1 2 3 4 5 6 7 8 9 10 11 12 13 14 15 16 17 18 19 20 21 22 23 24 25 26 27 28 29 30 31 32 33 34 35 36


ᠲᠣᠭᠠᠯᠠᠯᠭ᠎ᠠ ᠠᠷᠪᠠ
 ᠮᠥᠩᠭᠥᠨ ᠪᠦᠷᠢᠶ᠎ᠡ

1 ᠶᠣᠬᠣᠸᠠ ᠮᠣᠰᠧ ᠳᠤ ᠠᠢᠯᠠᠳᠤᠨ᠄ 2 《ᠴᠢ ᠮᠥᠩᠭᠥ ᠳᠠᠪᠲᠠᠨ ᠬᠣᠶᠠᠷ ᠪᠦᠷᠢᠶ᠎ᠡ ᠬᠢᠵᠦ᠂ ᠨᠡᠢᠲᠡ ᠴᠢᠭᠤᠯᠭᠠᠨ ᠢ ᠳᠠᠭᠤᠳᠠᠬᠤ ᠪᠠ ᠬᠤᠸᠠᠷᠠᠨ ᠢ ᠬᠥᠳᠡᠯᠭᠡᠬᠦ ᠳᠦ ᠬᠡᠷᠡᠭᠯᠡᠭᠡᠷᠡᠢ᠃ 3 ᠬᠣᠶᠠᠭᠤᠯᠠ ᠶᠢ ᠨᠢ ᠤᠷᠲᠤᠯᠠᠭᠤᠯᠤᠨ ᠦᠯᠢᠶᠡᠪᠡᠯ ᠨᠡᠢᠲᠡ ᠴᠢᠭᠤᠯᠭᠠᠨ ᠪᠦᠬᠦᠯᠢ ᠳᠡᠭᠡᠨ ᠠᠭᠤᠯᠵᠠᠯᠲᠠ ᠶᠢᠨ ᠴᠠᠴᠠᠷ ᠤᠨ ᠡᠭᠦᠳᠡᠨ ᠳᠡᠭᠡᠷ᠎ᠡ ᠴᠢᠮ᠎ᠠ ᠤᠷᠤᠭᠤ ᠴᠤᠭᠯᠠᠬᠤ ᠪᠥᠭᠡᠳ 4 ᠨᠢᠭᠡ ᠶᠢ ᠨᠢ ᠦᠯᠢᠶᠡᠪᠡᠯ ᠤᠳᠤᠷᠢᠳᠤᠭᠴᠢᠳ᠂ ᠲᠤᠬᠠᠢᠯᠠᠪᠠᠯ ᠢᠰᠷᠧᠯ ᠤᠨ ᠠᠢᠮᠠᠭ ᠤᠳ ᠤᠨ ᠲᠡᠷᠢᠭᠦᠳ ᠯᠠ ᠴᠢᠨᠦ ᠡᠮᠦᠨ᠎ᠡ ᠴᠤᠭᠯᠠᠬᠤ ᠪᠣᠯᠣᠨ᠎ᠠ᠃ 5 ᠰᠡᠷᠡᠮᠵᠢ ᠶᠢᠨ ᠳᠣᠬᠢᠶ᠎ᠠ ᠶᠢ ᠦᠯᠢᠶᠡᠪᠡᠯ ᠵᠡᠭᠦᠨ ᠲᠠᠯ᠎ᠠ ᠳᠤ ᠪᠠᠭᠤᠳᠠᠯᠯᠠᠭᠰᠠᠨ ᠬᠤᠸᠠᠷᠠᠨ ᠨᠤᠭᠤᠳ ᠬᠥᠳᠡᠯᠬᠦ ᠪᠥᠭᠡᠳ 6 ᠰᠡᠷᠡᠮᠵᠢ ᠶᠢᠨ ᠳᠣᠬᠢᠶ᠎ᠠ ᠶᠢ ᠳᠠᠬᠢᠨ ᠦᠯᠢᠶᠡᠪᠡᠯ ᠡᠮᠦᠨ᠎ᠡ ᠲᠠᠯ᠎ᠠ ᠳᠤ ᠪᠠᠭᠤᠳᠠᠯᠯᠠᠭᠰᠠᠨ ᠬᠤᠸᠠᠷᠠᠨ ᠨᠤᠭᠤᠳ ᠬᠥᠳᠡᠯᠬᠦ ᠪᠣᠯᠣᠨ᠎ᠠ᠂ ᠲᠡᠳᠡᠨ ᠢ ᠬᠥᠳᠡᠯᠭᠡᠬᠦ ᠭᠡᠪᠡᠯ ᠰᠡᠷᠡᠮᠵᠢ ᠶᠢᠨ ᠳᠣᠬᠢᠶ᠎ᠠ ᠶᠢ ᠦᠯᠢᠶᠡᠬᠦ ᠶᠣᠰᠣᠲᠠᠢ᠃ 7 ᠬᠠᠷᠢᠨ ᠴᠢᠭᠤᠯᠭᠠᠨ ᠢ ᠴᠤᠭᠯᠠᠭᠤᠯᠬᠤ ᠳᠠᠭᠠᠨ ᠤᠷᠲᠤᠯᠠᠭᠤᠯᠤᠨ ᠦᠯᠢᠶᠡᠬᠦ ᠶᠣᠰᠣᠲᠠᠢ᠂ ᠰᠡᠷᠡᠮᠵᠢ ᠶᠢᠨ ᠳᠣᠬᠢᠶ᠎ᠠ ᠦᠯᠢᠶᠡᠵᠦ ᠪᠣᠯᠬᠤ ᠦᠭᠡᠢ᠃ 8 ᠠᠷᠣᠨ ᠤ ᠲᠠᠬᠢᠯᠴᠢ ᠬᠥᠪᠡᠭᠦᠳ ᠯᠠ ᠪᠦᠷᠢᠶ᠎ᠡ ᠦᠯᠢᠶᠡᠵᠦ ᠪᠣᠯᠣᠨ᠎ᠠ᠃ ᠡᠳᠡᠭᠡᠷ ᠨᠢ ᠲᠠ ᠨᠠᠷ ᠪᠣᠯᠣᠨ ᠬᠣᠢᠴᠢ ᠦᠶ᠎ᠡ ᠶᠢᠨ ᠬᠢᠨ ᠳᠤ ᠴᠢᠨᠢ ᠪᠠᠢᠩ᠋ᠭᠤ ᠶᠢᠨ ᠶᠣᠰᠣ ᠵᠢᠷᠤᠮ ᠪᠣᠯᠣᠨ᠎ᠠ᠃ 9 ᠣᠷᠣᠨ ᠨᠤᠲᠤᠭ ᠲᠤ ᠴᠢᠨᠢ ᠬᠠᠯᠳᠠᠬᠤ ᠳᠠᠢᠰᠤᠨ ᠤ ᠪᠠᠨ ᠡᠰᠡᠷᠭᠦ ᠳᠠᠢᠨ ᠳᠤ ᠶᠠᠪᠤᠬᠤ ᠳᠠᠭᠠᠨ ᠲᠠ ᠨᠠᠷ ᠪᠦᠷᠢᠶ᠎ᠡ ᠪᠡᠷ ᠰᠡᠷᠡᠮᠵᠢ ᠶᠢᠨ ᠳᠣᠬᠢᠶ᠎ᠠ ᠦᠯᠢᠶᠡᠭᠲᠦᠨ᠃ ᠲᠡᠭᠡᠪᠡᠯ ᠲᠠ ᠨᠠᠷ ᠤᠨ ᠪᠤᠷᠬᠠᠨ ᠶᠣᠬᠣᠸᠠ ᠲᠠ ᠨᠠᠷ ᠢ ᠳᠤᠷᠠᠰᠤᠨ ᠰᠠᠨᠠᠵᠤ᠂ ᠲᠠ ᠨᠠᠷ ᠢ ᠳᠠᠢᠰᠤᠨ ᠨᠤᠭᠤᠳ ᠠᠴᠠ ᠴᠢᠨᠢ ᠠᠪᠤᠷᠠᠬᠤ ᠪᠣᠯᠣᠨ᠎ᠠ᠃ 10 ᠮᠥᠨ ᠲᠣᠭᠲᠠᠭᠰᠠᠨ ᠪᠠᠶᠠᠷ ᠤᠨ ᠡᠳᠦᠷ᠂ ᠡᠰᠡᠪᠡᠯ ᠰᠢᠨ᠎ᠡ ᠰᠠᠷ᠎ᠠ ᠵᠡᠷᠭᠡ ᠶᠢᠨ ᠪᠠᠶᠠᠷᠯᠠᠨ ᠪᠠᠶᠠᠰᠳᠠᠭ ᠡᠳᠦᠷ ᠤᠳ ᠲᠡᠭᠡᠨ ᠲᠠ ᠨᠠᠷ ᠰᠢᠲᠠᠭᠠᠯᠭᠠᠲᠤ ᠲᠠᠬᠢᠯ ᠤᠳ ᠪᠣᠯᠣᠨ ᠡᠪ ᠦᠨ ᠲᠠᠬᠢᠯ ᠤᠳ ᠤᠨ ᠢᠶᠠᠨ ᠳᠡᠭᠡᠭᠦᠷ ᠪᠦᠷᠢᠶ᠎ᠡ ᠦᠯᠢᠶᠡᠭᠲᠦᠨ᠃ ᠲᠡᠢᠨ ᠬᠦ ᠪᠦᠷᠢᠶ᠎ᠡ ᠨᠢ ᠲᠠ ᠨᠠᠷ ᠢ ᠪᠤᠷᠬᠠᠨ ᠳᠤ ᠴᠢᠨᠢ ᠰᠠᠨᠠᠭᠤᠯᠬᠤ ᠪᠣᠯᠣᠨ᠎ᠠ᠃ ᠲᠠ ᠨᠠᠷ ᠤᠨ ᠪᠤᠷᠬᠠᠨ ᠪᠣᠯ ᠶᠣᠬᠣᠸᠠ ᠪᠢ》 ᠭᠡᠯ᠎ᠡ᠃
 ᠢᠰᠷᠧᠯᠴᠦᠳ ᠰᠢᠨᠠᠢ ᠶᠢᠨ ᠴᠥᠯ ᠡᠴᠡ ᠬᠥᠳᠡᠯᠪᠡ

11 ᠬᠣᠶᠠᠳᠠᠬᠢ ᠵᠢᠯ ᠤᠨ ᠬᠣᠶᠠᠳᠤᠭᠠᠷ ᠰᠠᠷ᠎ᠠ ᠶᠢᠨ ᠬᠣᠷᠢᠨ ᠳᠤ ᠭᠡᠷᠡᠴᠢᠯᠡᠯ ᠦᠨ ᠴᠠᠴᠠᠷ ᠤᠨ ᠳᠡᠭᠡᠷ᠎ᠡ ᠡᠴᠡ ᠡᠭᠦᠯᠡ ᠡᠷᠭᠦᠭᠳᠡᠭᠰᠡᠨ ᠳᠦ᠂ 12 ᠢᠰᠷᠧᠯᠴᠦᠳ ᠰᠢᠨᠠᠢ ᠶᠢᠨ ᠴᠥᠯ ᠡᠴᠡ ᠭᠠᠷᠴᠤ ᠠᠶᠠᠯᠠᠪᠠ᠂ ᠲᠡᠭᠡᠭᠡᠳ ᠡᠭᠦᠯᠡ ᠫᠠᠷᠠᠨ ᠤ ᠴᠥᠯ ᠳᠤ ᠲᠣᠭᠲᠠᠯ᠎ᠠ᠃ 13 ᠡᠢᠨ ᠬᠦ ᠲᠡᠳᠡ ᠮᠣᠰᠧ ᠪᠠᠷ ᠳᠠᠮᠵᠢᠭᠤᠯᠤᠨ ᠶᠣᠬᠣᠸᠠ ᠶᠢᠨ ᠵᠠᠬᠢᠭᠰᠠᠨ ᠶᠣᠰᠣᠭᠠᠷ ᠡᠬᠢᠯᠡᠨ ᠠᠶᠠᠨ ᠳᠠᠭᠠᠨ ᠭᠠᠷᠴᠠᠢ᠃ 14 ᠲᠦᠷᠦᠭᠦᠨ ᠳᠦᠨᠢ ᠶᠦᠳᠠ ᠶᠢᠨ ᠬᠤᠸᠠᠷᠠᠨ ᠤ ᠬᠢᠨ ᠥᠪᠡᠷ ᠦᠨ ᠢᠶᠠᠨ ᠲᠤᠭ ᠤᠨ ᠳᠣᠣᠷ᠎ᠠ ᠳᠠᠢᠴᠢᠳ ᠤᠨ ᠪᠠᠭ ᠤᠳ ᠢᠶᠠᠷ ᠢᠶᠠᠨ ᠬᠥᠳᠡᠯᠪᠡ᠃ ᠶᠦᠳᠠ ᠣᠪᠣᠭ ᠤᠨ ᠳᠠᠢᠴᠢᠳ ᠤᠨ ᠬᠣᠰᠢᠭᠤᠴᠢ ᠨᠢ ᠠᠮᠢᠨᠠᠳᠠᠪ ᠤᠨ ᠬᠦᠦ ᠨᠠᠾᠱᠣᠨ᠂ 15 ᠢᠰᠠᠺᠠᠷ ᠣᠪᠣᠭ ᠤᠨ ᠳᠠᠢᠴᠢᠳ ᠤᠨ ᠬᠣᠰᠢᠭᠤᠴᠢ ᠨᠢ ᠽᠦᠶᠠᠷ ᠤᠨ ᠬᠦᠦ ᠨᠧᠲ᠋ᠠᠨᠧᠯ᠂ 16 ᠽᠧᠪᠦ᠋ᠯᠣᠨ ᠣᠪᠣᠭ ᠤᠨ ᠳᠠᠢᠴᠢᠳ ᠤᠨ ᠬᠣᠰᠢᠭᠤᠴᠢ ᠨᠢ ᠾᠧᠯᠣᠨ ᠤ ᠬᠦᠦ ᠡᠯᠢᠶᠠᠪ ᠪᠠᠢᠪᠠ᠃

17 ᠡᠭᠦᠨ ᠦ ᠳᠠᠷᠠᠭ᠎ᠠ ᠣᠷᠣᠰᠢᠬᠤᠢ ᠶᠢᠨ ᠴᠠᠴᠠᠷ ᠢ ᠪᠠᠭᠤᠯᠭᠠᠵᠠᠢ᠃ ᠲᠡᠭᠡᠭᠡᠳ ᠭᠧᠷᠱᠣᠨᠴᠤᠳ ᠪᠣᠯᠣᠨ ᠮᠧᠷᠠᠷᠢᠴᠤᠳ ᠴᠠᠴᠠᠷ ᠢ ᠳᠠᠮᠨᠠᠨ ᠬᠥᠳᠡᠯᠪᠡ᠃ 18 ᠳᠠᠷᠠᠭ᠎ᠠ ᠨᠢ ᠷᠧᠣᠪᠧᠨ ᠤ ᠬᠤᠸᠠᠷᠠᠨ ᠤ ᠬᠢᠨ ᠥᠪᠡᠷ ᠦᠨ ᠢᠶᠠᠨ ᠲᠤᠭ ᠤᠨ ᠳᠣᠣᠷ᠎ᠠ ᠳᠠᠢᠴᠢᠳ ᠤᠨ ᠪᠠᠭ ᠤᠳ ᠢᠶᠠᠷ ᠢᠶᠠᠨ ᠬᠥᠳᠡᠯᠪᠡ᠃ ᠷᠧᠣᠪᠧᠨ ᠣᠪᠣᠭ ᠤᠨ ᠳᠠᠢᠴᠢᠳ ᠤᠨ ᠬᠣᠰᠢᠭᠤᠴᠢ ᠨᠢ ᠱᠧᠳᠧᠣᠷ ᠤᠨ ᠬᠦᠦ ᠡᠯᠢᠽᠦ᠋ᠷ᠂ 19 ᠰᠢᠮᠧᠶᠣᠨ ᠣᠪᠣᠭ ᠤᠨ ᠳᠠᠢᠴᠢᠳ ᠤᠨ ᠬᠣᠰᠢᠭᠤᠴᠢ ᠨᠢ ᠽᠦᠷᠢᠱᠠᠳᠠᠢ ᠶᠢᠨ ᠬᠦᠦ ᠱᠧᠯᠦ᠋ᠮᠢᠶᠧᠯ᠂ 20 ᠭᠠᠳ᠋ ᠣᠪᠣᠭ ᠤᠨ ᠳᠠᠢᠴᠢᠳ ᠤᠨ ᠬᠣᠰᠢᠭᠤᠴᠢ ᠨᠢ ᠳ᠋ᠧᠣᠶᠧᠯ ᠤᠨ ᠬᠦᠦ ᠡᠯᠢᠶᠠᠰᠠᠹ ᠪᠠᠢᠪᠠ᠃

21 ᠳᠠᠷᠠᠭ᠎ᠠ ᠨᠢ ᠺᠣᠬᠠᠲ᠋ᠴᠤᠳ ᠠᠷᠢᠭᠤᠨ ᠵᠦᠢᠯᠡᠰ ᠢ ᠳᠠᠮᠨᠠᠨ ᠬᠥᠳᠡᠯᠦᠭᠰᠡᠨ ᠪᠥᠭᠡᠳ ᠲᠡᠳᠡᠨ ᠢ ᠬᠦᠷᠴᠦ ᠣᠴᠢᠬᠤ ᠠᠴᠠ ᠡᠮᠦᠨ᠎ᠡ ᠴᠠᠴᠠᠷ ᠪᠣᠰᠬᠠᠭᠳᠠᠭᠰᠠᠨ ᠪᠠᠢᠯ᠎ᠠ᠃ 22 ᠳᠠᠷᠠᠭ᠎ᠠ ᠨᠢ ᠡᠹᠷᠠᠢᠮ ᠤᠨ ᠬᠤᠸᠠᠷᠠᠨ ᠤ ᠬᠢᠨ ᠥᠪᠡᠷ ᠦᠨ ᠢᠶᠠᠨ ᠲᠤᠭ ᠤᠨ ᠳᠣᠣᠷ᠎ᠠ ᠳᠠᠢᠴᠢᠳ ᠤᠨ ᠪᠠᠭ ᠤᠳ ᠢᠶᠠᠷ ᠢᠶᠠᠨ ᠬᠥᠳᠡᠯᠪᠡ᠃ ᠡᠹᠷᠠᠢᠮ ᠣᠪᠣᠭ ᠤᠨ ᠳᠠᠢᠴᠢᠳ ᠤᠨ ᠬᠣᠰᠢᠭᠤᠴᠢ ᠨᠢ ᠠᠮᠢᠾᠦ᠋ᠳ᠋ ᠤᠨ ᠬᠦᠦ ᠡᠯᠢᠱᠠᠮᠠ᠂ 23 ᠮᠠᠨᠠᠰᠧ ᠣᠪᠣᠭ ᠤᠨ ᠳᠠᠢᠴᠢᠳ ᠤᠨ ᠬᠣᠰᠢᠭᠤᠴᠢ ᠨᠢ ᠫᠧᠳᠠᠽᠦ᠋ᠷ ᠤᠨ ᠬᠦᠦ ᠭᠠᠮᠠᠯᠢᠶᠧᠯ᠂ 24 ᠪᠢᠨᠶᠠᠮᠢᠨ ᠣᠪᠣᠭ ᠤᠨ ᠳᠠᠢᠴᠢᠳ ᠤᠨ ᠬᠣᠰᠢᠭᠤᠴᠢ ᠨᠢ ᠭᠢᠳᠧᠶᠣᠨᠢ ᠶᠢᠨ ᠬᠦᠦ ᠠᠪᠢᠳᠠᠨ ᠪᠠᠢᠪᠠ᠃

25 ᠰᠡᠭᠦᠯ ᠳᠦᠨᠢ ᠪᠦᠬᠦ ᠬᠤᠸᠠᠷᠠᠨ ᠤ ᠠᠷᠤ ᠶᠢᠨ ᠬᠠᠮᠠᠭᠠᠯᠠᠯᠲᠠ ᠪᠣᠯᠬᠤ ᠳ᠋ᠠᠨ ᠤ ᠬᠤᠸᠠᠷᠠᠨ ᠤ ᠬᠢᠨ ᠥᠪᠡᠷ ᠦᠨ ᠢᠶᠠᠨ ᠲᠤᠭ ᠤᠨ ᠳᠣᠣᠷ᠎ᠠ ᠳᠠᠢᠴᠢᠳ ᠤᠨ ᠪᠠᠭ ᠤᠳ ᠢᠶᠠᠷ ᠢᠶᠠᠨ ᠬᠥᠳᠡᠯᠪᠡ᠃ ᠳ᠋ᠠᠨ ᠣᠪᠣᠭ ᠤᠨ ᠬᠣᠰᠢᠭᠤᠴᠢ ᠨᠢ ᠠᠮᠢᠱᠠᠳᠠᠢ ᠶᠢᠨ ᠬᠦᠦ ᠠᠾᠢᠶᠧᠽᠧᠷ᠂ 26 ᠠᠱᠧᠷ ᠣᠪᠣᠭ ᠤᠨ ᠳᠠᠢᠴᠢᠳ ᠤᠨ ᠬᠣᠰᠢᠭᠤᠴᠢ ᠨᠢ ᠣᠬᠷᠠᠨ ᠤ ᠬᠦᠦ ᠫᠠᠭᠢᠶᠧᠯ᠂ 27 ᠨᠠᠹᠲ᠋ᠠᠯᠢ ᠣᠪᠣᠭ ᠤᠨ ᠳᠠᠢᠴᠢᠳ ᠤᠨ ᠬᠣᠰᠢᠭᠤᠴᠢ ᠨᠢ ᠡᠨᠠᠨ ᠤ ᠬᠦᠦ ᠠᠾᠢᠷᠠ ᠪᠠᠢᠪᠠ᠃ 28 ᠢᠰᠷᠧᠯᠴᠦᠳ ᠦᠨ ᠳᠠᠢᠴᠢᠳ ᠤᠨ ᠪᠠᠭ ᠤᠳ ᠢᠶᠠᠷ ᠢᠶᠠᠨ ᠬᠥᠳᠡᠯᠬᠦ ᠦᠶ᠎ᠡ ᠳᠦ ᠵᠢᠭᠰᠠᠬᠤ ᠳᠠᠷᠠᠭᠠᠯᠠᠯ ᠨᠢ ᠡᠨᠡ ᠶᠤᠮ᠃

29 ᠮᠣᠰᠧ ᠥᠪᠡᠷ ᠦᠨ ᠢᠶᠠᠨ ᠬᠠᠳᠠᠮ ᠡᠴᠢᠭᠡ᠂ ᠮᠢᠳᠢᠶᠠᠨ ᠬᠥᠮᠦᠨ ᠷᠧᠣᠶᠧᠯ ᠤᠨ ᠬᠦᠦ ᠬᠣᠪᠠᠪ ᠲᠤ᠄ 《ᠶᠣᠬᠣᠸᠠ ᠶᠢᠨ ᠥᠭᠭᠥᠨ᠎ᠡ ᠭᠡᠵᠦ ᠠᠮᠠᠯᠠᠭᠰᠠᠨ ᠭᠠᠵᠠᠷ ᠤᠷᠤᠭᠤ ᠪᠢᠳᠡ ᠶᠠᠪᠤᠵᠤ ᠪᠠᠢᠨ᠎ᠠ᠃ ᠪᠢᠳᠡᠨ ᠲᠡᠢ ᠬᠠᠮᠲᠤ ᠶᠠᠪᠤᠭᠠᠴᠢ᠂ ᠪᠢᠳᠡ ᠲᠠᠨ ᠳᠤ ᠰᠠᠢᠨ ᠬᠠᠨᠳᠤᠬᠤ ᠪᠣᠯᠣᠨ᠎ᠠ᠃ ᠶᠣᠬᠣᠸᠠ ᠢᠰᠷᠧᠯ ᠤᠨ ᠲᠥᠯᠥᠭᠡ ᠰᠠᠢᠨ ᠰᠠᠢᠬᠠᠨ ᠢ ᠠᠮᠠᠯᠠᠭᠰᠠᠨ ᠶᠤᠮ》 ᠭᠡᠪᠡ᠃ 30 ᠬᠣᠪᠠᠪ ᠮᠣᠰᠧ ᠳᠤ᠄ 《ᠶᠠᠪᠤᠬᠤ ᠦᠭᠡᠢ᠃ ᠪᠢ ᠥᠪᠡᠷ ᠦᠨ ᠨᠤᠲᠤᠭ᠂ ᠲᠥᠷᠥᠯ ᠰᠠᠳᠤᠨ ᠤᠷᠤᠭᠤ ᠪᠠᠨ ᠶᠠᠪᠤᠬᠤ ᠶᠣᠰᠣᠲᠠᠢ》 ᠭᠡᠰᠡᠨ ᠳᠦ᠂ 31 ᠮᠣᠰᠧ ᠲᠡᠭᠦᠨ ᠡᠴᠡ ᠭᠤᠶᠤᠨ᠄ 《ᠪᠢᠳᠡᠨ ᠢ ᠪᠦᠦ ᠣᠷᠬᠢᠭᠠᠴᠢ᠃ ᠴᠥᠯ ᠳᠤ ᠪᠢᠳᠡᠨ ᠦ ᠬᠠᠮᠢᠭ᠎ᠠ ᠪᠠᠭᠤᠳᠠᠯᠯᠠᠬᠤ ᠶᠣᠰᠣᠲᠠᠢ ᠶᠢ ᠲᠠ ᠮᠡᠳᠡᠬᠦ ᠤᠴᠢᠷ ᠠᠴᠠ ᠲᠠ ᠪᠢᠳᠡᠨ ᠳᠦ ᠨᠢᠳᠦ ᠮᠡᠲᠦ ᠪᠠᠢᠬᠤ ᠪᠣᠯᠣᠨ᠎ᠠ᠃ 32 ᠬᠡᠷᠪᠡ ᠲᠠ ᠪᠢᠳᠡᠨ ᠲᠡᠢ ᠬᠠᠮᠲᠤ ᠶᠠᠪᠤᠪᠠᠯ ᠶᠣᠬᠣᠸᠠ ᠶᠢᠨ ᠪᠢᠳᠡᠨ ᠳᠦ ᠰᠣᠶᠣᠷᠬᠠᠬᠤ ᠠᠯᠢᠪᠠ ᠰᠠᠢᠨ ᠰᠠᠢᠬᠠᠨ ᠢ ᠪᠢᠳᠡ ᠲᠠᠨ ᠲᠠᠢ ᠬᠠᠮᠲᠤ ᠬᠤᠪᠢᠶᠠᠯᠴᠠᠶ᠎ᠠ》 ᠭᠡᠪᠡ᠃

