1 2 3 4 5 6 7 8 9 10 11 12 13 14 15 16 17 18 19 20 21 22 23 24 25 26 27 28 29 30 31 32 33 34 35 36


ᠲᠣᠭᠠᠯᠠᠯᠭ᠎ᠠ ᠳᠣᠯᠣᠭ᠎ᠠ
 ᠠᠷᠢᠭᠤᠨ ᠴᠠᠴᠠᠷ ᠤᠨ ᠵᠣᠷᠢᠭᠤᠯᠤᠯᠲᠠ ᠶᠢᠨ ᠡᠷᠭᠦᠯ

1 ᠮᠣᠰᠧ ᠴᠠᠴᠠᠷ ᠢ ᠪᠣᠰᠬᠠᠵᠤ ᠳᠠᠭᠤᠰᠤᠭᠠᠳ ᠲᠡᠭᠦᠨ ᠢ ᠠᠯᠢᠪᠠ ᠬᠡᠷᠡᠭᠰᠡᠯ ᠲᠡᠢ ᠨᠢ ᠬᠠᠮᠲᠤ ᠲᠣᠰᠣᠯᠠᠨ ᠠᠷᠢᠭᠤᠰᠬᠠᠵᠤ᠂ ᠲᠠᠬᠢᠯ ᠤᠨ ᠰᠢᠷᠡᠭᠡ ᠪᠣᠯᠣᠨ ᠠᠯᠢᠪᠠ ᠬᠡᠷᠡᠭᠰᠡᠯ ᠢ ᠨᠢ ᠴᠤ ᠲᠣᠰᠣᠯᠠᠨ ᠠᠷᠢᠭᠤᠰᠬᠠᠭᠰᠠᠨ ᠲᠡᠷᠡ ᠦᠶ᠎ᠡ ᠪᠡᠷ 2 ᠢᠰᠷᠧᠯ ᠤᠨ ᠤᠳᠤᠷᠢᠳᠤᠭᠴᠢᠳ ᠡᠷᠭᠦᠯ ᠡᠷᠭᠦᠪᠡ᠃ ᠲᠡᠳᠡ ᠪᠣᠯ ᠭᠡᠷ ᠪᠦᠯᠢ ᠶᠢᠨ ᠲᠡᠷᠢᠭᠦᠨ ᠨᠦᠭᠦᠳ᠂ ᠣᠪᠣᠭ ᠤᠨ ᠤᠳᠤᠷᠢᠳᠤᠭᠴᠢᠳ ᠪᠥᠭᠡᠳ ᠬᠥᠮᠦᠨ ᠠᠮᠠ ᠶᠢᠨ ᠲᠣᠭᠠᠯᠠᠯᠭ᠎ᠠ ᠶᠢ ᠬᠠᠷᠢᠭᠤᠴᠠᠭᠰᠠᠨ ᠬᠥᠮᠦᠰ ᠠᠵᠢ᠃ 3 ᠲᠡᠳᠡ ᠵᠢᠷᠭᠤᠭᠠᠨ ᠬᠥᠰᠬᠡ ᠲᠡᠷᠭᠡ ᠪᠠ ᠠᠷᠪᠠᠨ ᠬᠣᠶᠠᠷ ᠦᠬᠡᠷ ᠢ ᠡᠷᠭᠦᠯ ᠪᠣᠯᠭᠠᠨ ᠶᠣᠬᠣᠸᠠ ᠶᠢᠨ ᠡᠮᠦᠨ᠎ᠡ ᠠᠪᠴᠢᠷᠠᠪᠠ᠃ ᠬᠣᠶᠠᠷ ᠤᠳᠤᠷᠢᠳᠤᠭᠴᠢ ᠳᠤᠮᠳᠠ ᠪᠠᠨ ᠨᠢᠭᠡ ᠬᠥᠰᠬᠡ ᠲᠡᠷᠭᠡ᠂ ᠤᠳᠤᠷᠢᠳᠤᠭᠴᠢ ᠪᠦᠷᠢ ᠨᠢᠭᠡ ᠦᠬᠡᠷ ᠢ ᠴᠠᠴᠠᠷ ᠤᠨ ᠡᠮᠦᠨ᠎ᠡ ᠠᠪᠴᠢᠷᠠᠵᠠᠢ᠃ 4 ᠶᠣᠬᠣᠸᠠ ᠮᠣᠰᠧ ᠳᠤ ᠠᠢᠯᠠᠳᠤᠨ᠄ 5 《ᠴᠢ ᠲᠡᠳᠡᠭᠡᠷ ᠢ ᠬᠦᠯᠢᠶᠡᠨ ᠠᠪᠤᠭᠠᠳ ᠠᠭᠤᠯᠵᠠᠯᠲᠠ ᠶᠢᠨ ᠴᠠᠴᠠᠷ ᠤᠨ ᠠᠵᠢᠯ ᠢ ᠬᠢᠬᠦ ᠯᠧᠸᠢᠴᠦᠳ ᠲᠦ ᠬᠥᠮᠦᠨ ᠪᠦᠷᠢ ᠶᠢᠨ ᠦᠢᠯᠡᠴᠢᠯᠡᠯ ᠦᠨ ᠬᠢᠨᠢ ᠬᠡᠷᠡᠭᠴᠡᠭᠡᠨ ᠦ ᠶᠣᠰᠣᠭᠠᠷ ᠥᠭ》 ᠭᠡᠯ᠎ᠡ᠃ 6 ᠮᠣᠰᠧ ᠲᠡᠷᠭᠡ ᠨᠦᠭᠦᠳ ᠪᠣᠯᠣᠨ ᠦᠬᠡᠷ ᠤᠳ ᠢ ᠠᠪᠴᠤ᠂ ᠯᠧᠸᠢᠴᠦᠳ ᠲᠦ ᠥᠭᠬᠦ ᠳᠡᠭᠡᠨ 7 ᠭᠧᠷᠱᠣᠨᠴᠤᠳ ᠲᠤ ᠠᠵᠢᠯ ᠤᠨ ᠬᠢᠨᠢ ᠬᠡᠷᠡᠭᠴᠡᠭᠡᠨ ᠦ ᠳᠠᠭᠠᠤ ᠬᠣᠶᠠᠷ ᠲᠡᠷᠭᠡ᠂ ᠳᠥᠷᠪᠡᠨ ᠦᠬᠡᠷ᠂ 8 ᠮᠧᠷᠠᠷᠢᠴᠤᠳ ᠲᠤ ᠲᠠᠬᠢᠯᠴᠢ ᠠᠷᠣᠨ ᠤ ᠬᠦᠦ ᠢᠲ᠋ᠠᠮᠠᠷ ᠤᠨ ᠭᠠᠷ ᠳᠣᠣᠷ᠎ᠠ ᠬᠢᠬᠦ ᠠᠵᠢᠯ ᠤᠨ ᠬᠢᠨᠢ ᠬᠡᠷᠡᠭᠴᠡᠭᠡᠨ ᠦ ᠳᠠᠭᠠᠤ ᠳᠥᠷᠪᠡᠨ ᠲᠡᠷᠭᠡ᠂ ᠨᠠᠢ᠌ᠮᠠᠨ ᠦᠬᠡᠷ ᠥᠭᠴᠡᠢ᠃ 9 ᠬᠠᠷᠢᠨ ᠺᠣᠬᠠᠲ᠋ᠴᠤᠳ ᠠᠷᠢᠭᠤᠨ ᠵᠦᠢᠯᠡᠰ ᠢ ᠮᠥᠷᠥᠨ ᠳᠡᠭᠡᠷ᠎ᠡ ᠪᠡᠨ ᠠᠪᠴᠤ ᠶᠠᠪᠤᠬᠤ ᠠᠵᠢᠯ ᠲᠠᠢ ᠤᠴᠢᠷ ᠠᠴᠠ ᠲᠡᠳᠡᠨ ᠳᠦ ᠶᠠᠭᠤ ᠴᠤ ᠥᠭᠭᠥᠭᠰᠡᠨ ᠦᠭᠡᠢ᠃

10 ᠲᠠᠬᠢᠯ ᠤᠨ ᠰᠢᠷᠡᠭᠡ ᠶᠢ ᠲᠣᠰᠣᠯᠠᠭᠰᠠᠨ ᠦᠶ᠎ᠡ ᠪᠡᠷ ᠤᠳᠤᠷᠢᠳᠤᠭᠴᠢᠳ ᠵᠣᠷᠢᠭᠤᠯᠤᠯᠲᠠ ᠶᠢᠨ ᠡᠷᠭᠦᠯ ᠤᠳ ᠢ ᠠᠪᠴᠢᠷᠠᠵᠤ᠂ ᠲᠠᠬᠢᠯ ᠤᠨ ᠰᠢᠷᠡᠭᠡᠨ ᠦ ᠡᠮᠦᠨ᠎ᠡ ᠡᠷᠭᠦᠭᠰᠡᠨ ᠪᠠᠢᠨ᠎ᠠ᠃ 11 ᠶᠣᠬᠣᠸᠠ ᠮᠣᠰᠧ ᠳᠤ ᠠᠢᠯᠠᠳᠤᠨ᠄ 《ᠲᠠᠬᠢᠯ ᠤᠨ ᠰᠢᠷᠡᠭᠡᠨ ᠦ ᠵᠣᠷᠢᠭᠤᠯᠤᠯᠲᠠ ᠶᠢᠨ ᠶᠣᠰᠣᠯᠠᠯ ᠤᠨ ᠲᠥᠯᠥᠭᠡ ᠡᠳᠦᠷ ᠪᠦᠷᠢ ᠨᠢᠭᠡ ᠤᠳᠤᠷᠢᠳᠤᠭᠴᠢ ᠪᠠᠷ ᠥᠪᠡᠷ ᠦᠨ ᠬᠢᠨᠢ ᠡᠷᠭᠦᠯ ᠢ ᠠᠪᠴᠢᠷᠠᠭᠤᠯ》 ᠭᠡᠪᠡ᠃

12 ᠠᠩ᠋ᠬᠠᠨ ᠤ ᠡᠳᠦᠷ ᠡᠷᠭᠦᠯ ᠢᠶᠡᠨ ᠠᠪᠴᠢᠷᠠᠭᠰᠠᠨ ᠬᠥᠮᠦᠨ ᠨᠢ ᠶᠦᠳᠠ ᠣᠪᠣᠭ ᠤᠨ ᠠᠮᠢᠨᠠᠳᠠᠪ ᠤᠨ ᠬᠦᠦ ᠨᠠᠾᠱᠣᠨ ᠪᠠᠢᠪᠠ᠃ 13 ᠡᠷᠭᠦᠯ ᠨᠢ ᠠᠷᠢᠭᠤᠨ ᠭᠠᠵᠠᠷ ᠤᠨ ᠪᠠᠷᠢᠮᠵᠢᠶ᠎ᠠ ᠪᠠᠷ ᠵᠠᠭᠤ ᠭᠤᠴᠢᠨ ᠱᠧᠺᠧᠯ 5  ᠤᠨ ᠵᠢᠩ ᠲᠠᠢ ᠨᠢᠭᠡ ᠮᠥᠩᠭᠥᠨ ᠲᠠᠪᠠᠭ᠂ ᠳᠠᠯᠠᠨ ᠱᠧᠺᠧᠯ 6  ᠤᠨ ᠨᠢᠭᠡ ᠮᠥᠩᠭᠥᠨ ᠰᠠᠪᠠ (ᠠᠯᠢ ᠠᠯᠢ ᠨᠢ ᠢᠳᠡᠭᠡᠨ ᠲᠠᠬᠢᠯ ᠪᠣᠯᠬᠤ ᠲᠣᠰᠣᠨ ᠳᠤ ᠪᠠᠭᠰᠤᠷᠠᠭᠰᠠᠨ ᠰᠠᠢᠨ ᠭᠤᠯᠢᠷ ᠢᠶᠠᠷ ᠳᠦᠭᠦᠷᠡᠩ ᠪᠠᠢᠪᠠ)᠂ 14 ᠮᠥᠨ ᠤᠲᠤᠯᠭ᠎ᠠ ᠪᠠᠷ ᠳᠦᠭᠦᠷᠡᠩ ᠠᠷᠪᠠᠨ ᠱᠧᠺᠧᠯ 7  ᠤᠨ ᠨᠢᠭᠡ ᠠᠯᠲᠠᠨ ᠪᠣᠢᠫᠣᠷ᠂ 15 ᠰᠢᠲᠠᠭᠠᠯᠭᠠᠲᠤ ᠲᠠᠬᠢᠯ ᠳᠤ ᠨᠢᠭᠡ ᠵᠠᠯᠠᠭᠤ ᠪᠤᠬ᠎ᠠ᠂ ᠨᠢᠭᠡ ᠬᠤᠴᠠ᠂ ᠨᠢᠭᠡ ᠡᠷ᠎ᠡ ᠬᠤᠷᠠᠭ᠎ᠠ᠂ 16 ᠨᠢᠭᠦᠯ ᠦᠨ ᠲᠠᠬᠢᠯ ᠳᠤ ᠨᠢᠭᠡ ᠤᠬᠤᠨ᠎ᠠ᠂ 17 ᠡᠪ ᠦᠨ ᠲᠠᠬᠢᠯ ᠳᠤ ᠬᠣᠶᠠᠷ ᠦᠬᠡᠷ᠂ ᠲᠠᠪᠤᠨ ᠬᠤᠴᠠ᠂ ᠲᠠᠪᠤᠨ ᠤᠬᠤᠨ᠎ᠠ᠂ ᠲᠠᠪᠤᠨ ᠡᠷ᠎ᠡ ᠬᠤᠷᠠᠭ᠎ᠠ ᠪᠠᠢᠯ᠎ᠠ᠃ ᠡᠨᠡ ᠪᠣᠯ ᠠᠮᠢᠨᠠᠳᠠᠪ ᠤᠨ ᠬᠦᠦ ᠨᠠᠾᠱᠣᠨ ᠤ ᠡᠷᠭᠦᠯ ᠶᠤᠮ᠃

18 ᠬᠣᠶᠠᠳᠠᠬᠢ ᠡᠳᠦᠷ ᠨᠢ ᠢᠰᠠᠺᠠᠷ ᠤᠨ ᠤᠳᠤᠷᠢᠳᠤᠭᠴᠢ᠂ ᠽᠦᠶᠠᠷ ᠤᠨ ᠬᠦᠦ ᠨᠧᠲ᠋ᠠᠨᠧᠯ ᠡᠷᠭᠦᠯ ᠡᠷᠭᠦᠪᠡ᠃ 19 ᠲᠡᠭᠦᠨ ᠦ ᠡᠷᠭᠦᠯ ᠴᠤ ᠠᠷᠢᠭᠤᠨ ᠭᠠᠵᠠᠷ ᠤᠨ ᠪᠠᠷᠢᠮᠵᠢᠶ᠎ᠠ ᠪᠠᠷ ᠵᠠᠭᠤ ᠭᠤᠴᠢᠨ ᠱᠧᠺᠧᠯ 8  ᠤᠨ ᠵᠢᠩ ᠲᠠᠢ ᠨᠢᠭᠡ ᠮᠥᠩᠭᠥᠨ ᠲᠠᠪᠠᠭ᠂ ᠳᠠᠯᠠᠨ ᠱᠧᠺᠧᠯ 9  ᠤᠨ ᠨᠢᠭᠡ ᠮᠥᠩᠭᠥᠨ ᠰᠠᠪᠠ (ᠠᠯᠢ ᠠᠯᠢ ᠨᠢ ᠢᠳᠡᠭᠡᠨ ᠲᠠᠬᠢᠯ ᠪᠣᠯᠬᠤ ᠲᠣᠰᠣᠨ ᠳᠤ ᠪᠠᠭᠰᠤᠷᠠᠭᠰᠠᠨ ᠰᠠᠢᠨ ᠭᠤᠯᠢᠷ ᠢᠶᠠᠷ ᠳᠦᠭᠦᠷᠡᠩ ᠪᠠᠢᠪᠠ)᠂ 20 ᠮᠥᠨ ᠤᠲᠤᠯᠭ᠎ᠠ ᠪᠠᠷ ᠳᠦᠭᠦᠷᠡᠩ ᠠᠷᠪᠠᠨ ᠱᠧᠺᠧᠯ 10  ᠤᠨ ᠨᠢᠭᠡ ᠠᠯᠲᠠᠨ ᠪᠣᠢᠫᠣᠷ᠂ 21 ᠰᠢᠲᠠᠭᠠᠯᠭᠠᠲᠤ ᠲᠠᠬᠢᠯ ᠳᠤ ᠨᠢᠭᠡ ᠵᠠᠯᠠᠭᠤ ᠪᠤᠬ᠎ᠠ᠂ ᠨᠢᠭᠡ ᠬᠤᠴᠠ᠂ ᠨᠢᠭᠡ ᠡᠷ᠎ᠡ ᠬᠤᠷᠠᠭ᠎ᠠ᠂ 22 ᠨᠢᠭᠦᠯ ᠦᠨ ᠲᠠᠬᠢᠯ ᠳᠤ ᠨᠢᠭᠡ ᠤᠬᠤᠨ᠎ᠠ᠂ 23 ᠡᠪ ᠦᠨ ᠲᠠᠬᠢᠯ ᠳᠤ ᠬᠣᠶᠠᠷ ᠦᠬᠡᠷ᠂ ᠲᠠᠪᠤᠨ ᠬᠤᠴᠠ᠂ ᠲᠠᠪᠤᠨ ᠤᠬᠤᠨ᠎ᠠ᠂ ᠲᠠᠪᠤᠨ ᠡᠷ᠎ᠡ ᠬᠤᠷᠠᠭ᠎ᠠ ᠪᠠᠢᠯ᠎ᠠ᠃ ᠡᠨᠡ ᠪᠣᠯ ᠽᠦᠶᠠᠷ ᠤᠨ ᠬᠦᠦ ᠨᠧᠲ᠋ᠠᠨᠧᠯ ᠤᠨ ᠡᠷᠭᠦᠯ ᠪᠠᠢᠪᠠ᠃

24 ᠭᠤᠷᠪᠠᠳᠠᠬᠢ ᠡᠳᠦᠷ ᠨᠢ ᠽᠧᠪᠦ᠋ᠯᠣᠨᠴᠤᠳ ᠤᠨ ᠤᠳᠤᠷᠢᠳᠤᠭᠴᠢ᠂ ᠾᠧᠯᠣᠨ ᠤ ᠬᠦᠦ ᠡᠯᠢᠶᠠᠪ ᠡᠷᠭᠦᠯ ᠡᠷᠭᠦᠪᠡ᠃ 25 ᠲᠡᠭᠦᠨ ᠦ ᠡᠷᠭᠦᠯ ᠴᠤ ᠠᠷᠢᠭᠤᠨ ᠭᠠᠵᠠᠷ ᠤᠨ ᠪᠠᠷᠢᠮᠵᠢᠶ᠎ᠠ ᠪᠠᠷ ᠵᠠᠭᠤ ᠭᠤᠴᠢᠨ ᠱᠧᠺᠧᠯ 11  ᠤᠨ ᠵᠢᠩ ᠲᠠᠢ ᠨᠢᠭᠡ ᠮᠥᠩᠭᠥᠨ ᠲᠠᠪᠠᠭ᠂ ᠳᠠᠯᠠᠨ ᠱᠧᠺᠧᠯ 12  ᠤᠨ ᠨᠢᠭᠡ ᠮᠥᠩᠭᠥᠨ ᠰᠠᠪᠠ (ᠠᠯᠢ ᠠᠯᠢ ᠨᠢ ᠢᠳᠡᠭᠡᠨ ᠲᠠᠬᠢᠯ ᠪᠣᠯᠬᠤ ᠲᠣᠰᠣᠨ ᠳᠤ ᠪᠠᠭᠰᠤᠷᠠᠭᠰᠠᠨ ᠰᠠᠢᠨ ᠭᠤᠯᠢᠷ ᠢᠶᠠᠷ ᠳᠦᠭᠦᠷᠡᠩ ᠪᠠᠢᠪᠠ)᠂ 26 ᠮᠥᠨ ᠤᠲᠤᠯᠭ᠎ᠠ ᠪᠠᠷ ᠳᠦᠭᠦᠷᠡᠩ ᠠᠷᠪᠠᠨ ᠱᠧᠺᠧᠯ 13  ᠤᠨ ᠨᠢᠭᠡ ᠠᠯᠲᠠᠨ ᠪᠣᠢᠫᠣᠷ᠂ 27 ᠰᠢᠲᠠᠭᠠᠯᠭᠠᠲᠤ ᠲᠠᠬᠢᠯ ᠳᠤ ᠨᠢᠭᠡ ᠵᠠᠯᠠᠭᠤ ᠪᠤᠬ᠎ᠠ᠂ ᠨᠢᠭᠡ ᠬᠤᠴᠠ᠂ ᠨᠢᠭᠡ ᠡᠷ᠎ᠡ ᠬᠤᠷᠠᠭ᠎ᠠ᠂ 28 ᠨᠢᠭᠦᠯ ᠦᠨ ᠲᠠᠬᠢᠯ ᠳᠤ ᠨᠢᠭᠡ ᠤᠬᠤᠨ᠎ᠠ᠂ 29 ᠡᠪ ᠦᠨ ᠲᠠᠬᠢᠯ ᠳᠤ ᠬᠣᠶᠠᠷ ᠦᠬᠡᠷ᠂ ᠲᠠᠪᠤᠨ ᠬᠤᠴᠠ᠂ ᠲᠠᠪᠤᠨ ᠤᠬᠤᠨ᠎ᠠ᠂ ᠲᠠᠪᠤᠨ ᠡᠷ᠎ᠡ ᠬᠤᠷᠠᠭ᠎ᠠ ᠪᠠᠢᠯ᠎ᠠ᠃ ᠡᠨᠡ ᠪᠣᠯ ᠾᠧᠯᠣᠨ ᠤ ᠬᠦᠦ ᠡᠯᠢᠶᠠᠪ ᠤᠨ ᠡᠷᠭᠦᠯ ᠶᠤᠮ᠃

30 ᠳᠥᠷᠪᠡᠳᠡᠬᠢ ᠡᠳᠦᠷ ᠨᠢ ᠷᠧᠣᠪᠧᠨᠴᠤᠳ ᠤᠨ ᠤᠳᠤᠷᠢᠳᠤᠭᠴᠢ᠂ ᠱᠧᠳᠧᠣᠷ ᠤᠨ ᠬᠦᠦ ᠡᠯᠢᠽᠦ᠋ᠷ ᠡᠷᠭᠦᠯ ᠡᠷᠭᠦᠪᠡ᠃ 31 ᠲᠡᠭᠦᠨ ᠦ ᠡᠷᠭᠦᠯ ᠴᠤ ᠠᠷᠢᠭᠤᠨ ᠭᠠᠵᠠᠷ ᠤᠨ ᠪᠠᠷᠢᠮᠵᠢᠶ᠎ᠠ ᠪᠠᠷ ᠵᠠᠭᠤ ᠭᠤᠴᠢᠨ ᠱᠧᠺᠧᠯ 14  ᠤᠨ ᠵᠢᠩ ᠲᠠᠢ ᠨᠢᠭᠡ ᠮᠥᠩᠭᠥᠨ ᠲᠠᠪᠠᠭ᠂ ᠳᠠᠯᠠᠨ ᠱᠧᠺᠧᠯ 15  ᠤᠨ ᠨᠢᠭᠡ ᠮᠥᠩᠭᠥᠨ ᠰᠠᠪᠠ (ᠠᠯᠢ ᠠᠯᠢ ᠨᠢ ᠢᠳᠡᠭᠡᠨ ᠲᠠᠬᠢᠯ ᠪᠣᠯᠬᠤ ᠲᠣᠰᠣᠨ ᠳᠤ ᠪᠠᠭᠰᠤᠷᠠᠭᠰᠠᠨ ᠰᠠᠢᠨ ᠭᠤᠯᠢᠷ ᠢᠶᠠᠷ ᠳᠦᠭᠦᠷᠡᠩ ᠪᠠᠢᠪᠠ)᠂ 32 ᠮᠥᠨ ᠤᠲᠤᠯᠭ᠎ᠠ ᠪᠠᠷ ᠳᠦᠭᠦᠷᠡᠩ ᠠᠷᠪᠠᠨ ᠱᠧᠺᠧᠯ 16  ᠤᠨ ᠨᠢᠭᠡ ᠠᠯᠲᠠᠨ ᠪᠣᠢᠫᠣᠷ᠂ 33 ᠰᠢᠲᠠᠭᠠᠯᠭᠠᠲᠤ ᠲᠠᠬᠢᠯ ᠳᠤ ᠨᠢᠭᠡ ᠵᠠᠯᠠᠭᠤ ᠪᠤᠬ᠎ᠠ᠂ ᠨᠢᠭᠡ ᠬᠤᠴᠠ᠂ ᠨᠢᠭᠡ ᠡᠷ᠎ᠡ ᠬᠤᠷᠠᠭ᠎ᠠ᠂ 34 ᠨᠢᠭᠦᠯ ᠦᠨ ᠲᠠᠬᠢᠯ ᠳᠤ ᠨᠢᠭᠡ ᠤᠬᠤᠨ᠎ᠠ᠂ 35 ᠡᠪ ᠦᠨ ᠲᠠᠬᠢᠯ ᠳᠤ ᠬᠣᠶᠠᠷ ᠦᠬᠡᠷ᠂ ᠲᠠᠪᠤᠨ ᠬᠤᠴᠠ᠂ ᠲᠠᠪᠤᠨ ᠤᠬᠤᠨ᠎ᠠ᠂ ᠲᠠᠪᠤᠨ ᠡᠷ᠎ᠡ ᠬᠤᠷᠠᠭ᠎ᠠ ᠪᠠᠢᠯ᠎ᠠ᠃ ᠡᠨᠡ ᠪᠣᠯ ᠱᠧᠳᠧᠣᠷ ᠤᠨ ᠬᠦᠦ ᠡᠯᠢᠽᠦ᠋ᠷ ᠤᠨ ᠡᠷᠭᠦᠯ ᠶᠤᠮ᠃

