ᠲᠣᠭᠠᠯᠠᠯᠭ᠎ᠠ ᠬᠣᠷᠢᠨ ᠵᠢᠷᠭᠤᠭ᠎ᠠ
ᠬᠣᠶᠠᠳᠠᠬᠢ ᠤᠳᠠᠭᠠᠨ ᠤ ᠢᠰᠷᠧᠯ ᠤᠨ ᠬᠥᠮᠦᠨ ᠠᠮᠠ ᠶᠢᠨ ᠪᠦᠷᠢᠳᠬᠡᠯ
1 ᠭᠠᠮᠰᠢᠭ ᠤᠨ ᠳᠠᠷᠠᠭ᠎ᠠ᠂ ᠶᠣᠬᠣᠸᠠ ᠮᠣᠰᠧ ᠪᠣᠯᠣᠨ ᠲᠠᠬᠢᠯᠴᠢ ᠠᠷᠣᠨ ᠤ ᠬᠦᠦ ᠡᠯᠧᠶᠠᠽᠠᠷ ᠨᠠᠷ ᠲᠤ ᠠᠢᠯᠠᠳᠤᠨ᠄ 2 《ᠪᠦᠬᠦ ᠢᠰᠷᠧᠯ ᠤᠨ ᠨᠡᠢᠲᠡ ᠴᠢᠭᠤᠯᠭᠠᠨ ᠤ ᠬᠢᠨ ᠤ ᠲᠣᠭ᠎ᠠ ᠶᠢ ᠠᠪ᠃ ᠳᠠᠢᠨ ᠳᠤ ᠮᠣᠷᠳᠠᠵᠤ ᠴᠢᠳᠠᠬᠤ ᠬᠣᠷᠢ ᠪᠠ ᠲᠡᠭᠦᠨ ᠡᠴᠡ ᠳᠡᠭᠡᠭᠰᠢ ᠨᠠᠰᠤᠨ ᠤ ᠬᠥᠮᠦᠨ ᠪᠦᠷᠢ ᠶᠢ ᠭᠡᠷ ᠪᠦᠯᠢ ᠨᠦᠭᠦᠳ ᠢᠶᠡᠷ ᠨᠢ ᠲᠣᠭᠠᠯᠠ》 ᠭᠡᠪᠡ᠃ 3 ᠲᠡᠢᠮᠦ ᠡᠴᠡ ᠶᠧᠷᠢᠺᠣ ᠶᠢᠨ ᠴᠠᠭᠠᠨ᠎ᠠ ᠶᠣᠷᠳᠠᠨ ᠤ ᠬᠠᠵᠠᠭᠤ ᠳᠠᠬᠢ ᠮᠣᠶᠠᠪ ᠤᠨ ᠲᠠᠯ᠎ᠠ ᠳᠤ ᠮᠣᠰᠧ ᠪᠣᠯᠣᠨ ᠲᠠᠬᠢᠯᠴᠢ ᠡᠯᠧᠶᠠᠽᠠᠷ ᠨᠠᠷ ᠢᠰᠷᠧᠯᠴᠦᠳ ᠲᠦ ᠵᠠᠬᠢᠨ᠄ 4 《ᠶᠣᠬᠣᠸᠠ ᠶᠢᠨ ᠮᠣᠰᠧ ᠳᠤ ᠲᠤᠰᠢᠶᠠᠭᠰᠠᠨ ᠶᠣᠰᠣᠭᠠᠷ ᠬᠣᠷᠢ ᠪᠠ ᠲᠡᠭᠦᠨ ᠡᠴᠡ ᠳᠡᠭᠡᠭᠰᠢ ᠨᠠᠰᠤᠨ ᠤ ᠡᠷᠡᠴᠦᠳ ᠦᠨ ᠲᠣᠭ᠎ᠠ ᠶᠢ ᠠᠪ》 ᠭᠡᠯᠡ᠃ ᠳᠠᠷᠠᠭᠠᠬᠢ ᠨᠢ ᠶᠧᠵᠢᠫᠲ ᠡᠴᠡ ᠭᠠᠷᠤᠭᠰᠠᠨ ᠢᠰᠷᠧᠯᠴᠦᠳ ᠦᠨ ᠦᠷ᠎ᠡ ᠬᠣᠢᠴᠢ ᠶᠤᠮ᠃
5 ᠢᠰᠷᠧᠯ ᠤᠨ ᠤᠤᠭᠠᠨ ᠬᠦᠦ ᠷᠧᠣᠪᠧᠨ ᠤ ᠦᠷ᠎ᠡ ᠤᠳᠤᠮ ᠭᠡᠪᠡᠯ᠂ ᠬᠠᠨᠣᠺ ᠠᠴᠠ ᠭᠠᠷᠤᠭᠰᠠᠨ ᠬᠠᠨᠣᠺᠴᠤᠳ ᠤᠨ ᠠᠢᠮᠠᠭ᠂ ᠫᠠᠯᠦ᠋ ᠡᠴᠡ ᠭᠠᠷᠤᠭᠰᠠᠨ ᠫᠠᠯᠦ᠋ᠴᠤᠳ ᠤᠨ ᠠᠢᠮᠠᠭ᠂ 6 ᠾᠧᠽᠷᠣᠨ ᠠᠴᠠ ᠭᠠᠷᠤᠭᠰᠠᠨ ᠾᠧᠽᠷᠣᠨᠴᠤᠳ ᠤᠨ ᠠᠢᠮᠠᠭ᠂ ᠺᠠᠷᠮᠢ ᠡᠴᠡ ᠭᠠᠷᠤᠭᠰᠠᠨ ᠺᠠᠷᠮᠢᠴᠤᠳ ᠤᠨ ᠠᠢᠮᠠᠭ ᠶᠤᠮ᠃ 7 ᠡᠳᠡᠭᠡᠷ ᠨᠢ ᠷᠧᠣᠪᠧᠨ ᠤ ᠠᠢᠮᠠᠭ ᠤᠳ ᠪᠥᠭᠡᠳ ᠲᠣᠭᠠᠯᠠᠭᠤᠯᠤᠭᠰᠠᠨ ᠬᠥᠮᠦᠰ ᠨᠢ ᠳᠥᠷᠪᠡᠨ ᠲᠦᠮᠡ ᠭᠤᠷᠪᠠᠨ ᠮᠢᠩ᠋ᠭ᠎ᠠ ᠳᠣᠯᠣᠭᠠᠨ ᠵᠠᠭᠤ ᠭᠤᠴᠢ ᠪᠠᠢᠪᠠ᠃ 8 ᠫᠠᠯᠦ᠋ ᠶᠢᠨ ᠬᠦᠦ ᠨᠢ ᠡᠯᠢᠶᠠᠪ᠂ 9 ᠡᠯᠢᠶᠠᠪ ᠤᠨ ᠬᠥᠪᠡᠭᠦᠳ ᠨᠢ ᠨᠧᠮᠦ᠋ᠶᠧᠯ᠂ ᠳ᠋ᠠᠲ᠋ᠠᠨ᠂ ᠠᠪᠢᠷᠠᠮ ᠨᠠᠷ ᠶᠤᠮ᠃ ᠳ᠋ᠠᠲ᠋ᠠᠨ᠂ ᠠᠪᠢᠷᠠᠮ ᠨᠠᠷ ᠨᠡᠢᠲᠡ ᠴᠢᠭᠤᠯᠭᠠᠨ ᠤ ᠰᠢᠯᠢᠳᠡᠭ ᠭᠡᠰᠢᠭᠦᠳ ᠪᠥᠭᠡᠳ ᠺᠣᠷᠠ ᠶᠢᠨ ᠪᠦᠯᠦᠭ ᠦᠨ ᠬᠢᠨ ᠶᠣᠬᠣᠸᠠ ᠶᠢᠨ ᠡᠰᠡᠷᠭᠦ ᠪᠣᠰᠬᠤ ᠳᠤ᠂ ᠲᠡᠳᠡᠨ ᠲᠡᠢ ᠨᠡᠢᠯᠡᠨ ᠮᠣᠰᠧ᠂ ᠠᠷᠣᠨ ᠨᠠᠷ ᠤᠨ ᠡᠰᠡᠷᠭᠦ ᠪᠣᠰᠣᠭᠰᠠᠨ ᠲᠡᠷᠡ ᠬᠥᠮᠦᠰ ᠪᠢᠯᠡ᠃ 10 ᠭᠠᠵᠠᠷ ᠠᠮᠠ ᠪᠠᠨ ᠨᠡᠭᠡᠭᠡᠨ᠂ ᠲᠡᠳᠡᠨ ᠢ ᠺᠣᠷᠠ ᠲᠠᠢ ᠬᠠᠮᠲᠤ ᠵᠠᠯᠭᠢᠭᠰᠠᠨ ᠶᠤᠮ᠃ ᠲᠡᠷᠡ ᠦᠶ᠎ᠡ ᠳᠦ ᠲᠡᠭᠦᠨ ᠦ ᠪᠦᠯᠦᠭ ᠦᠨ ᠬᠢᠨ ᠦᠬᠦᠵᠡᠭᠡᠭᠰᠡᠨ ᠪᠥᠭᠡᠳ ᠭᠠᠯ ᠭᠠᠷᠴᠤ᠂ ᠬᠣᠶᠠᠷ ᠵᠠᠭᠤ ᠲᠠᠪᠢᠨ ᠬᠥᠮᠦᠨ ᠢ ᠵᠠᠯᠭᠢᠭᠰᠠᠨ ᠪᠢᠯᠡ᠂ ᠡᠢᠨ ᠬᠦ ᠲᠡᠳᠡ ᠰᠡᠷᠡᠮᠵᠢᠯᠡᠭᠦᠯᠭᠡ ᠪᠣᠯᠵᠠᠢ᠃ 11 ᠭᠡᠪᠡᠴᠦ ᠺᠣᠷᠠ ᠶᠢᠨ ᠦᠷ᠎ᠡ ᠤᠳᠤᠮ ᠲᠠᠰᠤᠷᠠᠭ᠎ᠠ ᠦᠭᠡᠢ᠃
12 ᠰᠢᠮᠧᠶᠣᠨ ᠤ ᠠᠢᠮᠠᠭ ᠤᠳ ᠭᠡᠪᠡᠯ᠂ ᠨᠧᠮᠦ᠋ᠶᠧᠯ ᠡᠴᠡ ᠭᠠᠷᠤᠭᠰᠠᠨ ᠨᠧᠮᠦ᠋ᠶᠧᠯᠴᠦᠳ ᠦᠨ ᠠᠢᠮᠠᠭ᠂ ᠶᠠᠮᠢᠨ ᠠᠴᠠ ᠭᠠᠷᠤᠭᠰᠠᠨ ᠶᠠᠮᠢᠨᠴᠤᠳ ᠤᠨ ᠠᠢᠮᠠᠭ᠂ ᠶᠠᠺᠢᠨ ᠠᠴᠠ ᠭᠠᠷᠤᠭᠰᠠᠨ ᠶᠠᠺᠢᠨᠴᠤᠳ ᠤᠨ ᠠᠢᠮᠠᠭ᠂ 13 ᠽᠧᠷᠠ ᠠᠴᠠ ᠭᠠᠷᠤᠭᠰᠠᠨ ᠽᠧᠷᠠᠴᠤᠳ ᠤᠨ ᠠᠢᠮᠠᠭ᠂ ᠱᠠᠦ᠋ᠯ ᠡᠴᠡ ᠭᠠᠷᠤᠭᠰᠠᠨ ᠱᠠᠦ᠋ᠯᠴᠤᠳ ᠤᠨ ᠠᠢᠮᠠᠭ ᠪᠠᠢᠪᠠ᠃ 14 ᠡᠳᠡ ᠨᠠᠷ ᠪᠣᠯ ᠰᠢᠮᠧᠶᠣᠨ ᠤ ᠠᠢᠮᠠᠭ ᠤᠳ ᠪᠥᠭᠡᠳ ᠬᠣᠶᠠᠷ ᠲᠦᠮᠡ ᠬᠣᠶᠠᠷ ᠮᠢᠩ᠋ᠭ᠎ᠠ ᠬᠣᠶᠠᠷ ᠵᠠᠭᠤᠨ ᠬᠥᠮᠦᠨ ᠪᠠᠢᠪᠠ᠃
15 ᠭᠠᠳ᠋ ᠤᠨ ᠠᠢᠮᠠᠭ ᠤᠳ ᠭᠡᠪᠡᠯ᠂ ᠽᠧᠹᠣᠨ ᠠᠴᠠ ᠭᠠᠷᠤᠭᠰᠠᠨ ᠽᠧᠹᠣᠨᠴᠤᠳ ᠤᠨ ᠠᠢᠮᠠᠭ᠂ ᠬᠠᠭᠢ ᠡᠴᠡ ᠭᠠᠷᠤᠭᠰᠠᠨ ᠬᠠᠭᠢᠴᠤᠳ ᠤᠨ ᠠᠢᠮᠠᠭ᠂ ᠱᠦᠨᠢ ᠡᠴᠡ ᠭᠠᠷᠤᠭᠰᠠᠨ ᠱᠦᠨᠢᠴᠦᠳ ᠦᠨ ᠠᠢᠮᠠᠭ᠂ 16 ᠣᠽᠨᠢ ᠡᠴᠡ ᠭᠠᠷᠤᠭᠰᠠᠨ ᠣᠽᠨᠢᠴᠤᠳ ᠤᠨ ᠠᠢᠮᠠᠭ᠂ ᠧᠷᠢ ᠡᠴᠡ ᠭᠠᠷᠤᠭᠰᠠᠨ ᠧᠷᠢᠴᠦᠳ ᠦᠨ ᠠᠢᠮᠠᠭ᠂ 17 ᠠᠷᠣᠳ᠋ ᠡᠴᠡ ᠭᠠᠷᠤᠭᠰᠠᠨ ᠠᠷᠣᠳ᠋ᠴᠤᠳ ᠤᠨ ᠠᠢᠮᠠᠭ᠂ ᠠᠷᠧᠯᠢ ᠡᠴᠡ ᠭᠠᠷᠤᠭᠰᠠᠨ ᠠᠷᠧᠯᠢᠴᠤᠳ ᠤᠨ ᠠᠢᠮᠠᠭ ᠪᠠᠢᠪᠠ᠃ 18 ᠡᠳᠡ ᠨᠠᠷ ᠪᠣᠯ ᠭᠠᠳ᠋ ᠤᠨ ᠠᠢᠮᠠᠭ ᠤᠳ ᠪᠥᠭᠡᠳ ᠲᠣᠭᠠᠯᠠᠭᠤᠯᠤᠭᠰᠠᠨ ᠬᠥᠮᠦᠰ ᠨᠢ ᠳᠥᠷᠪᠡᠨ ᠲᠦᠮᠡ ᠲᠠᠪᠤᠨ ᠵᠠᠭᠤ ᠪᠠᠢᠪᠠ᠃
19 ᠶᠦᠳᠠ ᠶᠢᠨ ᠬᠥᠪᠡᠭᠦᠳ ᠨᠢ ᠧᠷ᠂ ᠣᠨᠠᠨ ᠨᠠᠷ ᠪᠠᠢᠪᠠ᠃ ᠬᠠᠷᠢᠨ ᠧᠷ᠂ ᠣᠨᠠᠨ ᠬᠣᠶᠠᠷ ᠺᠠᠨᠠᠨ ᠨᠤᠲᠤᠭ ᠲᠤ ᠦᠬᠦᠭᠰᠡᠨ ᠶᠤᠮ᠃ 20 ᠶᠦᠳᠠ ᠶᠢᠨ ᠠᠢᠮᠠᠭ ᠤᠳ ᠭᠡᠪᠡᠯ᠂ ᠱᠧᠯᠠ ᠠᠴᠠ ᠭᠠᠷᠤᠭᠰᠠᠨ ᠱᠧᠯᠠᠴᠤᠳ ᠤᠨ ᠠᠢᠮᠠᠭ᠂ ᠫᠧᠷᠧᠽ ᠡᠴᠡ ᠭᠠᠷᠤᠭᠰᠠᠨ ᠫᠧᠷᠧᠽᠴᠦᠳ ᠦᠨ ᠠᠢᠮᠠᠭ᠂ ᠽᠧᠷᠠ ᠠᠴᠠ ᠭᠠᠷᠤᠭᠰᠠᠨ ᠽᠧᠷᠠᠴᠤᠳ ᠤᠨ ᠠᠢᠮᠠᠭ ᠪᠠᠢᠪᠠ᠃ 21 ᠫᠧᠷᠧᠽ ᠤᠨ ᠦᠷ᠎ᠡ ᠤᠳᠤᠮ ᠭᠡᠪᠡᠯ᠂ ᠾᠧᠽᠷᠣᠨ ᠠᠴᠠ ᠭᠠᠷᠤᠭᠰᠠᠨ ᠾᠧᠽᠷᠣᠨᠴᠤᠳ ᠤᠨ ᠠᠢᠮᠠᠭ᠂ ᠬᠠᠮᠦ᠋ᠯ ᠡᠴᠡ ᠭᠠᠷᠤᠭᠰᠠᠨ ᠬᠠᠮᠦ᠋ᠯᠴᠤᠳ ᠤᠨ ᠠᠢᠮᠠᠭ ᠪᠠᠢᠯ᠎ᠠ᠃ 22 ᠡᠳᠡ ᠨᠠᠷ ᠪᠣᠯ ᠶᠦᠳᠠ ᠶᠢᠨ ᠠᠢᠮᠠᠭ ᠤᠳ ᠪᠥᠭᠡᠳ ᠲᠣᠭᠠᠯᠠᠭᠤᠯᠤᠭᠰᠠᠨ ᠬᠥᠮᠦᠰ ᠨᠢ ᠳᠣᠯᠣᠭᠠᠨ ᠲᠦᠮᠡ ᠵᠢᠷᠭᠤᠭᠠᠨ ᠮᠢᠩ᠋ᠭ᠎ᠠ ᠲᠠᠪᠤᠨ ᠵᠠᠭᠤ ᠪᠠᠢᠪᠠ᠃
23 ᠢᠰᠠᠺᠠᠷ ᠤᠨ ᠠᠢᠮᠠᠭ ᠤᠳ ᠭᠡᠪᠡᠯ᠂ ᠲᠣᠯᠠ ᠠᠴᠠ ᠭᠠᠷᠤᠭᠰᠠᠨ ᠲᠣᠯᠠᠴᠤᠳ ᠤᠨ ᠠᠢᠮᠠᠭ᠂ ᠫᠦᠸᠠ ᠠᠴᠠ ᠭᠠᠷᠤᠭᠰᠠᠨ ᠫᠦᠸᠠᠴᠤᠳ ᠤᠨ ᠠᠢᠮᠠᠭ᠂ 24 ᠶᠠᠱᠦ᠋ᠪ ᠡᠴᠡ ᠭᠠᠷᠤᠭᠰᠠᠨ ᠶᠠᠱᠦ᠋ᠪᠴᠤᠳ ᠤᠨ ᠠᠢᠮᠠᠭ᠂ ᠱᠢᠮᠷᠣᠨ ᠠᠴᠠ ᠭᠠᠷᠤᠭᠰᠠᠨ ᠱᠢᠮᠷᠣᠨᠴᠤᠳ ᠤᠨ ᠠᠢᠮᠠᠭ ᠪᠠᠢᠪᠠ᠃ 25 ᠡᠳᠡ ᠨᠠᠷ ᠪᠣᠯ ᠢᠰᠠᠺᠠᠷ ᠤᠨ ᠠᠢᠮᠠᠭ ᠤᠳ ᠪᠥᠭᠡᠳ ᠲᠣᠭᠠᠯᠠᠭᠤᠯᠤᠭᠰᠠᠨ ᠬᠥᠮᠦᠰ ᠨᠢ ᠵᠢᠷᠭᠤᠭᠠᠨ ᠲᠦᠮᠡ ᠳᠥᠷᠪᠡᠨ ᠮᠢᠩ᠋ᠭ᠎ᠠ ᠭᠤᠷᠪᠠᠨ ᠵᠠᠭᠤᠨ ᠬᠥᠮᠦᠨ ᠪᠠᠢᠪᠠ᠃
26 ᠽᠧᠪᠦ᠋ᠯᠣᠨ ᠤ ᠠᠢᠮᠠᠭ ᠤᠳ ᠭᠡᠪᠡᠯ᠂ ᠰᠧᠷᠧᠳ᠋ ᠡᠴᠡ ᠭᠠᠷᠤᠭᠰᠠᠨ ᠰᠧᠷᠧᠳ᠋ᠴᠦᠳ ᠦᠨ ᠠᠢᠮᠠᠭ᠂ ᠡᠯᠣᠨ ᠠᠴᠠ ᠭᠠᠷᠤᠭᠰᠠᠨ ᠡᠯᠣᠨᠴᠤᠳ ᠤᠨ ᠠᠢᠮᠠᠭ᠂ ᠶᠠᠯᠧᠯ ᠡᠴᠡ ᠭᠠᠷᠤᠭᠰᠠᠨ ᠶᠠᠯᠧᠯᠴᠤᠳ ᠤᠨ ᠠᠢᠮᠠᠭ ᠪᠠᠢᠪᠠ᠃ 27 ᠡᠳᠡ ᠨᠠᠷ ᠪᠣᠯ ᠽᠧᠪᠦ᠋ᠯᠣᠨ ᠤ ᠠᠢᠮᠠᠭ ᠤᠳ ᠪᠥᠭᠡᠳ ᠲᠣᠭᠠᠯᠠᠭᠤᠯᠤᠭᠰᠠᠨ ᠬᠥᠮᠦᠰ ᠨᠢ ᠵᠢᠷᠭᠤᠭᠠᠨ ᠲᠦᠮᠡ ᠪᠥᠭᠡᠳ ᠲᠠᠪᠤᠨ ᠵᠠᠭᠤ ᠪᠠᠢᠪᠠ᠃
28 ᠶᠣᠰᠧᠹ ᠤᠨ ᠬᠥᠪᠡᠭᠦᠳ ᠪᠣᠯᠬᠤ ᠮᠠᠨᠠᠰᠧ᠂ ᠡᠹᠷᠠᠢᠮ ᠬᠣᠶᠠᠷ ᠤᠨ ᠠᠢᠮᠠᠭ ᠤᠳ᠄ 29 ᠮᠠᠨᠠᠰᠧ ᠶᠢᠨ ᠦᠷ᠎ᠡ ᠤᠳᠤᠮ ᠭᠡᠪᠡᠯ᠂ ᠮᠠᠺᠢᠷ ᠠᠴᠠ ᠭᠠᠷᠤᠭᠰᠠᠨ ᠮᠠᠺᠢᠷᠴᠤᠳ ᠤᠨ ᠠᠢᠮᠠᠭ ᠶᠤᠮ᠃ ᠮᠠᠺᠢᠷ ᠨᠢ ᠭᠢᠯᠧᠶᠠᠳ᠋ ᠤᠨ ᠡᠴᠢᠭᠡ ᠪᠣᠯᠵᠠᠢ᠃ ᠭᠢᠯᠧᠶᠠᠳ᠋ ᠡᠴᠡ ᠭᠢᠯᠧᠶᠠᠳ᠋ᠴᠤᠳ ᠤᠨ ᠠᠢᠮᠠᠭ ᠭᠠᠷᠤᠭᠰᠠᠨ ᠪᠢᠯᠡ᠃ 30 ᠭᠢᠯᠧᠶᠠᠳ᠋ ᠤᠨ ᠦᠷ᠎ᠡ ᠤᠳᠤᠮ ᠭᠡᠪᠡᠯ᠂ ᠶᠧᠽᠧᠷ ᠡᠴᠡ ᠭᠠᠷᠤᠭᠰᠠᠨ ᠶᠧᠽᠧᠷᠴᠦᠳ ᠦᠨ ᠠᠢᠮᠠᠭ᠂ ᠾᠧᠯᠧᠺ ᠡᠴᠡ ᠭᠠᠷᠤᠭᠰᠠᠨ ᠾᠧᠯᠧᠺᠴᠦᠳ ᠦᠨ ᠠᠢᠮᠠᠭ᠂ 31 ᠠᠰᠷᠢᠶᠧᠯ ᠡᠴᠡ ᠭᠠᠷᠤᠭᠰᠠᠨ ᠠᠰᠷᠢᠶᠧᠯᠴᠤᠳ ᠤᠨ ᠠᠢᠮᠠᠭ᠂ ᠱᠧᠬᠧᠮ ᠡᠴᠡ ᠭᠠᠷᠤᠭᠰᠠᠨ ᠱᠧᠬᠧᠮᠴᠦᠳ ᠦᠨ ᠠᠢᠮᠠᠭ᠂ 32 ᠱᠧᠮᠢᠳᠠ ᠠᠴᠠ ᠭᠠᠷᠤᠭᠰᠠᠨ ᠱᠧᠮᠢᠳᠠᠴᠤᠳ ᠤᠨ ᠠᠢᠮᠠᠭ᠂ ᠾᠧᠹᠧᠷ ᠡᠴᠡ ᠭᠠᠷᠤᠭᠰᠠᠨ ᠾᠧᠹᠧᠷᠴᠦᠳ ᠦᠨ ᠠᠢᠮᠠᠭ ᠪᠠᠢᠪᠠ᠃ 33 ᠾᠧᠹᠧᠷ ᠤᠨ ᠬᠦᠦ ᠽᠧᠯᠣᠹᠧᠬᠠᠳ᠋ ᠲᠤ ᠬᠥᠪᠡᠭᠦᠨ ᠦᠭᠡᠢ᠂ ᠵᠥᠪᠬᠡᠨ ᠥᠬᠢᠳ ᠲᠠᠢ ᠪᠠᠢᠵᠠᠢ᠃ ᠽᠧᠯᠣᠹᠧᠬᠠᠳ᠋ ᠤᠨ ᠥᠬᠢᠳ ᠤᠨ ᠨᠡᠷᠡᠰ ᠨᠢ ᠮᠠᠯᠠ᠂ ᠨᠣᠶᠠ᠂ ᠬᠣᠭᠯᠠ᠂ ᠮᠢᠯᠺᠠ᠂ ᠲᠢᠷᠽᠠ ᠨᠠᠷ ᠶᠤᠮ᠃ 34 ᠡᠳᠡ ᠨᠠᠷ ᠪᠣᠯ ᠮᠠᠨᠠᠰᠧ ᠶᠢᠨ ᠠᠢᠮᠠᠭ ᠤᠳ ᠪᠥᠭᠡᠳ ᠲᠣᠭᠠᠯᠠᠭᠤᠯᠤᠭᠰᠠᠨ ᠬᠥᠮᠦᠰ ᠨᠢ ᠲᠠᠪᠤᠨ ᠲᠦᠮᠡ ᠬᠣᠶᠠᠷ ᠮᠢᠩ᠋ᠭ᠎ᠠ ᠳᠣᠯᠣᠭᠠᠨ ᠵᠠᠭᠤ ᠪᠠᠢᠪᠠ᠃
35 ᠡᠹᠷᠠᠢᠮ ᠤᠨ ᠠᠢᠮᠠᠭ ᠤᠳ ᠭᠡᠪᠡᠯ᠂ ᠱᠦᠲ᠋ᠧᠯᠠ ᠠᠴᠠ ᠭᠠᠷᠤᠭᠰᠠᠨ ᠱᠦᠲ᠋ᠧᠯᠠᠴᠤᠳ ᠤᠨ ᠠᠢᠮᠠᠭ᠂ ᠪᠧᠺᠧᠷ ᠡᠴᠡ ᠭᠠᠷᠤᠭᠰᠠᠨ ᠪᠧᠺᠧᠷᠴᠦᠳ ᠦᠨ ᠠᠢᠮᠠᠭ᠂ ᠲᠠᠬᠠᠨ ᠠᠴᠠ ᠭᠠᠷᠤᠭᠰᠠᠨ ᠲᠠᠬᠠᠨᠴᠤᠳ ᠤᠨ ᠠᠢᠮᠠᠭ ᠪᠠᠢᠪᠠ᠃ 36 ᠱᠦᠲ᠋ᠧᠯᠠ ᠶᠢᠨ ᠬᠥᠪᠡᠭᠦᠳ ᠨᠢ ᠧᠷᠠᠨ ᠠᠴᠠ ᠭᠠᠷᠤᠭᠰᠠᠨ ᠧᠷᠠᠨᠴᠤᠳ ᠤᠨ ᠠᠢᠮᠠᠭ ᠪᠠᠢᠯ᠎ᠠ᠃ 37 ᠡᠳᠡ ᠨᠠᠷ ᠪᠣᠯ ᠡᠹᠷᠠᠢᠮ ᠤᠨ ᠠᠢᠮᠠᠭ ᠤᠳ ᠪᠥᠭᠡᠳ ᠲᠣᠭᠠᠯᠠᠭᠤᠯᠤᠭᠰᠠᠨ ᠬᠥᠮᠦᠰ ᠨᠢ ᠭᠤᠷᠪᠠᠨ ᠲᠦᠮᠡ ᠬᠣᠶᠠᠷ ᠮᠢᠩ᠋ᠭ᠎ᠠ ᠲᠠᠪᠤᠨ ᠵᠠᠭᠤ ᠪᠠᠢᠪᠠ᠃ ᠡᠳᠡ ᠪᠣᠯ ᠶᠣᠰᠧᠹ ᠤᠨ ᠠᠢᠮᠠᠭ ᠤᠳ ᠶᠤᠮ᠃
38 ᠪᠢᠨᠶᠠᠮᠢᠨ ᠤ ᠠᠢᠮᠠᠭ ᠤᠳ ᠭᠡᠪᠡᠯ᠂ ᠪᠧᠯᠠ ᠠᠴᠠ ᠭᠠᠷᠤᠭᠰᠠᠨ ᠪᠧᠯᠠᠴᠤᠳ ᠤᠨ ᠠᠢᠮᠠᠭ᠂ ᠠᠱᠪᠧᠯ ᠡᠴᠡ ᠭᠠᠷᠤᠭᠰᠠᠨ ᠠᠱᠪᠧᠯᠴᠤᠳ ᠤᠨ ᠠᠢᠮᠠᠭ᠂ ᠠᠾᠢᠷᠠᠮ ᠠᠴᠠ ᠭᠠᠷᠤᠭᠰᠠᠨ ᠠᠾᠢᠷᠠᠮᠴᠤᠳ ᠤᠨ ᠠᠢᠮᠠᠭ᠂ 39 ᠱᠦᠹᠠᠮ ᠠᠴᠠ ᠭᠠᠷᠤᠭᠰᠠᠨ ᠱᠦᠹᠠᠮᠴᠤᠳ ᠤᠨ ᠠᠢᠮᠠᠭ᠂ ᠾᠦᠹᠠᠮ ᠠᠴᠠ ᠭᠠᠷᠤᠭᠰᠠᠨ ᠾᠦᠹᠠᠮᠴᠤᠳ ᠤᠨ ᠠᠢᠮᠠᠭ ᠪᠠᠢᠪᠠ᠃ 40 ᠪᠧᠯᠠ ᠶᠢᠨ ᠬᠥᠪᠡᠭᠦᠳ ᠨᠢ ᠠᠷᠳ᠋᠂ ᠨᠠᠮᠠᠨ ᠨᠠᠷ ᠪᠠᠢᠭᠰᠠᠨ᠃ ᠠᠷᠳ᠋ ᠡᠴᠡ ᠠᠷᠳ᠋ᠴᠣᠳ ᠤᠨ ᠠᠢᠮᠠᠭ᠂ ᠨᠠᠶᠠᠮ ᠠᠴᠠ ᠨᠠᠶᠠᠮᠴᠤᠳ ᠤᠨ ᠠᠢᠮᠠᠭ ᠭᠠᠷᠤᠭᠰᠠᠨ ᠪᠢᠯᠡ᠃ 41 ᠡᠳᠡ ᠨᠠᠷ ᠪᠣᠯ ᠪᠢᠨᠶᠠᠮᠢᠨ ᠤ ᠠᠢᠮᠠᠭ ᠤᠳ ᠶᠤᠮ᠃ ᠲᠣᠭᠠᠯᠠᠭᠤᠯᠤᠭᠰᠠᠨ ᠬᠥᠮᠦᠰ ᠨᠢ ᠳᠥᠷᠪᠡᠨ ᠲᠦᠮᠡ ᠲᠠᠪᠤᠨ ᠮᠢᠩ᠋ᠭ᠎ᠠ ᠵᠢᠷᠭᠤᠭᠠᠨ ᠵᠠᠭᠤ ᠪᠠᠢᠯ᠎ᠠ᠃
42 ᠳ᠋ᠠᠨ ᠤ ᠠᠢᠮᠠᠭ ᠤᠳ ᠭᠡᠪᠡᠯ᠂ ᠱᠦᠬᠠᠮ ᠠᠴᠠ ᠱᠦᠬᠠᠮᠴᠤᠳ ᠤᠨ ᠠᠢᠮᠠᠭ ᠭᠠᠷᠪᠠ᠃ ᠡᠳᠡ ᠨᠠᠷ ᠪᠣᠯ ᠳ᠋ᠠᠨ ᠤ ᠠᠢᠮᠠᠭ ᠶᠤᠮ᠃ 43 ᠱᠦᠬᠠᠮᠴᠤᠳ ᠤᠨ ᠪᠦᠬᠦ ᠠᠢᠮᠠᠭ ᠠᠴᠠ ᠲᠣᠭᠠᠯᠠᠭᠤᠯᠤᠭᠰᠠᠨ ᠬᠥᠮᠦᠰ ᠨᠢ ᠵᠢᠷᠭᠤᠭᠠᠨ ᠲᠦᠮᠡ ᠳᠥᠷᠪᠡᠨ ᠮᠢᠩ᠋ᠭ᠎ᠠ ᠳᠥᠷᠪᠡᠨ ᠵᠠᠭᠤ ᠪᠠᠢᠯ᠎ᠠ᠃
44 ᠠᠱᠧᠷ ᠤᠨ ᠠᠢᠮᠠᠭ ᠤᠳ ᠭᠡᠪᠡᠯ᠂ ᠢᠮᠨᠠ ᠠᠴᠠ ᠭᠠᠷᠤᠭᠰᠠᠨ ᠢᠮᠨᠠᠴᠦᠳ ᠦᠨ ᠠᠢᠮᠠᠭ᠂ ᠢᠱ᠊ᠸᠢ ᠡᠴᠡ ᠭᠠᠷᠤᠭᠰᠠᠨ ᠢᠱ᠊ᠸᠢᠴᠦᠳ ᠦᠨ ᠠᠢᠮᠠᠭ᠂ ᠪᠧᠷᠢᠶ᠎ᠠ ᠠᠴᠠ ᠭᠠᠷᠤᠭᠰᠠᠨ ᠪᠧᠷᠢᠶᠠᠴᠤᠳ ᠤᠨ ᠠᠢᠮᠠᠭ ᠪᠠᠢᠪᠠ᠃ 45 ᠪᠧᠷᠢᠶ᠎ᠠ ᠶᠢᠨ ᠬᠥᠪᠡᠭᠦᠳ ᠡᠴᠡ ᠾᠧᠪᠧᠷ ᠡᠴᠡ ᠭᠠᠷᠤᠭᠰᠠᠨ ᠾᠧᠪᠧᠷᠴᠦᠳ ᠦᠨ ᠠᠢᠮᠠᠭ᠂ ᠮᠠᠯᠺᠢᠶᠧᠯ ᠡᠴᠡ ᠭᠠᠷᠤᠭᠰᠠᠨ ᠮᠠᠯᠺᠢᠶᠧᠯᠴᠤᠳ ᠤᠨ ᠠᠢᠮᠠᠭ ᠪᠠᠢᠪᠠ᠃ 46 ᠠᠱᠧᠷ ᠤᠨ ᠥᠬᠢᠨ ᠤ ᠨᠡᠷ᠎ᠡ ᠶᠢ ᠰᠧᠷᠠ ᠭᠡᠳᠡᠭ ᠪᠠᠢᠪᠠ᠃ 47 ᠡᠳᠡ ᠨᠠᠷ ᠪᠣᠯ ᠠᠱᠧᠷ ᠤᠨ ᠠᠢᠮᠠᠭ ᠤᠳ ᠪᠥᠭᠡᠳ ᠲᠣᠭᠠᠯᠠᠭᠤᠯᠤᠭᠰᠠᠨ ᠬᠥᠮᠦᠰ ᠨᠢ ᠲᠠᠪᠤᠨ ᠲᠦᠮᠡ ᠭᠤᠷᠪᠠᠨ ᠮᠢᠩ᠋ᠭ᠎ᠠ ᠳᠥᠷᠪᠡᠨ ᠵᠠᠭᠤ ᠪᠠᠢᠯ᠎ᠠ᠃
48 ᠨᠠᠹᠲ᠋ᠠᠯᠢ ᠶᠢᠨ ᠠᠢᠮᠠᠭ ᠤᠳ ᠭᠡᠪᠡᠯ᠂ ᠶᠠᠽᠧᠯ ᠡᠴᠡ ᠭᠠᠷᠤᠭᠰᠠᠨ ᠶᠠᠽᠧᠯᠴᠤᠳ ᠤᠨ ᠠᠢᠮᠠᠭ᠂ ᠭᠦᠨᠢ ᠡᠴᠡ ᠭᠠᠷᠤᠭᠰᠠᠨ ᠭᠦᠨᠢᠴᠦᠳ ᠦᠨ ᠠᠢᠮᠠᠭ᠂ 49 ᠶᠧᠽᠧᠷ ᠡᠴᠡ ᠭᠠᠷᠤᠭᠰᠠᠨ ᠶᠧᠽᠧᠷᠴᠦᠳ ᠦᠨ ᠠᠢᠮᠠᠭ᠂ ᠱᠢᠯᠧᠮ ᠡᠴᠡ ᠭᠠᠷᠤᠭᠰᠠᠨ ᠱᠢᠯᠧᠮᠴᠦᠳ ᠦᠨ ᠠᠢᠮᠠᠭ ᠪᠠᠢᠪᠠ᠃ 50 ᠡᠳᠡ ᠨᠠᠷ ᠪᠣᠯ ᠨᠠᠹᠲ᠋ᠠᠯᠢ ᠶᠢᠨ ᠠᠢᠮᠠᠭ ᠤᠳ ᠪᠥᠭᠡᠳ ᠲᠣᠭᠠᠯᠠᠭᠤᠯᠤᠭᠰᠠᠨ ᠬᠥᠮᠦᠰ ᠨᠢ ᠳᠥᠷᠪᠡᠨ ᠲᠦᠮᠡ ᠲᠠᠪᠤᠨ ᠮᠢᠩ᠋ᠭ᠎ᠠ ᠳᠥᠷᠪᠡᠨ ᠵᠠᠭᠤ ᠪᠠᠢᠪᠠ᠃