33 ᠡᠢᠨ ᠬᠦ ᠲᠡᠳᠡ ᠶᠣᠬᠣᠸᠠ ᠶᠢᠨ ᠠᠭᠤᠯᠠ ᠠᠴᠠ ᠬᠥᠳᠡᠯᠦᠨ ᠭᠤᠷᠪᠠᠨ ᠬᠣᠨᠣᠭ ᠤᠨ ᠠᠶᠠᠨ ᠬᠥᠭᠡᠭᠡᠭᠰᠡᠨ ᠪᠥᠭᠡᠳ ᠶᠣᠬᠣᠸᠠ ᠶᠢᠨ ᠭᠡᠷ᠎ᠡ ᠶᠢᠨ ᠠᠪᠳᠠᠷ᠎ᠠ ᠲᠡᠳᠡᠨ ᠦ ᠠᠮᠠᠷᠠᠬᠤ ᠭᠠᠵᠠᠷ ᠢ ᠣᠯᠬᠤ ᠪᠠᠷ ᠭᠤᠷᠪᠠᠨ ᠡᠳᠦᠷ ᠦᠨ ᠲᠤᠷᠰᠢ ᠲᠡᠳᠡᠨ ᠦ ᠲᠦᠷᠦᠭᠦᠨ ᠳᠦ ᠶᠠᠪᠤᠪᠠ᠃ 34 ᠲᠡᠳᠡ ᠬᠤᠸᠠᠷᠠᠨ ᠠᠴᠠ ᠬᠥᠳᠡᠯᠬᠦ ᠳᠦ᠂ ᠡᠳᠦᠷ ᠢᠶᠡᠷ ᠶᠣᠬᠣᠸᠠ ᠶᠢᠨ ᠡᠭᠦᠯᠡ ᠲᠡᠳᠡᠨ ᠦ ᠳᠡᠭᠡᠷ᠎ᠡ ᠪᠠᠢᠪᠠ᠃
35 ᠠᠪᠳᠠᠷ᠎ᠠ ᠬᠥᠳᠡᠯᠬᠦ ᠦᠶ᠎ᠡ ᠳᠦ ᠮᠣᠰᠧ᠄ 《ᠶᠣᠬᠣᠸᠠ ᠡ᠂ ᠪᠣᠰᠣᠭᠠᠴᠢ︕ ᠲᠠᠨ ᠤ ᠳᠠᠢᠰᠤᠨ ᠨᠤᠭᠤᠳ ᠪᠤᠲᠠᠷᠠᠨ ᠲᠠᠷᠬᠠᠵᠤ ᠲᠠᠨ ᠢ ᠵᠠᠨᠤᠭᠴᠢᠳ ᠲᠠᠨ ᠤ ᠡᠮᠦᠨ᠎ᠡ ᠡᠴᠡ ᠵᠢᠭᠤᠲᠠᠬᠤ ᠪᠣᠯᠲᠤᠭᠠᠢ》 ᠬᠡᠮᠡᠵᠦ᠂
36 ᠠᠪᠳᠠᠷ᠎ᠠ ᠵᠣᠭᠰᠣᠬᠤ ᠳᠤ᠄ 《ᠶᠣᠬᠣᠸᠠ ᠡ᠂ ᠢᠰᠷᠧᠯ ᠤᠨ ᠦᠢ ᠲᠦᠮᠡᠨ ᠳᠡᠭᠡᠨ ᠪᠤᠴᠠᠵᠤ ᠢᠷᠡᠭᠡᠴᠢ》 ᠭᠡᠵᠦ ᠬᠡᠯᠡᠳᠡᠭ ᠪᠠᠢᠯ᠎ᠠ᠃