36 ᠲᠠᠪᠤᠳᠠᠬᠢ ᠡᠳᠦᠷ ᠨᠢ ᠰᠢᠮᠧᠶᠣᠨᠴᠤᠳ ᠤᠨ ᠤᠳᠤᠷᠢᠳᠤᠭᠴᠢ᠂ ᠽᠦᠷᠢᠱᠠᠳᠠᠢ ᠶᠢᠨ ᠬᠦᠦ ᠱᠧᠯᠦ᠋ᠮᠢᠶᠧᠯ ᠡᠷᠭᠦᠯ ᠡᠷᠭᠦᠪᠡ᠃ 37 ᠲᠡᠭᠦᠨ ᠦ ᠡᠷᠭᠦᠯ ᠴᠤ ᠠᠷᠢᠭᠤᠨ ᠭᠠᠵᠠᠷ ᠤᠨ ᠪᠠᠷᠢᠮᠵᠢᠶ᠎ᠠ ᠪᠠᠷ ᠵᠠᠭᠤ ᠭᠤᠴᠢᠨ ᠱᠧᠺᠧᠯ 17  ᠤᠨ ᠵᠢᠩ ᠲᠠᠢ ᠨᠢᠭᠡ ᠮᠥᠩᠭᠥᠨ ᠲᠠᠪᠠᠭ᠂ ᠳᠠᠯᠠᠨ ᠱᠧᠺᠧᠯ 18  ᠤᠨ ᠨᠢᠭᠡ ᠮᠥᠩᠭᠥᠨ ᠰᠠᠪᠠ (ᠠᠯᠢ ᠠᠯᠢ ᠨᠢ ᠢᠳᠡᠭᠡᠨ ᠲᠠᠬᠢᠯ ᠪᠣᠯᠬᠤ ᠲᠣᠰᠣᠨ ᠳᠤ ᠪᠠᠭᠰᠤᠷᠠᠭᠰᠠᠨ ᠰᠠᠢᠨ ᠭᠤᠯᠢᠷ ᠢᠶᠠᠷ ᠳᠦᠭᠦᠷᠡᠩ ᠪᠠᠢᠪᠠ)᠂ 38 ᠮᠥᠨ ᠤᠲᠤᠯᠭ᠎ᠠ ᠪᠠᠷ ᠳᠦᠭᠦᠷᠡᠩ ᠠᠷᠪᠠᠨ ᠱᠧᠺᠧᠯ 19  ᠤᠨ ᠨᠢᠭᠡ ᠠᠯᠲᠠᠨ ᠪᠣᠢᠫᠣᠷ᠂ 39 ᠰᠢᠲᠠᠭᠠᠯᠭᠠᠲᠤ ᠲᠠᠬᠢᠯ ᠳᠤ ᠨᠢᠭᠡ ᠵᠠᠯᠠᠭᠤ ᠪᠤᠬ᠎ᠠ᠂ ᠨᠢᠭᠡ ᠬᠤᠴᠠ᠂ ᠨᠢᠭᠡ ᠡᠷ᠎ᠡ ᠬᠤᠷᠠᠭ᠎ᠠ᠂ 40 ᠨᠢᠭᠦᠯ ᠦᠨ ᠲᠠᠬᠢᠯ ᠳᠤ ᠨᠢᠭᠡ ᠤᠬᠤᠨ᠎ᠠ᠂ 41 ᠡᠪ ᠦᠨ ᠲᠠᠬᠢᠯ ᠳᠤ ᠬᠣᠶᠠᠷ ᠦᠬᠡᠷ᠂ ᠲᠠᠪᠤᠨ ᠬᠤᠴᠠ᠂ ᠲᠠᠪᠤᠨ ᠤᠬᠤᠨ᠎ᠠ᠂ ᠲᠠᠪᠤᠨ ᠡᠷ᠎ᠡ ᠬᠤᠷᠠᠭ᠎ᠠ ᠪᠠᠢᠯ᠎ᠠ᠃ ᠡᠨᠡ ᠪᠣᠯ ᠽᠦᠷᠢᠱᠠᠳᠠᠢ ᠶᠢᠨ ᠬᠦᠦ ᠱᠧᠯᠦ᠋ᠮᠢᠶᠧᠯ ᠤᠨ ᠡᠷᠭᠦᠯ ᠶᠤᠮ᠃

42 ᠵᠢᠷᠭᠤᠳᠠᠬᠢ ᠡᠳᠦᠷ ᠨᠢ ᠭᠠᠳ᠋ᠴᠤᠳ ᠤᠨ ᠤᠳᠤᠷᠢᠳᠤᠭᠴᠢ᠂ ᠳ᠋ᠧᠣᠶᠧᠯ ᠤᠨ ᠬᠦᠦ ᠡᠯᠢᠶᠠᠰᠠᠹ ᠡᠷᠭᠦᠯ ᠡᠷᠭᠦᠪᠡ᠃ 43 ᠲᠡᠭᠦᠨ ᠦ ᠡᠷᠭᠦᠯ ᠴᠤ ᠠᠷᠢᠭᠤᠨ ᠭᠠᠵᠠᠷ ᠤᠨ ᠪᠠᠷᠢᠮᠵᠢᠶ᠎ᠠ ᠪᠠᠷ ᠵᠠᠭᠤ ᠭᠤᠴᠢᠨ ᠱᠧᠺᠧᠯ 20  ᠤᠨ ᠵᠢᠩ ᠲᠠᠢ ᠨᠢᠭᠡ ᠮᠥᠩᠭᠥᠨ ᠲᠠᠪᠠᠭ᠂ ᠳᠠᠯᠠᠨ ᠱᠧᠺᠧᠯ 21  ᠤᠨ ᠨᠢᠭᠡ ᠮᠥᠩᠭᠥᠨ ᠰᠠᠪᠠ (ᠠᠯᠢ ᠠᠯᠢ ᠨᠢ ᠢᠳᠡᠭᠡᠨ ᠲᠠᠬᠢᠯ ᠪᠣᠯᠬᠤ ᠲᠣᠰᠣᠨ ᠳᠤ ᠪᠠᠭᠰᠤᠷᠠᠭᠰᠠᠨ ᠰᠠᠢᠨ ᠭᠤᠯᠢᠷ ᠢᠶᠠᠷ ᠳᠦᠭᠦᠷᠡᠩ ᠪᠠᠢᠪᠠ)᠂ 44 ᠮᠥᠨ ᠤᠲᠤᠯᠭ᠎ᠠ ᠪᠠᠷ ᠳᠦᠭᠦᠷᠡᠩ ᠠᠷᠪᠠᠨ ᠱᠧᠺᠧᠯ 22  ᠤᠨ ᠨᠢᠭᠡ ᠠᠯᠲᠠᠨ ᠪᠣᠢᠫᠣᠷ᠂ 45 ᠰᠢᠲᠠᠭᠠᠯᠭᠠᠲᠤ ᠲᠠᠬᠢᠯ ᠳᠤ ᠨᠢᠭᠡ ᠵᠠᠯᠠᠭᠤ ᠪᠤᠬ᠎ᠠ᠂ ᠨᠢᠭᠡ ᠬᠤᠴᠠ᠂ ᠨᠢᠭᠡ ᠡᠷ᠎ᠡ ᠬᠤᠷᠠᠭ᠎ᠠ᠂ 46 ᠨᠢᠭᠦᠯ ᠦᠨ ᠲᠠᠬᠢᠯ ᠳᠤ ᠨᠢᠭᠡ ᠤᠬᠤᠨ᠎ᠠ᠂ 47 ᠡᠪ ᠦᠨ ᠲᠠᠬᠢᠯ ᠳᠤ ᠬᠣᠶᠠᠷ ᠦᠬᠡᠷ᠂ ᠲᠠᠪᠤᠨ ᠬᠤᠴᠠ᠂ ᠲᠠᠪᠤᠨ ᠤᠬᠤᠨ᠎ᠠ᠂ ᠲᠠᠪᠤᠨ ᠡᠷ᠎ᠡ ᠬᠤᠷᠠᠭ᠎ᠠ ᠪᠠᠢᠯ᠎ᠠ᠃ ᠡᠨᠡ ᠪᠣᠯ ᠳ᠋ᠧᠣᠶᠧᠯ ᠤᠨ ᠬᠦᠦ ᠡᠯᠢᠶᠠᠰᠠᠹ ᠤᠨ ᠡᠷᠭᠦᠯ ᠶᠤᠮ᠃

48 ᠳᠣᠯᠣᠳᠠᠬᠢ ᠡᠳᠦᠷ ᠨᠢ ᠡᠹᠷᠠᠢᠮᠴᠤᠳ ᠤᠨ ᠤᠳᠤᠷᠢᠳᠤᠭᠴᠢ᠂ ᠠᠮᠢᠾᠦ᠋ᠳ᠋ ᠤᠨ ᠬᠦᠦ ᠡᠯᠢᠱᠠᠮᠠ ᠡᠷᠭᠦᠯ ᠡᠷᠭᠦᠪᠡ᠃ 49 ᠲᠡᠭᠦᠨ ᠦ ᠡᠷᠭᠦᠯ ᠴᠤ ᠠᠷᠢᠭᠤᠨ ᠭᠠᠵᠠᠷ ᠤᠨ ᠪᠠᠷᠢᠮᠵᠢᠶ᠎ᠠ ᠪᠠᠷ ᠵᠠᠭᠤ ᠭᠤᠴᠢᠨ ᠱᠧᠺᠧᠯ 23  ᠤᠨ ᠵᠢᠩ ᠲᠠᠢ ᠨᠢᠭᠡ ᠮᠥᠩᠭᠥᠨ ᠲᠠᠪᠠᠭ᠂ ᠳᠠᠯᠠᠨ ᠱᠧᠺᠧᠯ 24  ᠤᠨ ᠨᠢᠭᠡ ᠮᠥᠩᠭᠥᠨ ᠰᠠᠪᠠ (ᠠᠯᠢ ᠠᠯᠢ ᠨᠢ ᠢᠳᠡᠭᠡᠨ ᠲᠠᠬᠢᠯ ᠪᠣᠯᠬᠤ ᠲᠣᠰᠣᠨ ᠳᠤ ᠪᠠᠭᠰᠤᠷᠠᠭᠰᠠᠨ ᠰᠠᠢᠨ ᠭᠤᠯᠢᠷ ᠢᠶᠠᠷ ᠳᠦᠭᠦᠷᠡᠩ ᠪᠠᠢᠪᠠ)᠂ 50 ᠮᠥᠨ ᠤᠲᠤᠯᠭ᠎ᠠ ᠪᠠᠷ ᠳᠦᠭᠦᠷᠡᠩ ᠠᠷᠪᠠᠨ ᠱᠧᠺᠧᠯ 25  ᠤᠨ ᠨᠢᠭᠡ ᠠᠯᠲᠠᠨ ᠪᠣᠢᠫᠣᠷ᠂ 51 ᠰᠢᠲᠠᠭᠠᠯᠭᠠᠲᠤ ᠲᠠᠬᠢᠯ ᠳᠤ ᠨᠢᠭᠡ ᠵᠠᠯᠠᠭᠤ ᠪᠤᠬ᠎ᠠ᠂ ᠨᠢᠭᠡ ᠬᠤᠴᠠ᠂ ᠨᠢᠭᠡ ᠡᠷ᠎ᠡ ᠬᠤᠷᠠᠭ᠎ᠠ᠂ 52 ᠨᠢᠭᠦᠯ ᠦᠨ ᠲᠠᠬᠢᠯ ᠳᠤ ᠨᠢᠭᠡ ᠤᠬᠤᠨ᠎ᠠ᠂ 53 ᠡᠪ ᠦᠨ ᠲᠠᠬᠢᠯ ᠳᠤ ᠬᠣᠶᠠᠷ ᠦᠬᠡᠷ᠂ ᠲᠠᠪᠤᠨ ᠬᠤᠴᠠ᠂ ᠲᠠᠪᠤᠨ ᠤᠬᠤᠨ᠎ᠠ᠂ ᠲᠠᠪᠤᠨ ᠡᠷ᠎ᠡ ᠬᠤᠷᠠᠭ᠎ᠠ ᠪᠠᠢᠯ᠎ᠠ᠃ ᠡᠨᠡ ᠪᠣᠯ ᠠᠮᠢᠾᠦ᠋ᠳ᠋ ᠤᠨ ᠬᠦᠦ ᠡᠯᠢᠱᠠᠮᠠ ᠶᠢᠨ ᠡᠷᠭᠦᠯ ᠶᠤᠮ᠃

54 ᠨᠠᠢ᠌ᠮᠠᠳᠠᠬᠢ ᠡᠳᠦᠷ ᠨᠢ ᠮᠠᠨᠠᠰᠧᠴᠤᠳ ᠤᠨ ᠤᠳᠤᠷᠢᠳᠤᠭᠴᠢ᠂ ᠫᠧᠳᠠᠽᠦ᠋ᠷ ᠤᠨ ᠬᠦᠦ ᠭᠠᠮᠠᠯᠢᠶᠧᠯ ᠡᠷᠭᠦᠯ ᠡᠷᠭᠦᠪᠡ᠃ 55 ᠲᠡᠭᠦᠨ ᠦ ᠡᠷᠭᠦᠯ ᠴᠤ ᠠᠷᠢᠭᠤᠨ ᠭᠠᠵᠠᠷ ᠤᠨ ᠪᠠᠷᠢᠮᠵᠢᠶ᠎ᠠ ᠪᠠᠷ ᠵᠠᠭᠤ ᠭᠤᠴᠢᠨ ᠱᠧᠺᠧᠯ 26  ᠤᠨ ᠵᠢᠩ ᠲᠠᠢ ᠨᠢᠭᠡ ᠮᠥᠩᠭᠥᠨ ᠲᠠᠪᠠᠭ᠂ ᠳᠠᠯᠠᠨ ᠱᠧᠺᠧᠯ 27  ᠤᠨ ᠨᠢᠭᠡ ᠮᠥᠩᠭᠥᠨ ᠰᠠᠪᠠ (ᠠᠯᠢ ᠠᠯᠢ ᠨᠢ ᠢᠳᠡᠭᠡᠨ ᠲᠠᠬᠢᠯ ᠪᠣᠯᠬᠤ ᠲᠣᠰᠣᠨ ᠳᠤ ᠪᠠᠭᠰᠤᠷᠠᠭᠰᠠᠨ ᠰᠠᠢᠨ ᠭᠤᠯᠢᠷ ᠢᠶᠠᠷ ᠳᠦᠭᠦᠷᠡᠩ ᠪᠠᠢᠪᠠ)᠂ 56 ᠮᠥᠨ ᠤᠲᠤᠯᠭ᠎ᠠ ᠪᠠᠷ ᠳᠦᠭᠦᠷᠡᠩ ᠠᠷᠪᠠᠨ ᠱᠧᠺᠧᠯ 28  ᠤᠨ ᠨᠢᠭᠡ ᠠᠯᠲᠠᠨ ᠪᠣᠢᠫᠣᠷ᠂ 57 ᠰᠢᠲᠠᠭᠠᠯᠭᠠᠲᠤ ᠲᠠᠬᠢᠯ ᠳᠤ ᠨᠢᠭᠡ ᠵᠠᠯᠠᠭᠤ ᠪᠤᠬ᠎ᠠ᠂ ᠨᠢᠭᠡ ᠬᠤᠴᠠ᠂ ᠨᠢᠭᠡ ᠡᠷ᠎ᠡ ᠬᠤᠷᠠᠭ᠎ᠠ᠂ 58 ᠨᠢᠭᠦᠯ ᠦᠨ ᠲᠠᠬᠢᠯ ᠳᠤ ᠨᠢᠭᠡ ᠤᠬᠤᠨ᠎ᠠ᠂ 59 ᠡᠪ ᠦᠨ ᠲᠠᠬᠢᠯ ᠳᠤ ᠬᠣᠶᠠᠷ ᠦᠬᠡᠷ᠂ ᠲᠠᠪᠤᠨ ᠬᠤᠴᠠ᠂ ᠲᠠᠪᠤᠨ ᠤᠬᠤᠨ᠎ᠠ᠂ ᠲᠠᠪᠤᠨ ᠡᠷ᠎ᠡ ᠬᠤᠷᠠᠭ᠎ᠠ ᠪᠠᠢᠯ᠎ᠠ᠃ ᠡᠨᠡ ᠪᠣᠯ ᠫᠧᠳᠠᠽᠦ᠋ᠷ ᠤᠨ ᠬᠦᠦ ᠭᠠᠮᠠᠯᠢᠶᠧᠯ ᠤᠨ ᠡᠷᠭᠦᠯ ᠪᠠᠢᠪᠠ᠃

60 ᠶᠢᠰᠦᠳᠡᠬᠢ ᠡᠳᠦᠷ ᠨᠢ ᠪᠢᠨᠶᠠᠮᠢᠨᠴᠤᠳ ᠤᠨ ᠤᠳᠤᠷᠢᠳᠤᠭᠴᠢ᠂ ᠭᠢᠳᠧᠶᠣᠨᠢ ᠶᠢᠨ ᠬᠦᠦ ᠠᠪᠢᠳᠠᠨ ᠡᠷᠭᠦᠯ ᠡᠷᠭᠦᠪᠡ᠃ 61 ᠲᠡᠭᠦᠨ ᠦ ᠡᠷᠭᠦᠯ ᠴᠤ ᠠᠷᠢᠭᠤᠨ ᠭᠠᠵᠠᠷ ᠤᠨ ᠪᠠᠷᠢᠮᠵᠢᠶ᠎ᠠ ᠪᠠᠷ ᠵᠠᠭᠤ ᠭᠤᠴᠢᠨ ᠱᠧᠺᠧᠯ 29  ᠤᠨ ᠵᠢᠩ ᠲᠠᠢ ᠨᠢᠭᠡ ᠮᠥᠩᠭᠥᠨ ᠲᠠᠪᠠᠭ᠂ ᠳᠠᠯᠠᠨ ᠱᠧᠺᠧᠯ 30  ᠤᠨ ᠨᠢᠭᠡ ᠮᠥᠩᠭᠥᠨ ᠰᠠᠪᠠ (ᠠᠯᠢ ᠠᠯᠢ ᠨᠢ ᠢᠳᠡᠭᠡᠨ ᠲᠠᠬᠢᠯ ᠪᠣᠯᠬᠤ ᠲᠣᠰᠣᠨ ᠳᠤ ᠪᠠᠭᠰᠤᠷᠠᠭᠰᠠᠨ ᠰᠠᠢᠨ ᠭᠤᠯᠢᠷ ᠢᠶᠠᠷ ᠳᠦᠭᠦᠷᠡᠩ ᠪᠠᠢᠪᠠ)᠂ 62 ᠮᠥᠨ ᠤᠲᠤᠯᠭ᠎ᠠ ᠪᠠᠷ ᠳᠦᠭᠦᠷᠡᠩ ᠠᠷᠪᠠᠨ ᠱᠧᠺᠧᠯ 31  ᠤᠨ ᠨᠢᠭᠡ ᠠᠯᠲᠠᠨ ᠪᠣᠢᠫᠣᠷ᠂ 63 ᠰᠢᠲᠠᠭᠠᠯᠭᠠᠲᠤ ᠲᠠᠬᠢᠯ ᠳᠤ ᠨᠢᠭᠡ ᠵᠠᠯᠠᠭᠤ ᠪᠤᠬ᠎ᠠ᠂ ᠨᠢᠭᠡ ᠬᠤᠴᠠ᠂ ᠨᠢᠭᠡ ᠡᠷ᠎ᠡ ᠬᠤᠷᠠᠭ᠎ᠠ᠂ 64 ᠨᠢᠭᠦᠯ ᠦᠨ ᠲᠠᠬᠢᠯ ᠳᠤ ᠨᠢᠭᠡ ᠤᠬᠤᠨ᠎ᠠ᠂ 65 ᠡᠪ ᠦᠨ ᠲᠠᠬᠢᠯ ᠳᠤ ᠬᠣᠶᠠᠷ ᠦᠬᠡᠷ᠂ ᠲᠠᠪᠤᠨ ᠬᠤᠴᠠ᠂ ᠲᠠᠪᠤᠨ ᠤᠬᠤᠨ᠎ᠠ᠂ ᠲᠠᠪᠤᠨ ᠡᠷ᠎ᠡ ᠬᠤᠷᠠᠭ᠎ᠠ ᠪᠠᠢᠯ᠎ᠠ᠃ ᠡᠨᠡ ᠪᠣᠯ ᠭᠢᠳᠧᠶᠣᠨᠢ ᠶᠢᠨ ᠬᠦᠦ ᠠᠪᠢᠳᠠᠨ ᠤ ᠡᠷᠭᠦᠯ ᠶᠤᠮ᠃

66 ᠠᠷᠪᠠᠳᠠᠬᠢ ᠡᠳᠦᠷ ᠨᠢ ᠳ᠋ᠠᠨᠴᠤᠳ ᠤᠨ ᠤᠳᠤᠷᠢᠳᠤᠭᠴᠢ᠂ ᠠᠮᠢᠱᠠᠳᠠᠢ ᠶᠢᠨ ᠬᠦᠦ ᠠᠾᠢᠶᠧᠽᠧᠷ ᠡᠷᠭᠦᠯ ᠡᠷᠭᠦᠪᠡ᠃ 67 ᠲᠡᠭᠦᠨ ᠦ ᠡᠷᠭᠦᠯ ᠴᠤ ᠠᠷᠢᠭᠤᠨ ᠭᠠᠵᠠᠷ ᠤᠨ ᠪᠠᠷᠢᠮᠵᠢᠶ᠎ᠠ ᠪᠠᠷ ᠵᠠᠭᠤ ᠭᠤᠴᠢᠨ ᠱᠧᠺᠧᠯ 32  ᠤᠨ ᠵᠢᠩ ᠲᠠᠢ ᠨᠢᠭᠡ ᠮᠥᠩᠭᠥᠨ ᠲᠠᠪᠠᠭ᠂ ᠳᠠᠯᠠᠨ ᠱᠧᠺᠧᠯ 33  ᠤᠨ ᠨᠢᠭᠡ ᠮᠥᠩᠭᠥᠨ ᠰᠠᠪᠠ (ᠠᠯᠢ ᠠᠯᠢ ᠨᠢ ᠢᠳᠡᠭᠡᠨ ᠲᠠᠬᠢᠯ ᠪᠣᠯᠬᠤ ᠲᠣᠰᠣᠨ ᠳᠤ ᠪᠠᠭᠰᠤᠷᠠᠭᠰᠠᠨ ᠰᠠᠢᠨ ᠭᠤᠯᠢᠷ ᠢᠶᠠᠷ ᠳᠦᠭᠦᠷᠡᠩ ᠪᠠᠢᠪᠠ)᠂ 68 ᠮᠥᠨ ᠤᠲᠤᠯᠭ᠎ᠠ ᠪᠠᠷ ᠳᠦᠭᠦᠷᠡᠩ ᠠᠷᠪᠠᠨ ᠱᠧᠺᠧᠯ 34  ᠤᠨ ᠨᠢᠭᠡ ᠠᠯᠲᠠᠨ ᠪᠣᠢᠫᠣᠷ᠂ 69 ᠰᠢᠲᠠᠭᠠᠯᠭᠠᠲᠤ ᠲᠠᠬᠢᠯ ᠳᠤ ᠨᠢᠭᠡ ᠵᠠᠯᠠᠭᠤ ᠪᠤᠬ᠎ᠠ᠂ ᠨᠢᠭᠡ ᠬᠤᠴᠠ᠂ ᠨᠢᠭᠡ ᠡᠷ᠎ᠡ ᠬᠤᠷᠠᠭ᠎ᠠ᠂ 70 ᠨᠢᠭᠦᠯ ᠦᠨ ᠲᠠᠬᠢᠯ ᠳᠤ ᠨᠢᠭᠡ ᠤᠬᠤᠨ᠎ᠠ᠂ 71 ᠡᠪ ᠦᠨ ᠲᠠᠬᠢᠯ ᠳᠤ ᠬᠣᠶᠠᠷ ᠦᠬᠡᠷ᠂ ᠲᠠᠪᠤᠨ ᠬᠤᠴᠠ᠂ ᠲᠠᠪᠤᠨ ᠤᠬᠤᠨ᠎ᠠ᠂ ᠲᠠᠪᠤᠨ ᠡᠷ᠎ᠡ ᠬᠤᠷᠠᠭ᠎ᠠ ᠪᠠᠢᠯ᠎ᠠ᠃ ᠡᠨᠡ ᠪᠣᠯ ᠠᠮᠢᠱᠠᠳᠠᠢ ᠶᠢᠨ ᠬᠦᠦ ᠠᠾᠢᠶᠧᠽᠧᠷ ᠤᠨ ᠡᠷᠭᠦᠯ ᠶᠤᠮ᠃

