1 2 3 4 5 6 7 8 9 10 11 12 13 14 15 16 17 18 19 20 21 22 23 24 25 26 27 28 29 30 31 32 33 34 35 36


ᠲᠣᠭᠠᠯᠠᠯᠭ᠎ᠠ ᠭᠤᠴᠢ
 ᠲᠠᠩ᠋ᠭᠠᠷᠢᠭ ᠤᠨ ᠲᠤᠬᠠᠢ ᠲᠣᠭᠲᠠᠭᠠᠯ

1 ᠮᠣᠰᠧ ᠢᠰᠷᠧᠯ ᠤᠨ ᠣᠪᠣᠭ ᠪᠦᠷᠢ ᠶᠢᠨ ᠲᠦᠷᠦᠭᠦᠴᠦᠳ ᠲᠦ ᠬᠡᠯᠡᠨ᠄ 《ᠶᠣᠬᠣᠸᠠ ᠡᠭᠦᠨ ᠢ ᠲᠤᠰᠢᠶᠠᠭᠰᠠᠨ᠄ 2 ᠬᠡᠨ ᠨᠢᠭᠡ ᠨᠢ ᠶᠣᠬᠣᠸᠠ ᠳᠤ ᠲᠠᠩ᠋ᠭᠠᠷᠢᠭᠯᠠᠬᠤ᠂ ᠡᠰᠡᠪᠡᠯ ᠥᠪᠡᠷ ᠢ ᠪᠠᠨ ᠲᠡᠪᠴᠢᠬᠦ ᠪᠡᠷ ᠠᠨᠳᠠᠭᠠᠢᠯᠠᠪᠠᠯ᠂ ᠦᠭᠡ ᠪᠡᠨ ᠴᠤᠴᠠᠯᠵᠤ ᠪᠣᠯᠬᠤ ᠦᠭᠡᠢ᠂ ᠬᠡᠯᠡᠭᠰᠡᠨ ᠪᠦᠬᠦᠨ ᠢᠶᠡᠨ ᠪᠡᠶᠡᠯᠡᠭᠦᠯᠬᠦ ᠶᠣᠰᠣᠲᠠᠢ᠃

3 ᠬᠠᠷᠢᠨ ᠵᠠᠯᠠᠭᠤ ᠡᠮᠡᠭᠲᠡᠢ ᠡᠴᠢᠭᠡ ᠶᠢᠨ ᠢᠶᠠᠨ ᠭᠡᠷ ᠲᠦ ᠪᠠᠢᠬᠤ ᠳᠠᠭᠠᠨ ᠶᠣᠬᠣᠸᠠ ᠳᠤ ᠲᠠᠩ᠋ᠭᠠᠷᠢᠭᠯᠠᠬᠤ᠂ ᠡᠰᠡᠪᠡᠯ ᠥᠪᠡᠷ ᠢ ᠪᠠᠨ ᠲᠡᠪᠴᠢᠬᠦ ᠲᠣᠬᠢᠶᠠᠯᠳᠤᠯ ᠳᠤ᠂ 4 ᠡᠴᠢᠭᠡ ᠨᠢ ᠲᠡᠭᠦᠨ ᠦ ᠲᠠᠩ᠋ᠭᠠᠷᠢᠭ ᠪᠤᠶᠤ ᠥᠪᠡᠷ ᠢ ᠪᠠᠨ ᠲᠡᠪᠴᠢᠭᠰᠡᠨ ᠢ ᠰᠣᠨᠣᠰᠣᠭᠠᠳ ᠲᠡᠭᠦᠨ ᠳᠦ ᠶᠠᠭᠤ ᠴᠤ ᠬᠡᠯᠡᠬᠦ ᠦᠭᠡᠢ ᠪᠠᠢᠪᠠᠯ᠂ ᠥᠬᠢᠨ ᠲᠠᠩ᠋ᠭᠠᠷᠢᠭ ᠪᠣᠯᠭᠠᠨ ᠢᠶᠠᠨ ᠪᠡᠶᠡᠯᠡᠭᠦᠯᠵᠦ᠂ ᠥᠪᠡᠷ ᠢ ᠪᠠᠨ ᠲᠡᠪᠴᠢᠭᠰᠡᠨ ᠵᠦᠢᠯ ᠪᠦᠷᠢ ᠪᠠᠨ ᠰᠠᠬᠢᠬᠤ ᠶᠣᠰᠣᠲᠠᠢ᠃ 5 ᠭᠡᠪᠡᠴᠦ ᠡᠴᠢᠭᠡ ᠨᠢ ᠰᠣᠨᠣᠰᠣᠭᠰᠠᠨ ᠡᠳᠦᠷ ᠲᠡᠭᠡᠨ ᠲᠡᠭᠦᠨ ᠢ ᠬᠣᠷᠢᠭᠯᠠᠭᠰᠠᠨ ᠲᠣᠬᠢᠶᠠᠯᠳᠤᠯ ᠳᠤ᠂ ᠥᠬᠢᠨ ᠤ ᠲᠠᠩ᠋ᠭᠠᠷᠢᠭ᠂ ᠮᠥᠨ ᠥᠪᠡᠷ ᠢ ᠪᠠᠨ ᠲᠡᠪᠴᠢᠭᠰᠡᠨ ᠪᠦᠭᠦᠳᠡ ᠬᠦᠴᠦᠨ ᠦᠭᠡᠢ ᠪᠣᠯᠣᠨ᠎ᠠ᠃ ᠡᠴᠢᠭᠡ ᠨᠢ ᠲᠡᠭᠦᠨ ᠢ ᠬᠣᠷᠢᠭᠯᠠᠭᠰᠠᠨ ᠲᠤᠯᠠ ᠶᠣᠬᠣᠸᠠ ᠲᠡᠷᠡ ᠥᠬᠢᠨ ᠢ ᠥᠷᠥᠰᠢᠶᠡᠬᠦ ᠪᠣᠯᠣᠨ᠎ᠠ᠃

6 ᠡᠮᠡᠭᠲᠡᠢ ᠲᠠᠩ᠋ᠭᠠᠷᠢᠭᠯᠠᠭᠰᠠᠨ ᠤ ᠪᠠᠨ ᠳᠠᠷᠠᠭ᠎ᠠ᠂ ᠡᠰᠡᠪᠡᠯ ᠥᠪᠡᠷ ᠢ ᠪᠠᠨ ᠲᠡᠪᠴᠢᠬᠦ ᠪᠡᠷ ᠠᠮᠠ ᠠᠯᠳᠠᠭᠰᠠᠨ ᠤ ᠪᠠᠨ ᠳᠠᠷᠠᠭ᠎ᠠ᠂ ᠨᠥᠬᠥᠷ ᠲᠦ ᠭᠠᠷᠤᠭᠰᠠᠨ ᠲᠣᠬᠢᠶᠠᠯᠳᠤᠯ ᠳᠤ᠂ 7 ᠨᠥᠬᠥᠷ ᠨᠢ ᠰᠣᠨᠣᠰᠣᠭᠠᠳ᠂ ᠰᠣᠨᠣᠰᠣᠭᠰᠠᠨ ᠡᠳᠦᠷ ᠲᠡᠭᠡᠨ ᠲᠡᠭᠦᠨ ᠳᠦ ᠶᠠᠭᠤ ᠴᠤ ᠬᠡᠯᠡᠬᠦ ᠦᠭᠡᠢ ᠪᠣᠯ᠂ ᠲᠡᠷᠡ ᠡᠮᠡᠭᠲᠡᠢ ᠲᠠᠩ᠋ᠭᠠᠷᠢᠭ ᠢᠶᠠᠨ ᠪᠡᠶᠡᠯᠡᠭᠦᠯᠵᠦ᠂ ᠮᠥᠨ ᠥᠪᠡᠷ ᠢ ᠪᠠᠨ ᠲᠡᠪᠴᠢᠭᠰᠡᠨ ᠵᠦᠢᠯ ᠢᠶᠠᠨ ᠰᠠᠬᠢᠬᠤ ᠶᠣᠰᠣᠲᠠᠢ᠃ 8 ᠭᠡᠪᠡᠴᠦ ᠨᠥᠬᠥᠷ ᠨᠢ ᠰᠣᠨᠣᠰᠣᠭᠰᠠᠨ ᠡᠳᠦᠷ ᠲᠡᠭᠡᠨ ᠲᠡᠭᠦᠨ ᠢ ᠬᠣᠷᠢᠭᠯᠠᠭᠰᠠᠨ ᠲᠣᠬᠢᠶᠠᠯᠳᠤᠯ ᠳᠤ᠂ ᠲᠡᠷᠡ ᠡᠮᠡᠭᠲᠡᠢ ᠶᠢᠨ ᠲᠠᠯᠪᠢᠭᠰᠠᠨ ᠲᠠᠩ᠋ᠭᠠᠷᠢᠭ ᠪᠤᠶᠤ ᠥᠪᠡᠷ ᠢ ᠪᠠᠨ ᠲᠡᠪᠴᠢᠭᠰᠡᠨ ᠠᠮᠠ ᠠᠯᠳᠠᠯᠲᠠ ᠬᠦᠴᠦᠨ ᠦᠭᠡᠢ ᠪᠣᠯᠬᠤ ᠪᠥᠭᠡᠳ ᠶᠣᠬᠣᠸᠠ ᠲᠡᠷᠡ ᠡᠮᠡᠭᠲᠡᠢ ᠶᠢ ᠥᠷᠥᠰᠢᠶᠡᠬᠦ ᠪᠣᠯᠣᠨ᠎ᠠ᠃ 9 ᠪᠡᠯᠪᠡᠰᠦᠨ ᠡᠮᠡᠭᠲᠡᠢ ᠪᠤᠶᠤ ᠰᠠᠯᠤᠭᠰᠠᠨ ᠡᠮᠡᠭᠲᠡᠢ ᠶᠢᠨ ᠬᠤᠪᠢ ᠳᠤ᠂ ᠲᠠᠩ᠋ᠭᠠᠷᠢᠭ ᠢᠶᠠᠨ ᠴᠤ᠂ ᠥᠪᠡᠷ ᠢ ᠪᠠᠨ ᠲᠡᠪᠴᠢᠭᠰᠡᠨ ᠵᠦᠢᠯ ᠪᠦᠷᠢ ᠪᠠᠨ ᠴᠤ ᠥᠪᠡᠷ ᠢᠶᠡᠨ ᠰᠠᠬᠢᠬᠤ ᠶᠣᠰᠣᠲᠠᠢ᠃ 10 ᠨᠥᠬᠥᠷ ᠲᠡᠢ ᠪᠡᠨ ᠰᠠᠭᠤᠵᠤ ᠪᠤᠢ ᠡᠮᠡᠭᠲᠡᠢ ᠲᠠᠩ᠋ᠭᠠᠷᠢᠭᠯᠠᠭᠰᠠᠨ᠂ ᠡᠰᠡᠪᠡᠯ ᠥᠪᠡᠷ ᠢ ᠪᠠᠨ ᠲᠡᠪᠴᠢᠬᠦ ᠪᠡᠷ ᠠᠨᠳᠠᠭᠠᠢᠯᠠᠭᠰᠠᠨ ᠲᠣᠬᠢᠶᠠᠯᠳᠤᠯ ᠳᠤ᠂ 11 ᠬᠡᠷᠪᠡ ᠨᠥᠬᠥᠷ ᠨᠢ ᠰᠣᠨᠣᠰᠣᠭᠠᠳ ᠬᠣᠷᠢᠭᠯᠠᠭ᠎ᠠ ᠦᠭᠡᠢ᠂ ᠲᠡᠭᠦᠨ ᠳᠦ ᠶᠠᠭᠤ ᠴᠤ ᠬᠡᠯᠡᠭᠡ ᠦᠭᠡᠢ ᠪᠠᠢᠪᠠᠯ᠂ ᠲᠡᠷᠡ ᠡᠮᠡᠭᠲᠡᠢ ᠲᠠᠩ᠋ᠭᠠᠷᠢᠭ ᠪᠣᠯᠭᠠᠨ ᠢᠶᠠᠨ᠂ ᠥᠪᠡᠷ ᠢ ᠪᠠᠨ ᠲᠡᠪᠴᠢᠭᠰᠡᠨ ᠵᠦᠢᠯ ᠪᠦᠷᠢ ᠪᠠᠨ ᠰᠠᠬᠢᠬᠤ ᠶᠣᠰᠣᠲᠠᠢ᠃ 12 ᠭᠡᠪᠡᠴᠦ ᠨᠥᠬᠥᠷ ᠨᠢ ᠰᠣᠨᠣᠰᠣᠭᠰᠠᠨ ᠡᠳᠦᠷ ᠲᠡᠭᠡᠨ ᠲᠡᠳᠡᠭᠡᠷ ᠢ ᠬᠦᠴᠦᠨ ᠦᠭᠡᠢ ᠪᠣᠯᠭᠠᠭᠰᠠᠨ ᠪᠣᠯ᠂ ᠲᠡᠷᠡ ᠡᠮᠡᠭᠲᠡᠢ ᠶᠢᠨ ᠠᠮᠠᠨ ᠠᠴᠠ ᠭᠠᠷᠤᠭᠰᠠᠨ ᠲᠠᠩ᠋ᠭᠠᠷᠢᠭ ᠪᠤᠶᠤ ᠥᠪᠡᠷ ᠢ ᠪᠠᠨ ᠲᠡᠪᠴᠢᠭᠰᠡᠨ ᠵᠦᠢᠯ ᠪᠦᠷᠢ ᠬᠦᠴᠦᠨ ᠦᠭᠡᠢ ᠪᠣᠯᠬᠤ ᠪᠥᠭᠡᠳ ᠶᠣᠬᠣᠸᠠ ᠲᠡᠷᠡ ᠡᠮᠡᠭᠲᠡᠢ ᠶᠢ ᠥᠷᠥᠰᠢᠶᠡᠬᠦ ᠪᠣᠯᠣᠨ᠎ᠠ᠃ 13 ᠲᠡᠷᠡ ᠡᠮᠡᠭᠲᠡᠢ ᠶᠢᠨ ᠶᠠᠮᠠᠷ ᠴᠤ ᠲᠠᠩ᠋ᠭᠠᠷᠢᠭ᠂ ᠥᠪᠡᠷ ᠢ ᠪᠠᠨ ᠲᠡᠪᠴᠢᠭᠰᠡᠨ ᠵᠦᠢᠯ ᠪᠦᠷᠢ ᠶᠢ ᠨᠥᠬᠥᠷ ᠨᠢ ᠬᠦᠴᠦᠨ ᠲᠡᠢ ᠪᠣᠯᠭᠠᠬᠤ᠂ ᠡᠰᠡᠪᠡᠯ ᠬᠦᠴᠦᠨ ᠦᠭᠡᠢ ᠪᠣᠯᠭᠠᠬᠤ ᠡᠷᠬᠡ ᠲᠠᠢ᠃ 14 ᠭᠡᠪᠡᠴᠦ ᠨᠥᠬᠥᠷ ᠨᠢ ᠡᠳᠦᠷ ᠥᠩᠭᠡᠷᠡᠲᠡᠯ᠎ᠡ ᠲᠡᠭᠦᠨ ᠳᠦ ᠦᠨᠡᠬᠡᠷ ᠶᠠᠭᠤ ᠴᠤ ᠬᠡᠯᠡᠬᠦ ᠦᠭᠡᠢ ᠪᠠᠢᠪᠠᠯ᠂ ᠡᠮᠡᠭᠲᠡᠢ ᠶᠢᠨ ᠪᠦᠬᠦ ᠲᠠᠩ᠋ᠭᠠᠷᠢᠭ᠂ ᠥᠪᠡᠷ ᠢ ᠪᠠᠨ ᠲᠡᠪᠴᠢᠭᠰᠡᠨ ᠪᠦᠬᠦ ᠵᠦᠢᠯ ᠢ ᠲᠡᠢᠨ ᠬᠦ ᠲᠣᠭᠲᠠᠭᠠᠭᠰᠠᠨ ᠬᠡᠷᠡᠭ᠃ ᠨᠥᠬᠥᠷ ᠨᠢ ᠰᠣᠨᠣᠰᠣᠭᠰᠠᠨ ᠡᠳᠦᠷ ᠢᠶᠡᠨ ᠲᠡᠭᠦᠨ ᠳᠦ ᠶᠠᠭᠤ ᠴᠤ ᠬᠡᠯᠡᠭᠡ ᠦᠭᠡᠢ ᠪᠠᠢᠭᠰᠠᠨ ᠢᠶᠠᠷ ᠢᠶᠠᠨ ᠲᠡᠳᠡᠭᠡᠷ ᠢ ᠲᠣᠭᠲᠠᠭᠠᠭᠰᠠᠨ ᠪᠠᠢᠨ᠎ᠠ᠃ 15 ᠬᠠᠷᠢᠨ ᠰᠣᠨᠣᠰᠣᠭᠰᠠᠨ ᠤ ᠪᠠᠨ ᠳᠠᠷᠠᠭ᠎ᠠ ᠦᠨᠡᠬᠡᠷ ᠬᠦᠴᠦᠨ ᠦᠭᠡᠢ ᠪᠣᠯᠭᠠᠪᠠᠯ᠂ ᠡᠮᠡᠭᠲᠡᠢ ᠶᠢᠨ ᠭᠡᠮ ᠪᠤᠷᠤᠭᠤ ᠶᠢ ᠲᠡᠷᠡ ᠡᠭᠦᠷᠬᠦ ᠤᠴᠢᠷᠲᠠᠢ》 ᠭᠡᠪᠡ᠃

16 ᠡᠳᠡᠭᠡᠷ ᠨᠢ ᠨᠥᠬᠥᠷ ᠪᠠ ᠡᠬᠡᠨᠡᠷ ᠦᠨ ᠬᠣᠭᠣᠷᠣᠨᠳᠣ᠂ ᠮᠥᠨ ᠡᠴᠢᠭᠡ ᠶᠢᠨ ᠢᠶᠠᠨ ᠭᠡᠷ ᠲᠦ ᠰᠠᠭᠤᠵᠤ ᠪᠠᠢᠭ᠎ᠠ ᠵᠠᠯᠠᠭᠤ ᠥᠬᠢᠨ ᠪᠠ ᠡᠴᠢᠭᠡ ᠶᠢᠨ ᠬᠢᠨᠢ ᠬᠣᠭᠣᠷᠣᠨᠳᠣᠬᠢ ᠬᠠᠷᠢᠯᠴᠠᠭᠠᠨ ᠤ ᠲᠤᠬᠠᠢ ᠶᠣᠬᠣᠸᠠ ᠶᠢᠨ ᠮᠣᠰᠧ ᠳᠤ ᠲᠤᠰᠢᠶᠠᠭᠰᠠᠨ ᠶᠣᠰᠣ ᠵᠢᠷᠤᠮ ᠤᠳ ᠶᠤᠮ᠃