠤᠮ ᠴᠢᠨᠢ ᠲᠡᠳᠡᠨ ᠦ ᠨᠢᠳᠦᠨ ᠳᠦ ᠴᠤ ᠲᠡᠢᠮᠦ ᠪᠠᠢᠭᠰᠠᠨ ᠪᠠᠢᠬ᠎ᠠ》 ᠭᠡᠯᠡ᠃