ᠲᠣᠭᠠᠯᠠᠯᠭ᠎ᠠ ᠳᠥᠷᠪᠡ
ᠺᠣᠬᠠᠲ᠋ᠴᠤᠳ
1 ᠶᠣᠬᠣᠸᠠ ᠮᠣᠰᠧ ