1 2 3 4 5 6 7 8 9 10 11 12 13 14 15 16 17 18 19 20 21 22 23 24 25 26 27 28 29 30 31 32 33 34 35 36


ᠲᠣᠭᠠᠯᠠᠯᠭ᠎ᠠ ᠶᠢᠰᠦ
 ᠭᠡᠲᠦᠯᠭᠡᠭᠰᠡᠨ ᠦ ᠪᠠᠶᠠᠷ

1 ᠲᠡᠳᠡᠨ ᠢ ᠶᠧᠵᠢᠫᠲ ᠡᠴᠡ ᠭᠠᠷᠤᠭᠰᠠᠨ ᠤ ᠳᠠᠷᠠᠭ᠎ᠠ ᠬᠣᠶᠠᠳᠠᠬᠢ ᠵᠢᠯ ᠤᠨ ᠡᠬᠢᠨ ᠤ ᠰᠠᠷ᠎ᠠ ᠳᠤ᠂ ᠰᠢᠨᠠᠢ ᠶᠢᠨ ᠴᠥᠯ ᠳᠤ ᠶᠣᠬᠣᠸᠠ ᠮᠣᠰᠧ ᠳᠤ ᠠᠢᠯᠠᠳᠤᠨ᠄ 2 《ᠢᠰᠷᠧᠯᠴᠦᠳ ᠢᠶᠡᠷ ᠭᠡᠲᠦᠯᠭᠡᠭᠰᠡᠨ ᠦ ᠪᠠᠶᠠᠷ ᠢ ᠲᠣᠭᠲᠠᠭᠰᠠᠨ ᠴᠠᠭ ᠲᠤᠨᠢ ᠲᠡᠮᠳᠡᠭᠯᠡᠭᠦᠯ᠃ 3 ᠲᠠ ᠨᠠᠷ ᠲᠡᠷᠡ ᠰᠠᠷ᠎ᠠ ᠶᠢᠨ ᠠᠷᠪᠠᠨ ᠳᠥᠷᠪᠡᠨ ᠦ ᠡᠳᠦᠷ ᠨᠠᠷᠠ ᠰᠢᠩᠭᠡᠬᠦ ᠡᠴᠡ ᠡᠮᠦᠨ᠎ᠡ 46 ᠡᠭᠦᠨ ᠢ ᠲᠣᠭᠲᠠᠭᠰᠠᠨ ᠴᠠᠭ ᠲᠤᠨᠢ ᠪᠦᠬᠦ ᠵᠢᠷᠤᠮ ᠪᠦᠬᠦ ᠲᠣᠭᠲᠠᠭᠠᠯ ᠤᠨ ᠶᠣᠰᠣᠭᠠᠷ ᠲᠡᠮᠳᠡᠭᠯᠡᠬᠦ ᠶᠣᠰᠣᠲᠠᠢ》 ᠭᠡᠯ᠎ᠡ᠃ 4 ᠮᠣᠰᠧ ᠢᠰᠷᠧᠯᠴᠦᠳ ᠲᠦ ᠭᠡᠲᠦᠯᠭᠡᠭᠰᠡᠨ ᠦ ᠪᠠᠶᠠᠷ ᠢ ᠲᠡᠮᠳᠡᠭᠯᠡᠬᠦ ᠶᠢ ᠵᠠᠬᠢᠭᠰᠠᠨ ᠳᠤ᠂ 5 ᠲᠡᠳᠡ ᠰᠢᠨᠠᠢ ᠶᠢᠨ ᠴᠥᠯ ᠳᠤ ᠪᠠᠢᠬᠤ ᠳᠠᠭᠠᠨ ᠡᠬᠢᠨ ᠤ ᠰᠠᠷ᠎ᠠ ᠶᠢᠨ ᠠᠷᠪᠠᠨ ᠳᠥᠷᠪᠡᠨ ᠦ ᠡᠳᠦᠷ ᠨᠠᠷᠠ ᠰᠢᠩᠭᠡᠬᠦ ᠡᠴᠡ ᠡᠮᠦᠨ᠎ᠡ ᠭᠡᠲᠦᠯᠭᠡᠭᠰᠡᠨ ᠦ ᠪᠠᠶᠠᠷ ᠢ ᠲᠡᠮᠳᠡᠭᠯᠡᠪᠡ᠃ ᠢᠰᠷᠧᠯᠴᠦᠳ ᠶᠣᠬᠣᠸᠠ ᠶᠢᠨ ᠮᠣᠰᠧ ᠳᠤ ᠲᠤᠰᠢᠶᠠᠭᠰᠠᠨ ᠪᠦᠬᠦᠨ ᠦ ᠶᠣᠰᠣᠭᠠᠷ ᠲᠡᠢᠨ ᠬᠦ ᠦᠢᠯᠡᠳᠴᠡᠢ᠃ 6 ᠭᠡᠲᠡᠯ᠎ᠡ ᠬᠡᠭᠦᠷ ᠲᠦ ᠬᠦᠷᠴᠦ ᠪᠤᠵᠠᠷᠲᠤᠭᠰᠠᠨ ᠤ ᠤᠯᠠᠮ ᠢᠶᠠᠷ ᠲᠡᠷᠡ ᠡᠳᠦᠷ ᠢᠶᠡᠨ ᠭᠡᠲᠦᠯᠭᠡᠭᠰᠡᠨ ᠦ ᠪᠠᠶᠠᠷ ᠢ ᠲᠡᠮᠳᠡᠭᠯᠡᠵᠦ ᠴᠢᠳᠠᠬᠤ ᠦᠭᠡᠢ ᠬᠡᠰᠡᠭ ᠬᠥᠮᠦᠰ ᠪᠠᠢᠪᠠ᠃ ᠲᠡᠳᠡ ᠲᠡᠷᠡ ᠡᠳᠦᠷ ᠮᠣᠰᠧ᠂ ᠠᠷᠣᠨ ᠨᠠᠷ ᠲᠤ ᠢᠷᠡᠭᠡᠳ 7 ᠮᠣᠰᠧ ᠳᠤ᠄ 《ᠪᠢᠳᠡ ᠦᠬᠦᠭᠰᠡᠨ ᠬᠥᠮᠦᠨ ᠡᠴᠡ ᠪᠣᠯᠵᠤ ᠪᠤᠵᠠᠷᠲᠤᠭᠰᠠᠨ ᠪᠣᠯᠪᠠᠴᠤ ᠡᠨᠡ ᠲᠣᠭᠲᠠᠭᠰᠠᠨ ᠴᠠᠭ ᠲᠤᠨᠢ ᠪᠤᠰᠤᠳ ᠢᠰᠷᠧᠯᠴᠦᠳ ᠲᠡᠢ ᠴᠤᠭ ᠶᠣᠬᠣᠸᠠ ᠳᠤ ᠡᠷᠭᠦᠯ ᠡᠷᠭᠦᠬᠦ ᠡᠴᠡ ᠬᠠᠰᠤᠭᠳᠠᠬᠤ ᠶᠣᠰᠣᠲᠠᠢ ᠭᠡᠵᠢ ᠤᠤ︖》 ᠭᠡᠬᠦ ᠳᠦ᠂ 8 ᠮᠣᠰᠧ ᠲᠡᠳᠡᠨ ᠳᠦ᠄ 《ᠪᠠᠢᠵᠤ ᠪᠠᠢ᠂ ᠪᠢ ᠲᠠ ᠨᠠᠷ ᠤᠨ ᠲᠠᠯ᠎ᠠ ᠪᠠᠷ ᠶᠣᠬᠣᠸᠠ ᠶᠢᠨ ᠶᠠᠭᠤ ᠲᠤᠰᠢᠶᠠᠬᠤ ᠶᠢ ᠰᠣᠨᠣᠰᠣᠶ᠎ᠠ》 ᠭᠡᠪᠡ᠃

9 ᠶᠣᠬᠣᠸᠠ ᠮᠣᠰᠧ ᠳᠤ ᠠᠢᠯᠠᠳᠤᠨ᠄ 10 《ᠢᠰᠷᠧᠯᠴᠦᠳ ᠲᠦ ᠵᠠᠬᠢ᠄ ᠬᠡᠭᠦᠷ ᠡᠴᠡ ᠪᠣᠯᠣᠭᠠᠳ ᠪᠤᠵᠠᠷᠲᠤᠭᠰᠠᠨ᠂ ᠡᠰᠡᠪᠡᠯ ᠬᠣᠯᠠ ᠶᠢᠨ ᠠᠶᠠᠨ ᠳᠤ ᠶᠠᠪᠤᠭᠰᠠᠨ ᠨᠥᠬᠥᠴᠡᠯ ᠳᠦ ᠴᠤ ᠲᠠ ᠨᠠᠷ᠂ ᠡᠰᠡᠪᠡᠯ ᠲᠠ ᠨᠠᠷ ᠤᠨ ᠦᠷ᠎ᠡ ᠤᠳᠤᠮ ᠭᠡᠲᠦᠯᠭᠡᠭᠰᠡᠨ ᠦ ᠪᠠᠶᠠᠷ ᠢ ᠶᠣᠬᠣᠸᠠ ᠶᠢᠨ ᠡᠮᠦᠨ᠎ᠡ ᠲᠡᠮᠳᠡᠭᠯᠡᠬᠦ ᠶᠣᠰᠣᠲᠠᠢ᠃ 11 ᠲᠡᠢᠮᠦᠷᠬᠦ ᠬᠥᠮᠦᠰ ᠡᠭᠦᠨ ᠢ ᠬᠣᠶᠠᠳᠤᠭᠠᠷ ᠰᠠᠷ᠎ᠠ ᠶᠢᠨ ᠠᠷᠪᠠᠨ ᠳᠥᠷᠪᠡᠨ ᠦ ᠡᠳᠦᠷ ᠦᠨ ᠨᠠᠷᠠ ᠰᠢᠩᠭᠡᠬᠦ ᠡᠴᠡ ᠡᠮᠦᠨ᠎ᠡ ᠲᠡᠮᠳᠡᠭᠯᠡᠵᠦ ᠪᠣᠯᠣᠨ᠎ᠠ᠂ ᠬᠤᠷᠠᠭ᠎ᠠ ᠶᠢ ᠢᠰᠭᠡᠭᠡ ᠦᠭᠡᠢ ᠪᠣᠣᠪᠣ᠂ ᠭᠠᠰᠢᠭᠤᠨ ᠨᠣᠭᠣᠭ᠎ᠠ ᠲᠠᠢ ᠬᠠᠮᠲᠤ ᠢᠳᠡᠬᠦ ᠪᠥᠭᠡᠳ 12 ᠥᠷᠯᠥᠭᠡ ᠪᠣᠯᠲᠠᠯ᠎ᠠ ᠡᠭᠦᠨ ᠡᠴᠡ ᠶᠠᠭᠤ ᠶᠢ ᠴᠤ ᠦᠯᠡᠳᠡᠭᠡᠯ ᠦᠭᠡᠢ᠂ ᠶᠠᠰᠤ ᠶᠢ ᠨᠢ ᠬᠤᠭᠤᠯᠤᠯ ᠦᠭᠡᠢ ᠪᠠᠷ ᠭᠡᠲᠦᠯᠭᠡᠭᠰᠡᠨ ᠦ ᠪᠠᠶᠠᠷ ᠤᠨ ᠪᠦᠬᠦ ᠵᠢᠷᠤᠮ ᠤᠨ ᠳᠠᠭᠠᠤ ᠲᠡᠮᠳᠡᠭᠯᠡᠬᠦ ᠶᠣᠰᠣᠲᠠᠢ᠃ 13 ᠬᠠᠷᠢᠨ ᠴᠡᠪᠡᠷ ᠪᠥᠭᠡᠳ ᠬᠣᠯᠠ ᠶᠢᠨ ᠠᠶᠠᠨ ᠳᠤ ᠴᠤ ᠶᠠᠪᠤᠭ᠎ᠠ ᠦᠭᠡᠢ ᠠᠲᠠᠯ᠎ᠠ ᠪᠠᠨ ᠭᠡᠲᠦᠯᠭᠡᠭᠰᠡᠨ ᠦ ᠪᠠᠶᠠᠷ ᠢ ᠲᠡᠮᠳᠡᠭᠯᠡᠬᠦ ᠪᠡᠨ ᠪᠣᠯᠢᠬᠤ ᠬᠥᠮᠦᠨ ᠠᠷᠠᠳ ᠣᠯᠠᠨ ᠠᠴᠠ ᠪᠠᠨ ᠲᠠᠰᠤᠯᠤᠭᠳᠠᠬᠤ ᠪᠣᠯᠣᠨ᠎ᠠ᠃ ᠲᠡᠷᠡ ᠬᠥᠮᠦᠨ ᠲᠣᠭᠲᠠᠭᠰᠠᠨ ᠴᠠᠭ ᠲᠤᠨᠢ ᠶᠣᠬᠣᠸᠠ ᠳᠤ ᠡᠷᠭᠦᠯ ᠡᠷᠭᠦᠭᠡ ᠦᠭᠡᠢ ᠲᠤᠯᠠ ᠨᠢᠭᠦᠯ ᠢᠶᠡᠨ ᠡᠭᠦᠷᠬᠦ ᠪᠣᠯᠣᠨ᠎ᠠ᠃ 14 ᠬᠡᠷᠪᠡ ᠲᠠ ᠨᠠᠷ ᠤᠨ ᠳᠤᠮᠳᠠ ᠰᠠᠭᠤᠳᠠᠭ ᠬᠠᠷᠢ ᠶᠢᠨ ᠬᠥᠮᠦᠨ ᠶᠣᠬᠣᠸᠠ ᠶᠢᠨ ᠲᠥᠯᠥᠭᠡ ᠭᠡᠲᠦᠯᠭᠡᠭᠰᠡᠨ ᠦ ᠪᠠᠶᠠᠷ ᠢ ᠲᠡᠮᠳᠡᠭᠯᠡᠬᠦ ᠭᠡᠪᠡᠯ᠂ ᠲᠡᠷᠡ ᠴᠤ ᠮᠥᠨ ᠭᠡᠲᠦᠯᠭᠡᠭᠰᠡᠨ ᠦ ᠪᠠᠶᠠᠷ ᠤᠨ ᠵᠢᠷᠤᠮ᠂ ᠲᠣᠭᠲᠠᠭᠠᠯ ᠢ ᠳᠠᠭᠠᠬᠤ ᠶᠣᠰᠣᠲᠠᠢ᠃ ᠬᠠᠷᠢ ᠶᠢᠨ ᠬᠥᠮᠦᠨ ᠳᠦ ᠴᠤ᠂ ᠨᠤᠲᠤᠭ ᠤᠨ ᠤᠤᠭᠠᠯ ᠬᠥᠮᠦᠨ ᠳᠦ ᠴᠤ ᠲᠠ ᠨᠠᠷ ᠨᠢᠭᠡ ᠯᠠ ᠵᠢᠷᠤᠮ ᠢᠶᠠᠷ ᠬᠠᠨᠳᠤᠬᠤ ᠶᠣᠰᠣᠲᠠᠢ》 ᠭᠡᠯ᠎ᠡ᠃
 ᠠᠷᠢᠭᠤᠨ ᠴᠠᠴᠠᠷ ᠤᠨ ᠳᠡᠭᠡᠭᠦᠷᠬᠢ ᠡᠭᠦᠯᠡ

15 ᠣᠷᠣᠰᠢᠬᠤᠢ ᠶᠢᠨ ᠴᠠᠴᠠᠷ ᠢ ᠪᠣᠰᠬᠠᠭᠰᠠᠨ ᠡᠳᠦᠷ ᠴᠠᠴᠠᠷ᠂ ᠥᠭᠡᠷ᠎ᠡ ᠪᠡᠷ ᠬᠡᠯᠡᠪᠡᠯ ᠭᠡᠷᠡᠴᠢᠯᠡᠯ ᠦᠨ ᠮᠠᠢᠬᠠᠨ ᠢ ᠡᠭᠦᠯᠡ ᠪᠦᠷᠬᠦᠪᠡ᠂ ᠦᠳᠡᠰᠢ ᠲᠡᠷᠡ ᠨᠢ ᠭᠠᠯ ᠮᠡᠲᠦ ᠲᠥᠷᠬᠥ ᠲᠠᠢ ᠪᠣᠯᠵᠤ ᠥᠷᠯᠥᠭᠡ ᠪᠣᠯᠲᠠᠯ᠎ᠠ ᠴᠠᠴᠠᠷ ᠤᠨ ᠳᠡᠭᠡᠷ᠎ᠡ ᠬᠡᠪ ᠢᠶᠡᠷ ᠢᠶᠠᠨ ᠪᠠᠢᠵᠠᠢ᠃ 16 ᠦᠷᠭᠦᠯᠵᠢ ᠲᠡᠢᠮᠦ ᠪᠠᠢᠭᠰᠠᠭᠠᠷ᠂ ᠴᠠᠴᠠᠷ ᠢ ᠡᠳᠦᠷ ᠨᠢ ᠡᠭᠦᠯᠡ᠂ ᠰᠥᠨᠢ ᠨᠢ ᠭᠠᠯ ᠤᠨ ᠲᠥᠷᠬᠥ ᠪᠦᠷᠬᠦᠵᠦ ᠪᠠᠢᠯ᠎ᠠ᠃ 17 ᠡᠭᠦᠯᠡ ᠴᠠᠴᠠᠷ ᠤᠨ ᠳᠡᠭᠡᠷ᠎ᠡ ᠡᠴᠡ ᠡᠷᠭᠦᠭᠳᠡᠪᠡᠯ᠂ ᠡᠭᠦᠨ ᠦ ᠳᠠᠷᠠᠭ᠎ᠠ ᠢᠰᠷᠧᠯᠴᠦᠳ ᠬᠥᠳᠡᠯᠵᠦ᠂ ᠡᠭᠦᠯᠡ ᠠᠯᠢ ᠨᠢᠭᠡ ᠭᠠᠵᠠᠷ ᠳᠡᠭᠡᠷ᠎ᠡ ᠲᠣᠭᠲᠠᠪᠠᠯ ᠢᠰᠷᠧᠯᠴᠦᠳ ᠶᠠᠭ ᠲᠡᠨᠳᠡ ᠪᠠᠭᠤᠳᠠᠯᠯᠠᠳᠠᠭ ᠪᠠᠢᠪᠠ᠃ 18 ᠢᠰᠷᠧᠯᠴᠦᠳ ᠲᠡᠢᠨ ᠬᠦ ᠶᠣᠬᠣᠸᠠ ᠶᠢᠨ ᠵᠠᠬᠢᠭᠰᠠᠨ ᠶᠣᠰᠣᠭᠠᠷ ᠬᠥᠳᠡᠯᠵᠦ᠂ ᠶᠣᠬᠣᠸᠠ ᠶᠢᠨ ᠵᠠᠬᠢᠭᠰᠠᠨ ᠶᠣᠰᠣᠭᠠᠷ ᠪᠠᠭᠤᠳᠠᠯᠯᠠᠵᠤ᠂ ᠡᠭᠦᠯᠡ ᠴᠠᠴᠠᠷ ᠤᠨ ᠳᠡᠭᠡᠷ᠎ᠡ ᠲᠣᠭᠲᠠᠵᠤ ᠪᠠᠢᠬᠤ ᠦᠶᠡᠰ ᠲᠦ ᠪᠠᠭᠤᠳᠠᠯᠯᠠᠭᠰᠠᠨ ᠬᠡᠪ ᠢᠶᠡᠷ ᠢᠶᠠᠨ ᠪᠠᠢᠳᠠᠭ᠃ 19 ᠡᠭᠦᠯᠡ ᠴᠠᠴᠠᠷ ᠤᠨ ᠳᠡᠭᠡᠷ᠎ᠡ ᠣᠯᠠᠨ ᠬᠣᠨᠣᠭ ᠲᠣᠭᠲᠠᠪᠠᠯ ᠢᠰᠷᠧᠯᠴᠦᠳ ᠶᠣᠬᠣᠸᠠ ᠶᠢᠨ ᠵᠠᠷᠯᠢᠭ ᠢ ᠰᠠᠬᠢᠨ᠂ ᠬᠥᠳᠡᠯᠳᠡᠭ ᠦᠭᠡᠢ ᠪᠥᠭᠡᠳ 20 ᠬᠠᠶᠠ ᠡᠭᠦᠯᠡ ᠴᠠᠴᠠᠷ ᠤᠨ ᠳᠡᠭᠡᠷ᠎ᠡ ᠬᠡᠳᠦᠬᠡᠨ ᠬᠣᠨᠣᠭ ᠪᠠᠢᠬᠤ ᠦᠶ᠎ᠡ ᠳᠦ ᠴᠤ᠂ ᠶᠣᠬᠣᠸᠠ ᠶᠢᠨ ᠵᠠᠬᠢᠭᠰᠠᠨ ᠶᠣᠰᠣᠭᠠᠷ ᠪᠠᠭᠤᠳᠠᠯᠯᠠᠵᠤ᠂ ᠶᠣᠬᠣᠸᠠ ᠶᠢᠨ ᠵᠠᠬᠢᠭᠰᠠᠨ ᠶᠣᠰᠣᠭᠠᠷ ᠬᠥᠳᠡᠯᠳᠡᠭ ᠠᠵᠢ᠃ 21 ᠬᠠᠶᠠ ᠡᠭᠦᠯᠡ ᠵᠥᠪᠬᠡᠨ ᠦᠳᠡᠰᠢ ᠡᠴᠡ ᠥᠷᠯᠥᠭᠡ ᠪᠣᠯᠲᠠᠯ᠎ᠠ ᠲᠣᠭᠲᠠᠳᠠᠭ᠃ ᠭᠡᠪᠡᠴᠦ ᠥᠷᠯᠥᠭᠡ ᠨᠢ ᠡᠭᠦᠯᠡ ᠡᠷᠭᠦᠭᠳᠡᠪᠡᠯ ᠲᠡᠳᠡ ᠬᠥᠳᠡᠯᠳᠡᠭ ᠪᠠᠢᠪᠠ᠂ ᠡᠳᠦᠷ ᠰᠥᠨᠢ ᠶᠢᠨ ᠬᠡᠵᠢᠶ᠎ᠡ ᠴᠤ ᠡᠭᠦᠯᠡ ᠡᠷᠭᠦᠭᠳᠡᠬᠦ ᠪᠣᠯᠭᠠᠨ ᠳᠤ ᠲᠡᠳᠡ ᠬᠥᠳᠡᠯᠳᠡᠭ ᠠᠵᠢ᠃ 22 ᠬᠣᠶᠠᠷ ᠡᠳᠦᠷ ᠢᠶᠡᠷ᠂ ᠡᠰᠡᠪᠡᠯ ᠰᠠᠷ᠎ᠠ ᠪᠠᠷ᠂ ᠡᠰᠡᠪᠡᠯ ᠵᠢᠯ ᠢᠶᠠᠷ ᠴᠤ ᠡᠭᠦᠯᠡ ᠴᠠᠴᠠᠷ ᠤᠨ ᠳᠡᠭᠡᠷ᠎ᠡ ᠲᠣᠭᠲᠠᠭᠠᠳ ᠪᠠᠢᠪᠠᠯ᠂ ᠢᠰᠷᠧᠯᠴᠦᠳ ᠪᠠᠭᠤᠳᠠᠯᠯᠠᠭᠰᠠᠨ ᠬᠡᠪ ᠢᠶᠡᠷ ᠢᠶᠠᠨ ᠬᠥᠳᠡᠯᠳᠡᠭ ᠦᠭᠡᠢ ᠪᠠᠢᠭᠰᠠᠨ ᠢᠶᠠᠨ ᠡᠭᠦᠯᠡ ᠡᠷᠭᠦᠭᠳᠡᠪᠡᠯ ᠬᠥᠳᠡᠯᠳᠡᠭ ᠠᠵᠢ᠃ 23 ᠡᠢᠨ ᠬᠦ ᠲᠡᠳᠡ ᠶᠣᠬᠣᠸᠠ ᠶᠢᠨ ᠵᠠᠬᠢᠭᠰᠠᠨ ᠶᠣᠰᠣᠭᠠᠷ ᠪᠠᠭᠤᠳᠠᠯᠯᠠᠵᠤ᠂ ᠶᠣᠬᠣᠸᠠ ᠶᠢᠨ ᠵᠠᠬᠢᠭᠰᠠᠨ ᠶᠣᠰᠣᠭᠠᠷ ᠬᠥᠳᠡᠯᠳᠡᠭ ᠪᠥᠭᠡᠳ ᠮᠣᠰᠧ ᠪᠠᠷ ᠳᠠᠮᠵᠢᠭᠤᠯᠤᠨ ᠶᠣᠬᠣᠸᠠ ᠶᠢᠨ ᠵᠠᠬᠢᠭᠰᠠᠨ ᠶᠣᠰᠣᠭᠠᠷ ᠶᠣᠬᠣᠸᠠ ᠶᠢᠨ ᠲᠤᠰᠢᠶᠠᠯ ᠢ ᠰᠠᠬᠢᠪᠠ᠃