ᠲᠣᠭᠠᠯᠠᠯᠭ᠎ᠠ ᠠᠷᠪᠠ ᠶᠢᠰᠦ
ᠴᠡᠪᠡᠷᠰᠢᠭᠦᠯᠬᠦ ᠤᠰᠤ
1 ᠶᠣᠬᠣᠸᠠ ᠮᠣᠰᠧ᠂ ᠠᠷᠣᠨ ᠳᠤ ᠠᠢᠯᠠᠳᠤᠨ᠄ 2 《ᠳᠠᠷᠠᠭᠠᠬᠢ ᠨᠢ ᠶᠣᠬᠣᠸᠠ ᠮᠢᠨᠦ ᠲᠤᠰᠢᠶᠠᠬᠤ ᠬᠠᠤᠯᠢ ᠳᠦᠷᠢᠮ ᠶᠤᠮ᠃ ᠴᠢ ᠢᠰᠷᠧᠯᠴᠦᠳ ᠲᠦ ᠵᠠᠬᠢᠨ᠂ ᠰᠣᠭᠣᠭ ᠦᠭᠡᠢ ᠲᠡᠭᠦᠰ᠂ ᠪᠤᠭᠤᠯᠠᠭᠠᠨ ᠳᠤ ᠣᠷᠣᠵᠤ ᠪᠠᠢᠭ᠎ᠠ ᠦᠭᠡᠢ ᠤᠯᠠᠭᠠᠭᠴᠢ ᠥᠬᠢᠨ ᠪᠢᠷᠠᠭᠤ ᠶᠢ ᠥᠪᠡᠷ ᠲᠡᠭᠡᠨ ᠠᠪᠴᠢᠷᠠᠭᠤᠯᠤᠭᠠᠳ 3 ᠲᠡᠭᠦᠨ ᠢ ᠲᠠᠬᠢᠯᠴᠢ ᠡᠯᠧᠶᠠᠽᠠᠷ ᠲᠤ ᠥᠭᠴᠦ᠂ ᠬᠤᠸᠠᠷᠠᠨ ᠤ ᠭᠠᠳᠠᠨ᠎ᠠ ᠭᠠᠷᠭᠠᠭᠤᠯ᠂ ᠪᠢᠷᠠᠭᠤ ᠨᠢ ᠲᠠᠬᠢᠯᠴᠢ ᠶᠢᠨ ᠡᠮᠦᠨ᠎ᠡ ᠨᠢᠳᠤᠯᠤᠭᠳᠠᠬᠤ ᠪᠣᠯᠣᠨ᠎ᠠ᠃ 4 ᠲᠠᠬᠢᠯᠴᠢ ᠡᠯᠧᠶᠠᠽᠠᠷ ᠲᠡᠭᠦᠨ ᠦ ᠴᠢᠰᠤᠨ ᠠᠴᠠ ᠬᠤᠷᠤᠭᠤᠨ ᠳᠡᠭᠡᠷ᠎ᠡ ᠪᠡᠨ ᠠᠪᠤᠭᠠᠳ ᠠᠭᠤᠯᠵᠠᠯᠲᠠ ᠶᠢᠨ ᠴᠠᠴᠠᠷ ᠤᠨ ᠡᠮᠦᠨ᠎ᠡ ᠲᠠᠯ᠎ᠠ ᠤᠷᠤᠭᠤ ᠳᠣᠯᠣᠭᠠᠨ ᠤᠳᠠᠭ᠎ᠠ ᠰᠠᠴᠤᠨ᠎ᠠ᠃ 5 ᠲᠡᠷᠡ ᠥᠬᠢᠨ ᠪᠢᠷᠠᠭᠤ ᠲᠠᠬᠢᠯᠴᠢ ᠶᠢᠨ ᠨᠢᠳᠦᠨ ᠦ ᠡᠮᠦᠨ᠎ᠡ ᠰᠢᠲᠠᠭᠠᠭᠳᠠᠬᠤ ᠪᠣᠯᠣᠨ᠎ᠠ᠃ ᠲᠡᠭᠦᠨ ᠦ ᠠᠷᠠᠰᠤ᠂ ᠮᠢᠬ᠎ᠠ᠂ ᠴᠢᠰᠤ᠂ ᠰᠡᠪᠡᠰᠦ ᠴᠤ ᠰᠢᠲᠠᠭᠠᠭᠳᠠᠨ᠎ᠠ᠃ 6 ᠲᠠᠬᠢᠯᠴᠢ ᠬᠤᠱᠢ ᠮᠣᠳᠣ᠂ ᠾᠢᠰᠣᠫ ᠪᠣᠯᠣᠨ ᠴᠢᠰ ᠤᠯᠠᠭᠠᠨ ᠪᠥᠰ ᠠᠪᠴᠢᠷᠠᠵᠤ ᠥᠬᠢᠨ ᠪᠢᠷᠠᠭᠤ ᠶᠢ ᠰᠢᠲᠠᠭᠠᠵᠤ ᠪᠤᠢ ᠭᠠᠯ ᠳᠤᠮᠳᠠ ᠴᠢᠯᠠᠭᠤᠳᠠᠨᠠ᠃ 7 ᠲᠡᠭᠡᠭᠡᠳ ᠲᠠᠬᠢᠯᠴᠢ ᠬᠤᠪᠴᠠᠰᠤ ᠪᠠᠨ ᠤᠬᠢᠶᠠᠨ ᠪᠡᠶ᠎ᠡ ᠪᠡᠨ ᠤᠰᠤᠨ ᠳᠤ ᠪᠤᠯᠬᠠᠬᠤ ᠪᠥᠭᠡᠳ ᠳᠠᠷᠠᠭ᠎ᠠ ᠨᠢ ᠬᠤᠸᠠᠷᠠᠨ ᠤᠷᠤᠭᠤ ᠣᠷᠣᠵᠤ ᠪᠣᠯᠣᠨ᠎ᠠ᠂ ᠭᠡᠪᠡᠴᠦ ᠦᠳᠡᠰᠢ ᠪᠣᠯᠲᠠᠯ᠎ᠠ ᠪᠤᠵᠠᠷᠲᠤᠭᠰᠠᠨ ᠪᠠᠢᠬᠤ ᠪᠣᠯᠣᠨ᠎ᠠ᠃ 8 ᠪᠢᠷᠠᠭᠤ ᠶᠢ ᠰᠢᠲᠠᠭᠠᠭᠴᠢ ᠬᠥᠮᠦᠨ ᠴᠤ ᠤᠰᠤᠨ ᠳᠤ ᠬᠤᠪᠴᠠᠰᠤ ᠪᠠᠨ ᠤᠬᠢᠶᠠᠨ ᠪᠡᠶ᠎ᠡ ᠪᠡᠨ ᠤᠰᠤᠨ ᠳᠤ ᠪᠤᠯᠬᠠᠬᠤ ᠪᠥᠭᠡᠳ ᠦᠳᠡᠰᠢ ᠪᠣᠯᠲᠠᠯ᠎ᠠ ᠪᠤᠵᠠᠷᠲᠤᠭᠰᠠᠨ ᠪᠠᠢᠬᠤ ᠪᠣᠯᠣᠨ᠎ᠠ᠃ 9 ᠥᠬᠢᠨ ᠪᠢᠷᠠᠭᠤᠨ ᠤ ᠦᠨᠡᠰᠦ ᠶᠢ ᠴᠡᠪᠡᠷ ᠬᠥᠮᠦᠨ ᠴᠤᠭᠯᠠᠭᠤᠯᠤᠨ ᠠᠪᠴᠤ᠂ ᠬᠤᠸᠠᠷᠠᠨ ᠤ ᠭᠠᠳᠠᠨ᠎ᠠ ᠴᠡᠪᠡᠷ ᠭᠠᠵᠠᠷ ᠲᠤ ᠲᠠᠯᠪᠢᠨ᠎ᠠ᠃ ᠡᠭᠦᠨ ᠢ ᠢᠰᠷᠧᠯᠴᠦᠳ ᠦᠨ ᠨᠡᠢᠲᠡ ᠴᠢᠭᠤᠯᠭᠠᠨ ᠬᠠᠳᠠᠭᠠᠯᠠᠭᠠᠳ ᠭᠡᠮ ᠡᠴᠡ ᠴᠡᠪᠡᠷᠰᠢᠭᠦᠯᠬᠦ ᠤᠰᠤᠨ ᠳᠤ ᠬᠢᠵᠦ ᠬᠡᠷᠡᠭᠯᠡᠬᠦ ᠪᠣᠯᠣᠨ᠎ᠠ᠃ ᠭᠡᠮ ᠢ ᠬᠡᠯᠲᠦᠷᠢᠭᠦᠯᠬᠦ ᠲᠠᠬᠢᠯ ᠨᠢ ᠡᠨᠡ ᠶᠤᠮ᠃ 10 ᠥᠬᠢᠨ ᠪᠢᠷᠠᠭᠤᠨ ᠤ ᠦᠨᠡᠰᠦ ᠶᠢ ᠴᠤᠭᠯᠠᠭᠤᠯᠬᠤ ᠬᠥᠮᠦᠨ ᠴᠤ ᠬᠤᠪᠴᠠᠰᠤ ᠪᠠᠨ ᠤᠬᠢᠶᠠᠬᠤ ᠪᠥᠭᠡᠳ ᠦᠳᠡᠰᠢ ᠪᠣᠯᠲᠠᠯ᠎ᠠ ᠪᠤᠵᠠᠷᠲᠤᠭᠰᠠᠨ ᠪᠠᠢᠬᠤ ᠪᠣᠯᠣᠨ᠎ᠠ᠃
11 ᠶᠠᠮᠠᠷ ᠴᠤ ᠬᠡᠭᠦᠷ ᠲᠦ ᠬᠦᠷᠦᠭᠰᠡᠨ ᠬᠥᠮᠦᠨ ᠳᠣᠯᠣᠭᠠᠨ ᠬᠣᠨᠣᠭ ᠪᠤᠵᠠᠷᠲᠤᠭᠰᠠᠨ ᠪᠠᠢᠬᠤ ᠪᠣᠯᠣᠨ᠎ᠠ᠃ 12 ᠲᠡᠷᠡ ᠪᠡᠷ ᠭᠤᠷᠪᠠᠳᠠᠬᠢ ᠡᠳᠦᠷ ᠪᠠ ᠳᠣᠯᠣᠳᠠᠬᠢ ᠡᠳᠦᠷ ᠲᠦ ᠥᠨᠥᠬᠢ ᠤᠰᠤ ᠪᠠᠷ ᠥᠪᠡᠷ ᠢ ᠪᠠᠨ ᠴᠡᠪᠡᠷᠰᠢᠭᠦᠯᠦᠭᠰᠡᠨ ᠢᠶᠡᠷ ᠴᠡᠪᠡᠷ ᠪᠣᠯᠣᠨ᠎ᠠ᠃ ᠲᠡᠷᠡ ᠬᠥᠮᠦᠨ ᠭᠤᠷᠪᠠᠳᠠᠬᠢ ᠡᠳᠦᠷ ᠪᠠ ᠳᠣᠯᠣᠳᠠᠬᠢ ᠡᠳᠦᠷ ᠲᠦ ᠥᠪᠡᠷ ᠢ ᠪᠠᠨ ᠴᠡᠪᠡᠷᠰᠢᠭᠦᠯᠬᠦ ᠡᠴᠡ ᠨᠠᠰᠢ ᠴᠡᠪᠡᠷ ᠪᠣᠯᠬᠤ ᠦᠭᠡᠢ᠃ 13 ᠬᠡᠭᠦᠷ᠂ ᠲᠤᠬᠠᠢᠯᠠᠪᠠᠯ ᠦᠬᠦᠭᠰᠡᠨ ᠬᠥᠮᠦᠨ ᠦ ᠴᠣᠭᠴᠠᠰ ᠲᠤ ᠬᠦᠷᠦᠭᠡᠳ ᠥᠪᠡᠷ ᠢ ᠪᠠᠨ ᠴᠡᠪᠡᠷᠰᠢᠭᠦᠯᠦᠭᠡ ᠦᠭᠡᠢ ᠬᠥᠮᠦᠨ ᠪᠣᠯᠭᠠᠨ ᠶᠣᠬᠣᠸᠠ ᠶᠢᠨ ᠣᠷᠣᠰᠢᠬᠤᠢ ᠶᠢᠨ ᠴᠠᠴᠠᠷ ᠢ ᠪᠤᠵᠠᠷᠯᠠᠳᠠᠭ ᠶᠤᠮ᠃ ᠲᠡᠢᠮᠦ ᠬᠥᠮᠦᠨ ᠢᠰᠷᠧᠯ ᠡᠴᠡ ᠲᠠᠰᠤᠯᠤᠭᠳᠠᠬᠤ ᠶᠣᠰᠣᠲᠠᠢ᠃ ᠲᠡᠷᠡ ᠪᠡᠷ ᠭᠡᠮ ᠡᠴᠡ ᠴᠡᠪᠡᠷᠰᠢᠭᠦᠯᠬᠦ ᠤᠰᠤ ᠶᠢ ᠪᠡᠶ᠎ᠡ ᠳᠡᠭᠡᠨ ᠰᠠᠴᠤᠭᠤᠯᠤᠭᠠ ᠦᠭᠡᠢ ᠲᠤᠯᠠ ᠪᠤᠵᠠᠷᠲᠤᠭᠰᠠᠨ ᠪᠠᠢᠬᠤ ᠪᠣᠯᠣᠨ᠎ᠠ᠂ ᠪᠤᠵᠠᠷ ᠨᠢ ᠲᠡᠭᠦᠨ ᠦ ᠳᠡᠭᠡᠷ᠎ᠡ ᠬᠡᠪ ᠢᠶᠡᠷ ᠢᠶᠠᠨ ᠪᠠᠢᠨ᠎ᠠ᠃
14 ᠮᠠᠢᠬᠠᠨ ᠳᠣᠲᠣᠷ᠎ᠠ ᠬᠥᠮᠦᠨ ᠦᠬᠦᠭᠰᠡᠨ ᠲᠣᠬᠢᠶᠠᠯᠳᠤᠯ ᠳᠤ᠂ ᠰᠠᠬᠢᠬᠤ ᠬᠠᠤᠯᠢ ᠨᠢ ᠡᠨᠡ ᠶᠤᠮ᠄ ᠮᠠᠢᠬᠠᠨ ᠤᠷᠤᠭᠤ ᠣᠷᠣᠭᠰᠠᠨ᠂ ᠡᠰᠡᠪᠡᠯ ᠮᠠᠢᠬᠠᠨ ᠳᠤ ᠪᠠᠢᠭᠰᠠᠨ ᠬᠥᠮᠦᠨ ᠪᠣᠯᠭᠠᠨ ᠳᠣᠯᠣᠭᠠᠨ ᠬᠣᠨᠣᠭ ᠪᠤᠵᠠᠷᠲᠤᠭᠰᠠᠨ ᠪᠠᠢᠬᠤ ᠪᠣᠯᠣᠨ᠎ᠠ᠂ 15 ᠮᠠᠢᠬᠠᠨ ᠳᠣᠲᠣᠷᠠᠬᠢ ᠲᠠᠭ ᠦᠭᠡᠢ ᠣᠩ᠋ᠭᠣᠷᠬᠠᠢ ᠰᠠᠪᠠ ᠰᠠᠭᠤᠯᠠᠭ᠎ᠠ ᠴᠤ ᠪᠦᠭᠦᠳᠡ ᠪᠤᠵᠠᠷ ᠪᠠᠢᠬᠤ ᠪᠣᠯᠣᠨ᠎ᠠ᠃ 16 ᠮᠥᠨ ᠬᠡᠭᠡᠷ᠎ᠡ ᠲᠠᠯ᠎ᠠ ᠳᠤ ᠪᠠᠢᠬᠤ ᠳᠠᠭᠠᠨ ᠢᠯᠳᠦ ᠪᠡᠷ ᠠᠯᠠᠭᠳᠠᠭᠰᠠᠨ ᠬᠥᠮᠦᠨ᠂ ᠡᠰᠡᠪᠡᠯ ᠠᠶᠠᠨᠳᠠᠭᠠᠨ ᠦᠬᠦᠭᠰᠡᠨ ᠬᠥᠮᠦᠨ᠂ ᠡᠰᠡᠪᠡᠯ ᠬᠥᠮᠦᠨ ᠦ ᠶᠠᠰᠤ᠂ ᠪᠤᠯᠠᠰᠢᠨ ᠳᠤ ᠬᠦᠷᠦᠭᠰᠡᠨ ᠬᠥᠮᠦᠨ ᠪᠣᠯᠭᠠᠨ ᠳᠣᠯᠣᠭᠠᠨ ᠬᠣᠨᠣᠭ ᠪᠤᠵᠠᠷᠲᠤᠭᠰᠠᠨ ᠪᠠᠢᠬᠤ ᠪᠣᠯᠣᠨ᠎ᠠ᠃ 17 ᠪᠤᠵᠠᠷᠲᠤᠭᠰᠠᠨ ᠲᠣᠬᠢᠶᠠᠯᠳᠤᠯ ᠳᠤ᠂ ᠥᠨᠥᠬᠢ ᠤᠯᠠᠭᠠᠭᠴᠢ ᠪᠢᠷᠠᠭᠤ ᠶᠢ ᠰᠢᠲᠠᠭᠠᠭᠰᠠᠨ ᠦᠨᠡᠰᠦᠨ ᠡᠴᠡ ᠰᠠᠪᠠᠨ ᠳᠤ ᠵᠢᠭᠠᠬᠠᠨ ᠠᠪᠴᠤ᠂ ᠳᠡᠭᠡᠷ᠎ᠡ ᠡᠴᠡ ᠨᠢ ᠴᠡᠩᠭᠡᠭ ᠤᠰᠤ ᠬᠢᠵᠦ ᠭᠡᠮ ᠡᠴᠡ ᠴᠡᠪᠡᠷᠰᠢᠭᠦᠯᠬᠦ ᠤᠰᠤ ᠪᠣᠯᠭᠠᠨ᠎ᠠ᠃ 18 ᠳᠠᠷᠠᠭ᠎ᠠ ᠨᠢ ᠴᠡᠪᠡᠷ ᠬᠥᠮᠦᠨ ᠾᠢᠰᠣᠫ ᠠᠪᠴᠢᠷᠠᠭᠠᠳ ᠥᠨᠥᠬᠢ ᠤᠰᠤᠨ ᠳᠤ ᠳᠦᠷᠦᠵᠦ᠂ ᠮᠠᠢᠬᠠᠨ ᠳᠡᠭᠡᠷ᠎ᠡ᠂ ᠪᠦᠬᠦ ᠬᠡᠷᠡᠭᠰᠡᠯ ᠳᠡᠭᠡᠷ᠎ᠡ᠂ ᠮᠥᠨ ᠲᠡᠨᠳᠡ ᠪᠠᠢᠭ᠎ᠠ ᠬᠥᠮᠦᠰ ᠬᠢᠭᠡᠳ ᠨᠥᠭᠥᠭᠡ ᠶᠠᠰᠤᠨ ᠳᠤ᠂ ᠠᠯᠠᠭᠳᠠᠭᠰᠠᠨ ᠬᠥᠮᠦᠨ ᠳᠦ᠂ ᠠᠶᠠᠨᠳᠠᠭᠠᠨ ᠦᠬᠦᠭᠰᠡᠨ ᠬᠥᠮᠦᠨ ᠳᠦ᠂ ᠡᠰᠡᠪᠡᠯ ᠪᠤᠯᠠᠰᠢᠨ ᠳᠤ ᠬᠦᠷᠦᠭᠰᠡᠨ ᠬᠥᠮᠦᠨ ᠳᠡᠭᠡᠷ᠎ᠡ ᠰᠠᠴᠤᠬᠤ ᠪᠣᠯᠣᠨ᠎ᠠ᠃ 19 ᠭᠤᠷᠪᠠᠳᠠᠬᠢ ᠡᠳᠦᠷ ᠪᠠ ᠳᠣᠯᠣᠳᠠᠬᠢ ᠡᠳᠦᠷ ᠲᠦ ᠴᠡᠪᠡᠷ ᠬᠥᠮᠦᠨ ᠨᠥᠭᠥᠭᠡ ᠪᠤᠵᠠᠷᠲᠤᠭᠰᠠᠨ ᠬᠥᠮᠦᠨ ᠳᠡᠭᠡᠷ᠎ᠡ ᠥᠨᠥᠬᠢ ᠤᠰᠤ ᠶᠢ ᠰᠦᠷᠴᠢᠵᠦ᠂ ᠳᠣᠯᠣᠳᠠᠬᠢ ᠡᠳᠦᠷ ᠲᠤᠨᠢ ᠭᠡᠮ ᠡᠴᠡ ᠴᠡᠪᠡᠷᠰᠢᠭᠦᠯᠬᠦ ᠪᠥᠭᠡᠳ ᠥᠨᠥᠬᠢ ᠬᠥᠮᠦᠨ ᠬᠤᠪᠴᠠᠰᠤ ᠪᠠᠨ ᠤᠬᠢᠶᠠᠨ᠂ ᠤᠰᠤᠨ ᠳᠤ ᠪᠤᠯᠬᠠᠬᠤ ᠶᠣᠰᠣᠲᠠᠢ᠂ ᠲᠡᠭᠡᠪᠡᠯ ᠦᠳᠡᠰᠢ ᠨᠢ ᠲᠡᠷᠡ ᠴᠡᠪᠡᠷ ᠪᠣᠯᠬᠤ ᠪᠣᠯᠣᠨ᠎ᠠ᠃ 20 ᠬᠠᠷᠢᠨ ᠪᠤᠵᠠᠷᠲᠤᠭᠰᠠᠨ ᠠᠲᠠᠯ᠎ᠠ ᠪᠠᠨ ᠥᠪᠡᠷ ᠢ ᠪᠠᠨ ᠴᠡᠪᠡᠷᠰᠢᠭᠦᠯᠦᠭᠡ ᠦᠭᠡᠢ ᠬᠥᠮᠦᠨ ᠶᠣᠬᠣᠸᠠ ᠶᠢᠨ ᠠᠷᠢᠭᠤᠨ ᠭᠠᠵᠠᠷ ᠢ ᠪᠤᠵᠠᠷᠯᠠᠭᠰᠠᠨ ᠤᠴᠢᠷ ᠠᠴᠠ ᠨᠡᠢᠲᠡ ᠴᠢᠭᠤᠯᠭᠠᠨ ᠤ ᠳᠤᠮᠳᠠ ᠠᠴᠠ ᠲᠠᠰᠤᠯᠤᠭᠳᠠᠨ᠎ᠠ᠃ ᠲᠡᠷᠡ ᠪᠡᠷ ᠴᠡᠪᠡᠷᠰᠢᠭᠦᠯᠬᠦ ᠤᠰᠤ ᠶᠢ ᠥᠪᠡᠷ ᠦᠨ ᠢᠶᠠᠨ ᠳᠡᠭᠡᠷ᠎ᠡ ᠰᠠᠴᠤᠭᠤᠯᠤᠭᠠ ᠦᠭᠡᠢ ᠲᠤᠯᠠ ᠪᠤᠵᠠᠷᠲᠤᠭᠰᠠᠨ ᠬᠡᠪ ᠢᠶᠡᠷ ᠢᠶᠠᠨ ᠪᠠᠢᠨ᠎ᠠ᠃
21 ᠡᠨᠡ ᠨᠢ ᠲᠡᠳᠡ ᠨᠠᠷ ᠤᠨ ᠪᠠᠢᠩ᠋ᠭᠤ ᠰᠠᠬᠢᠬᠤ ᠵᠢᠷᠤᠮ ᠶᠤᠮ᠃ ᠴᠡᠪᠡᠷᠰᠢᠭᠦᠯᠬᠦ ᠤᠰᠤ ᠰᠠᠴᠤᠭᠰᠠᠨ ᠬᠥᠮᠦᠨ ᠴᠤ ᠬᠤᠪᠴᠠᠰᠤ ᠪᠠᠨ ᠤᠬᠢᠶᠠᠬᠤ ᠶᠣᠰᠣᠲᠠᠢ᠃ ᠴᠡᠪᠡᠷᠰᠢᠭᠦᠯᠬᠦ ᠤᠰᠤᠨ ᠳᠤ ᠬᠦᠷᠦᠭᠰᠡᠨ ᠬᠥᠮᠦᠨ ᠴᠤ ᠦᠳᠡᠰᠢ ᠪᠣᠯᠲᠠᠯ᠎ᠠ ᠪᠤᠵᠠᠷᠲᠤᠭᠰᠠᠨ ᠪᠠᠢᠬᠤ ᠪᠣᠯᠣᠨ᠎ᠠ᠃ 22 ᠪᠤᠵᠠᠷᠲᠤᠭᠰᠠᠨ ᠬᠥᠮᠦᠨ ᠦ ᠬᠦᠷᠦᠭᠰᠡᠨ ᠶᠠᠭᠤᠮ᠎ᠠ ᠪᠣᠯᠭᠠᠨ ᠪᠤᠵᠠᠷ ᠪᠣᠯᠬᠤ ᠪᠥᠭᠡᠳ ᠲᠡᠳᠡᠭᠡᠷ ᠲᠦ ᠬᠦᠷᠦᠭᠰᠡᠨ ᠬᠥᠮᠦᠨ ᠴᠤ ᠦᠳᠡᠰᠢ ᠪᠣᠯᠲᠠᠯ᠎ᠠ ᠪᠤᠵᠠᠷᠲᠤᠭᠰᠠᠨ ᠪᠠᠢᠬᠤ ᠪᠣᠯᠣᠨ᠎ᠠ》 ᠭᠡᠪᠡ᠃