72 ᠠᠷᠪᠠᠨ ᠨᠢᠭᠡᠳᠡᠬᠢ ᠡᠳᠦᠷ ᠨᠢ ᠠᠱᠧᠷᠴᠤᠳ ᠤᠨ ᠤᠳᠤᠷᠢᠳᠤᠭᠴᠢ᠂ ᠣᠬᠷᠠᠨ ᠤ ᠬᠦᠦ ᠫᠠᠭᠢᠶᠧᠯ ᠡᠷᠭᠦᠯ ᠡᠷᠭᠦᠪᠡ᠃ 73 ᠲᠡᠭᠦᠨ ᠦ ᠡᠷᠭᠦᠯ ᠴᠤ ᠠᠷᠢᠭᠤᠨ ᠭᠠᠵᠠᠷ ᠤᠨ ᠪᠠᠷᠢᠮᠵᠢᠶ᠎ᠠ ᠪᠠᠷ ᠵᠠᠭᠤ ᠭᠤᠴᠢᠨ ᠱᠧᠺᠧᠯ 35  ᠤᠨ ᠵᠢᠩ ᠲᠠᠢ ᠨᠢᠭᠡ ᠮᠥᠩᠭᠥᠨ ᠲᠠᠪᠠᠭ᠂ ᠳᠠᠯᠠᠨ ᠱᠧᠺᠧᠯ 36  ᠤᠨ ᠨᠢᠭᠡ ᠮᠥᠩᠭᠥᠨ ᠰᠠᠪᠠ (ᠠᠯᠢ ᠠᠯᠢ ᠨᠢ ᠢᠳᠡᠭᠡᠨ ᠲᠠᠬᠢᠯ ᠪᠣᠯᠬᠤ ᠲᠣᠰᠣᠨ ᠳᠤ ᠪᠠᠭᠰᠤᠷᠠᠭᠰᠠᠨ ᠰᠠᠢᠨ ᠭᠤᠯᠢᠷ ᠢᠶᠠᠷ ᠳᠦᠭᠦᠷᠡᠩ ᠪᠠᠢᠪᠠ)᠂ 74 ᠮᠥᠨ ᠤᠲᠤᠯᠭ᠎ᠠ ᠪᠠᠷ ᠳᠦᠭᠦᠷᠡᠩ ᠠᠷᠪᠠᠨ ᠱᠧᠺᠧᠯ 37  ᠤᠨ ᠨᠢᠭᠡ ᠠᠯᠲᠠᠨ ᠪᠣᠢᠫᠣᠷ᠂ 75 ᠰᠢᠲᠠᠭᠠᠯᠭᠠᠲᠤ ᠲᠠᠬᠢᠯ ᠳᠤ ᠨᠢᠭᠡ ᠵᠠᠯᠠᠭᠤ ᠪᠤᠬ᠎ᠠ᠂ ᠨᠢᠭᠡ ᠬᠤᠴᠠ᠂ ᠨᠢᠭᠡ ᠡᠷ᠎ᠡ ᠬᠤᠷᠠᠭ᠎ᠠ᠂ 76 ᠨᠢᠭᠦᠯ ᠦᠨ ᠲᠠᠬᠢᠯ ᠳᠤ ᠨᠢᠭᠡ ᠤᠬᠤᠨ᠎ᠠ᠂ 77 ᠡᠪ ᠦᠨ ᠲᠠᠬᠢᠯ ᠳᠤ ᠬᠣᠶᠠᠷ ᠦᠬᠡᠷ᠂ ᠲᠠᠪᠤᠨ ᠬᠤᠴᠠ᠂ ᠲᠠᠪᠤᠨ ᠤᠬᠤᠨ᠎ᠠ᠂ ᠲᠠᠪᠤᠨ ᠡᠷ᠎ᠡ ᠬᠤᠷᠠᠭ᠎ᠠ ᠪᠠᠢᠯ᠎ᠠ᠃ ᠡᠨᠡ ᠪᠣᠯ ᠣᠬᠷᠠᠨ ᠤ ᠬᠦᠦ ᠫᠠᠭᠢᠶᠧᠯ ᠤᠨ ᠡᠷᠭᠦᠯ ᠶᠤᠮ᠃

78 ᠠᠷᠪᠠᠨ ᠬᠣᠶᠠᠳᠠᠬᠢ ᠡᠳᠦᠷ ᠨᠢ ᠨᠠᠹᠲ᠋ᠠᠯᠢᠴᠤᠳ ᠤᠨ ᠤᠳᠤᠷᠢᠳᠤᠭᠴᠢ᠂ ᠡᠨᠠᠨ ᠤ ᠬᠦᠦ ᠠᠾᠢᠷᠠ ᠡᠷᠭᠦᠯ ᠡᠷᠭᠦᠪᠡ᠃ 79 ᠲᠡᠭᠦᠨ ᠦ ᠡᠷᠭᠦᠯ ᠴᠤ ᠠᠷᠢᠭᠤᠨ ᠭᠠᠵᠠᠷ ᠤᠨ ᠪᠠᠷᠢᠮᠵᠢᠶ᠎ᠠ ᠪᠠᠷ ᠵᠠᠭᠤ ᠭᠤᠴᠢᠨ ᠱᠧᠺᠧᠯ 38  ᠤᠨ ᠵᠢᠩ ᠲᠠᠢ ᠨᠢᠭᠡ ᠮᠥᠩᠭᠥᠨ ᠲᠠᠪᠠᠭ᠂ ᠳᠠᠯᠠᠨ ᠱᠧᠺᠧᠯ 39  ᠤᠨ ᠨᠢᠭᠡ ᠮᠥᠩᠭᠥᠨ ᠰᠠᠪᠠ (ᠠᠯᠢ ᠠᠯᠢ ᠨᠢ ᠢᠳᠡᠭᠡᠨ ᠲᠠᠬᠢᠯ ᠪᠣᠯᠬᠤ ᠲᠣᠰᠣᠨ ᠳᠤ ᠪᠠᠭᠰᠤᠷᠠᠭᠰᠠᠨ ᠰᠠᠢᠨ ᠭᠤᠯᠢᠷ ᠢᠶᠠᠷ ᠳᠦᠭᠦᠷᠡᠩ ᠪᠠᠢᠪᠠ)᠂ 80 ᠮᠥᠨ ᠤᠲᠤᠯᠭ᠎ᠠ ᠪᠠᠷ ᠳᠦᠭᠦᠷᠡᠩ ᠠᠷᠪᠠᠨ ᠱᠧᠺᠧᠯ 40  ᠤᠨ ᠨᠢᠭᠡ ᠠᠯᠲᠠᠨ ᠪᠣᠢᠫᠣᠷ᠂ 81 ᠰᠢᠲᠠᠭᠠᠯᠭᠠᠲᠤ ᠲᠠᠬᠢᠯ ᠳᠤ ᠨᠢᠭᠡ ᠵᠠᠯᠠᠭᠤ ᠪᠤᠬ᠎ᠠ᠂ ᠨᠢᠭᠡ ᠬᠤᠴᠠ᠂ ᠨᠢᠭᠡ ᠡᠷ᠎ᠡ ᠬᠤᠷᠠᠭ᠎ᠠ᠂ 82 ᠨᠢᠭᠦᠯ ᠦᠨ ᠲᠠᠬᠢᠯ ᠳᠤ ᠨᠢᠭᠡ ᠤᠬᠤᠨ᠎ᠠ᠂ 83 ᠡᠪ ᠦᠨ ᠲᠠᠬᠢᠯ ᠳᠤ ᠬᠣᠶᠠᠷ ᠦᠬᠡᠷ᠂ ᠲᠠᠪᠤᠨ ᠬᠤᠴᠠ᠂ ᠲᠠᠪᠤᠨ ᠤᠬᠤᠨ᠎ᠠ᠂ ᠲᠠᠪᠤᠨ ᠡᠷ᠎ᠡ ᠬᠤᠷᠠᠭ᠎ᠠ ᠪᠠᠢᠯ᠎ᠠ᠃ ᠡᠨᠡ ᠪᠣᠯ ᠡᠨᠠᠨ ᠤ ᠬᠦᠦ ᠠᠾᠢᠷᠠ ᠶᠢᠨ ᠡᠷᠭᠦᠯ ᠶᠤᠮ᠃