51 ᠲᠡᠢᠨ ᠬᠦ ᠢᠰᠷᠧᠯᠴᠦᠳ ᠦᠨ ᠲᠣᠭᠠᠯᠠᠭᠤᠯᠤᠭᠰᠠᠨ ᠬᠥᠮᠦᠰ ᠨᠢ ᠵᠢᠷᠠᠨ ᠲᠦᠮᠡ ᠨᠢᠭᠡ ᠮᠢᠩ᠋ᠭ᠎ᠠ ᠳᠣᠯᠣᠭᠠᠨ ᠵᠠᠭᠤ ᠭᠤᠴᠢ ᠪᠠᠢᠯ᠎ᠠ᠃
52 ᠶᠣᠬᠣᠸᠠ ᠮᠣᠰᠧ ᠳᠤ ᠠᠢᠯᠠᠳᠤᠨ᠄ 53 《ᠭᠠᠵᠠᠷ ᠨᠤᠲᠤᠭ ᠢ ᠲᠡᠳᠡᠨ ᠦ ᠨᠡᠷ᠎ᠡ ᠪᠦᠷᠢᠳᠬᠡᠭᠦᠯᠦᠭᠰᠡᠨ ᠲᠣᠭᠠᠨ ᠤ ᠳᠠᠭᠠᠤ ᠥᠪ ᠪᠣᠯᠭᠠᠨ ᠬᠤᠪᠢᠶᠠᠵᠤ ᠥᠭ᠃ 54 ᠬᠥᠮᠦᠨ ᠣᠯᠠᠨ ᠲᠠᠢ ᠳᠤᠨᠢ ᠶᠡᠬᠡ ᠥᠪ ᠥᠭᠴᠦ᠂ ᠬᠥᠮᠦᠨ ᠴᠥᠭᠡᠨ ᠲᠡᠢ ᠳᠦᠨᠢ ᠪᠠᠭ᠎ᠠ ᠥᠪ ᠥᠭ᠃ ᠲᠣᠭᠠᠯᠠᠭᠤᠯᠤᠭᠰᠠᠨ ᠤ ᠳᠠᠭᠠᠤ ᠬᠥᠮᠦᠨ ᠲᠤᠰ ᠪᠦᠷᠢ ᠳᠤ ᠥᠪ ᠢ ᠨᠢ ᠥᠭ᠃ 55 ᠰᠢᠪᠠᠭ᠎ᠠ ᠲᠠᠲᠠᠵᠤ ᠯᠠ ᠲᠡᠷᠡ ᠨᠤᠲᠤᠭ ᠢ ᠬᠤᠪᠢᠶᠠᠬᠤ ᠶᠣᠰᠣᠲᠠᠢ᠃ ᠲᠡᠳᠡ ᠡᠴᠢᠭᠡ ᠡᠪᠦᠭᠡᠳ ᠦᠨ ᠢᠶᠠᠨ ᠣᠪᠣᠭ ᠤᠨ ᠲᠤᠰ ᠲᠤᠰ ᠤᠨ ᠨᠡᠷ᠎ᠡ ᠶᠢᠨ ᠳᠠᠭᠠᠤ ᠥᠪ ᠢᠶᠡᠨ ᠬᠦᠯᠢᠶᠡᠨ ᠠᠪᠬᠤ ᠪᠣᠯᠣᠨ᠎ᠠ᠃ 56 ᠣᠯᠠᠨ ᠬᠥᠮᠦᠨ ᠲᠡᠢ ᠣᠪᠣᠭ ᠤᠳ ᠬᠢᠭᠡᠳ ᠴᠥᠭᠡᠨ ᠬᠥᠮᠦᠨ ᠲᠡᠢ ᠣᠪᠣᠭ ᠤᠳ ᠲᠤ ᠲᠤᠰ ᠲᠤᠰ ᠲᠤᠨᠢ ᠰᠢᠪᠠᠭ᠎ᠠ ᠲᠠᠲᠠᠵᠤ ᠥᠪ ᠢ ᠨᠢ ᠬᠤᠪᠢᠶᠠᠬᠤ ᠶᠣᠰᠣᠲᠠᠢ》 ᠭᠡᠪᠡ᠃
57 ᠯᠧᠸᠢ ᠶᠢᠨ ᠠᠢᠮᠠᠭ ᠤᠳ ᠭᠡᠪᠡᠯ᠂ ᠭᠧᠷᠱᠣᠨ ᠠᠴᠠ ᠭᠠᠷᠤᠭᠰᠠᠨ ᠭᠧᠷᠱᠣᠨᠴᠤᠳ ᠤᠨ ᠠᠢᠮᠠᠭ᠂ ᠺᠣᠬᠠᠲ ᠠᠴᠠ ᠭᠠᠷᠤᠭᠰᠠᠨ ᠺᠣᠬᠠᠲ᠋ᠴᠤᠳ ᠤᠨ ᠠᠢᠮᠠᠭ᠂ ᠮᠧᠷᠠᠷᠢ ᠡᠴᠡ ᠭᠠᠷᠤᠭᠰᠠᠨ ᠮᠧᠷᠠᠷᠢᠴᠤᠳ ᠤᠨ ᠠᠢᠮᠠᠭ ᠪᠠᠢᠪᠠ᠃ 58 ᠯᠢᠪᠨᠢᠴᠦᠳ ᠦᠨ ᠠᠢᠮᠠᠭ᠂ ᠾᠧᠪᠷᠣᠨᠴᠤᠳ ᠤᠨ ᠠᠢᠮᠠᠭ᠂ ᠮᠠᠯᠢᠴᠤᠳ ᠤᠨ ᠠᠢᠮᠠᠭ᠂ ᠮᠦᠱᠢᠴᠦᠳ ᠦᠨ ᠠᠢᠮᠠᠭ᠂ ᠺᠣᠷᠠᠴᠤᠳ ᠤᠨ ᠠᠢᠮᠠᠭ ᠴᠤ ᠯᠧᠸᠢ ᠶᠢᠨ ᠠᠢᠮᠠᠭ ᠤᠳ ᠶᠤᠮ᠃ ᠺᠣᠬᠠᠲ ᠤᠨ ᠬᠦᠦ ᠨᠢ ᠠᠮᠷᠠᠮ ᠪᠥᠭᠡᠳ 59 ᠠᠮᠷᠠᠮ ᠤᠨ ᠡᠬᠡᠨᠡᠷ ᠨᠢ ᠶᠣᠺᠧᠪᠧᠳ᠋᠂ ᠲᠡᠷᠡ ᠪᠣᠯ ᠶᠧᠵᠢᠫᠲ ᠲᠤ ᠲᠥᠷᠥᠭᠰᠡᠨ ᠯᠧᠸᠢ ᠶᠢᠨ ᠬᠣᠢᠴᠢ ᠶᠤᠮ᠃ ᠲᠡᠷᠡ ᠪᠡᠷ ᠠᠮᠷᠠᠮ ᠳᠤ ᠠᠷᠣᠨ᠂ ᠮᠣᠰᠧ ᠪᠣᠯᠣᠨ ᠲᠡᠳᠡᠨ ᠦ ᠡᠭᠡᠴᠢ ᠮᠢᠷᠢᠶᠠᠮ ᠢ ᠲᠥᠷᠥᠭᠦᠯᠵᠦ ᠥᠭᠪᠡ᠃ 60 ᠠᠷᠣᠨ ᠤ ᠬᠥᠪᠡᠭᠦᠳ ᠨᠢ ᠨᠠᠳᠠᠪ ᠪᠠ ᠠᠪᠢᠾᠦ᠋᠂ ᠡᠯᠧᠶᠠᠽᠠᠷ ᠪᠠ ᠢᠲ᠋ᠠᠮᠠᠷ ᠪᠢᠯᠡ᠃ 61 ᠨᠠᠳᠠᠪ᠂ ᠠᠪᠢᠾᠦ᠋ ᠬᠣᠶᠠᠷ ᠶᠣᠬᠣᠸᠠ ᠶᠢᠨ ᠡᠮᠦᠨ᠎ᠡ ᠶᠣᠰᠣ ᠪᠤᠰᠤ ᠭᠠᠯ ᠡᠷᠭᠦᠬᠦ ᠦᠶ᠎ᠡ ᠳᠡᠭᠡᠨ ᠦᠬᠦᠭᠰᠡᠨ ᠶᠤᠮ᠃ 62 ᠯᠧᠸᠢᠴᠦᠳ ᠦᠨ ᠬᠤᠪᠢ ᠳᠤ᠂ ᠲᠣᠭᠠᠯᠠᠭᠤᠯᠤᠭᠰᠠᠨ ᠨᠢᠭᠡ ᠰᠠᠷ᠎ᠠ ᠲᠠᠢ ᠪᠠ ᠲᠡᠭᠦᠨ ᠡᠴᠡ ᠳᠡᠭᠡᠭᠰᠢ ᠨᠠᠰᠤᠨ ᠤ ᠪᠦᠬᠦ ᠡᠷ᠎ᠡ ᠬᠦᠢᠰᠦᠲᠡᠨ ᠬᠣᠶᠠᠷ ᠲᠦᠮᠡ ᠭᠤᠷᠪᠠᠨ ᠮᠢᠩ᠋ᠭ᠎ᠠ ᠪᠠᠢᠪᠠ᠃ ᠢᠰᠷᠧᠯᠴᠦᠳ ᠦᠨ ᠳᠤᠮᠳᠠ ᠲᠡᠳᠡᠨ ᠳᠦ ᠨᠣᠭᠳᠠᠬᠤ ᠥᠪ ᠪᠠᠢᠬᠤ ᠦᠭᠡᠢ ᠤᠴᠢᠷ ᠠᠴᠠ ᠲᠡᠳᠡ ᠢᠰᠷᠧᠯᠴᠦᠳ ᠦᠨ ᠲᠣᠭᠠᠯᠠᠯᠭ᠎ᠠ ᠳᠤ ᠣᠷᠣᠭᠰᠠᠨ ᠦᠭᠡᠢ᠃
63 ᠢᠰᠷᠧᠯᠴᠦᠳ ᠦᠨ ᠡᠨᠡ ᠬᠦ ᠬᠥᠮᠦᠨ ᠠᠮᠠ ᠶᠢᠨ ᠲᠣᠭᠠᠯᠠᠯᠭ᠎ᠠ ᠶᠢ ᠮᠣᠰᠧ ᠪᠣᠯᠣᠨ ᠲᠠᠬᠢᠯᠴᠢ ᠡᠯᠧᠶᠠᠽᠠᠷ ᠶᠧᠷᠢᠺᠣ ᠶᠢᠨ ᠴᠠᠭᠠᠨ᠎ᠠ ᠶᠣᠷᠳᠠᠨ ᠤ ᠬᠠᠵᠠᠭᠤ ᠳᠠᠬᠢ ᠮᠣᠶᠠᠪ ᠤᠨ ᠲᠠᠯ᠎ᠠ ᠳᠤ ᠬᠢᠭᠰᠡᠨ ᠶᠤᠮ᠃ 64 ᠭᠡᠪᠡᠴᠦ ᠰᠢᠨᠠᠢ ᠶᠢᠨ ᠴᠥᠯ ᠳᠤ ᠮᠣᠰᠧ ᠪᠣᠯᠣᠨ ᠲᠠᠬᠢᠯᠴᠢ ᠠᠷᠣᠨ ᠢᠶᠠᠷ ᠲᠣᠭᠠᠯᠠᠭᠤᠯᠤᠭᠰᠠᠨ ᠢᠰᠷᠧᠯᠴᠦᠳ ᠡᠴᠡ ᠡᠨᠡ ᠬᠦ ᠲᠣᠭᠠᠯᠠᠯᠭ᠎ᠠ ᠳᠤ ᠣᠷᠣᠭᠰᠠᠨ ᠬᠥᠮᠦᠨ ᠭᠠᠭᠴᠠ ᠴᠤ ᠦᠭᠡᠢ᠃ 65 ᠶᠣᠬᠣᠸᠠ ᠲᠡᠳᠡᠨ ᠦ ᠲᠤᠬᠠᠢ ᠳᠤ 《ᠯᠠᠪᠲᠠᠢ ᠴᠥᠯ ᠳᠤ ᠦᠬᠦᠵᠡᠭᠡᠬᠦ ᠪᠣᠯᠣᠨ᠎ᠠ》 ᠬᠡᠮᠡᠨ ᠠᠢᠯᠠᠳᠤᠭᠰᠠᠨ ᠤ ᠤᠯᠠᠮ ᠢᠶᠠᠷ ᠶᠧᠹᠦ᠋ᠨᠧ ᠶᠢᠨ ᠬᠦᠦ ᠺᠠᠯᠧᠪ ᠪᠣᠯᠣᠨ ᠨᠦᠨ ᠦ ᠬᠦᠦ ᠶᠣᠱᠦ᠋ᠶ᠎ᠠ ᠠᠴᠠ ᠭᠠᠳᠠᠨ᠎ᠠ ᠭᠠᠭᠴᠠ ᠴᠤ ᠬᠥᠮᠦᠨ ᠦᠯᠡᠳᠡᠭᠰᠡᠨ ᠦᠭᠡᠢ ᠪᠠᠢᠯ᠎ᠠ᠃