84 ᠲᠠᠬᠢᠯ ᠤᠨ ᠰᠢᠷᠡᠭᠡ ᠶᠢ ᠲᠣᠰᠣᠯᠠᠭᠰᠠᠨ ᠦᠶ᠎ᠡ ᠪᠡᠷ ᠵᠣᠷᠢᠭᠤᠯᠤᠯᠲᠠ ᠶᠢᠨ ᠲᠥᠯᠥᠭᠡ ᠢᠰᠷᠧᠯ ᠤᠨ ᠤᠳᠤᠷᠢᠳᠤᠭᠴᠢᠳ ᠤᠨ ᠡᠷᠭᠦᠭᠰᠡᠨ ᠡᠷᠭᠦᠯ ᠨᠡᠢᠲᠡ ᠳᠡᠭᠡᠨ ᠠᠷᠪᠠᠨ ᠬᠣᠶᠠᠷ ᠮᠥᠩᠭᠥᠨ ᠲᠠᠪᠠᠭ᠂ ᠠᠷᠪᠠᠨ ᠬᠣᠶᠠᠷ ᠮᠥᠩᠭᠥᠨ ᠰᠠᠪᠠ᠂ ᠠᠷᠪᠠᠨ ᠬᠣᠶᠠᠷ ᠠᠯᠲᠠᠨ ᠪᠣᠢᠫᠣᠷ ᠪᠠᠢᠪᠠ᠃ 85 ᠮᠥᠩᠭᠥᠨ ᠲᠠᠪᠠᠭ ᠪᠦᠷᠢ ᠵᠠᠭᠤ ᠭᠤᠴᠢᠨ ᠱᠧᠺᠧᠯ ᠪᠥᠭᠡᠳ ᠰᠠᠪᠠ ᠪᠦᠷᠢ ᠳᠠᠯᠠᠨ ᠱᠧᠺᠧᠯ ᠪᠣᠯᠬᠣᠷ ᠪᠦᠬᠦ ᠮᠥᠩᠭᠥᠨ ᠬᠡᠷᠡᠭᠰᠡᠯ ᠨᠢ ᠠᠷᠢᠭᠤᠨ ᠭᠠᠵᠠᠷ ᠤᠨ ᠪᠠᠷᠢᠮᠵᠢᠶ᠎ᠠ ᠪᠠᠷ ᠬᠣᠶᠠᠷ ᠮᠢᠩ᠋ᠭ᠎ᠠ ᠳᠥᠷᠪᠡᠨ ᠵᠠᠭᠤᠨ ᠱᠧᠺᠧᠯ 41 ᠪᠠᠢᠯ᠎ᠠ᠃ 86 ᠤᠲᠤᠯᠭ᠎ᠠ ᠪᠠᠷ ᠳᠦᠭᠦᠷᠡᠩ ᠠᠷᠪᠠᠨ ᠬᠣᠶᠠᠷ ᠠᠯᠲᠠᠨ ᠪᠣᠢᠫᠣᠷ ᠪᠣᠯ ᠠᠷᠢᠭᠤᠨ ᠭᠠᠵᠠᠷ ᠤᠨ ᠪᠠᠷᠢᠮᠵᠢᠶ᠎ᠠ ᠪᠠᠷ ᠲᠤᠰ ᠪᠦᠷᠢ ᠠᠷᠪᠠᠨ ᠱᠧᠺᠧᠯ ᠪᠣᠯᠬᠣᠷ ᠪᠣᠢᠫᠣᠷ ᠤᠳ ᠤᠨ ᠪᠦᠬᠦ ᠠᠯᠲᠠ ᠵᠠᠭᠤ ᠬᠣᠷᠢᠨ ᠱᠧᠺᠧᠯ 42 ᠪᠠᠢᠯ᠎ᠠ᠃ 87 ᠰᠢᠲᠠᠭᠠᠯᠭᠠᠲᠤ ᠲᠠᠬᠢᠯ ᠳᠤ ᠵᠣᠷᠢᠭᠤᠯᠤᠭᠰᠠᠨ ᠮᠠᠯ ᠨᠢ ᠠᠷᠪᠠᠨ ᠬᠣᠶᠠᠷ ᠪᠤᠬ᠎ᠠ᠂ ᠠᠷᠪᠠᠨ ᠬᠣᠶᠠᠷ ᠬᠤᠴᠠ᠂ ᠠᠷᠪᠠᠨ ᠬᠣᠶᠠᠷ ᠡᠷ᠎ᠡ ᠬᠤᠷᠠᠭ᠎ᠠ ᠪᠥᠭᠡᠳ ᠡᠳᠡᠭᠡᠷ ᠡᠴᠡ ᠭᠠᠳᠠᠨ᠎ᠠ ᠢᠳᠡᠭᠡᠨ ᠡᠷᠭᠦᠯ ᠴᠤ ᠪᠤᠢ᠃ ᠮᠥᠨ ᠨᠢᠭᠦᠯ ᠦᠨ ᠲᠠᠬᠢᠯ ᠳᠤ ᠠᠷᠪᠠᠨ ᠬᠣᠶᠠᠷ ᠤᠬᠤᠨ᠎ᠠ ᠶᠢ ᠡᠷᠭᠦᠵᠡᠢ᠃ 88 ᠡᠪ ᠦᠨ ᠲᠠᠬᠢᠯ ᠳᠤ ᠵᠣᠷᠢᠭᠤᠯᠤᠭᠰᠠᠨ ᠮᠠᠯ ᠨᠢ ᠬᠣᠷᠢᠨ ᠳᠥᠷᠪᠡᠨ ᠪᠤᠬ᠎ᠠ᠂ ᠵᠢᠷᠠᠨ ᠬᠤᠴᠠ᠂ ᠵᠢᠷᠠᠨ ᠤᠬᠤᠨ᠎ᠠ᠂ ᠵᠢᠷᠠᠨ ᠡᠷ᠎ᠡ ᠬᠤᠷᠠᠭ᠎ᠠ ᠪᠠᠢᠯ᠎ᠠ᠃ ᠲᠠᠬᠢᠯ ᠤᠨ ᠰᠢᠷᠡᠭᠡ ᠶᠢ ᠲᠣᠰᠣᠯᠠᠭᠰᠠᠨ ᠤ ᠳᠠᠷᠠᠭ᠎ᠠ᠂ ᠲᠡᠭᠦᠨ ᠦ ᠵᠣᠷᠢᠭᠤᠯᠤᠯᠲᠠ ᠶᠢᠨ ᠲᠥᠯᠥᠭᠡ ᠡᠳᠡᠭᠡᠷ ᠢ ᠡᠷᠭᠦᠭᠰᠡᠨ ᠠᠵᠢ᠃

89 ᠮᠣᠰᠧ ᠶᠣᠬᠣᠸᠠ ᠲᠠᠢ ᠶᠠᠷᠢᠯᠴᠠᠬᠤ ᠪᠠᠷ ᠠᠭᠤᠯᠵᠠᠯᠲᠠ ᠶᠢᠨ ᠴᠠᠴᠠᠷ ᠲᠤ ᠣᠷᠣᠬᠤ ᠳᠠᠭᠠᠨ ᠭᠡᠷᠡᠴᠢᠯᠡᠯ ᠦᠨ ᠠᠪᠳᠠᠷ᠎ᠠ ᠶᠢᠨ ᠳᠡᠭᠡᠷᠡᠬᠢ ᠬᠡᠯᠲᠦᠷᠢᠭᠦᠯᠭᠡ ᠶᠢᠨ ᠬᠠᠪᠬᠠᠭ ᠳᠡᠭᠡᠷ᠎ᠡ ᠡᠴᠡ ᠬᠣᠶᠠᠷ ᠺᠧᠷᠣᠪ ᠤᠨ ᠳᠤᠮᠳᠠ ᠠᠴᠠ ᠥᠪᠡᠷ ᠲᠡᠢ ᠨᠢ ᠶᠠᠷᠢᠬᠤ ᠳᠠᠭᠤ ᠶᠢ ᠰᠣᠨᠣᠰᠳᠠᠭ᠃ ᠶᠣᠬᠣᠸᠠ ᠲᠡᠢᠨ ᠬᠦ ᠮᠣᠰᠧ ᠲᠠᠢ ᠶᠠᠷᠢᠳᠠᠭ ᠪᠠᠢᠵᠠᠢ᠃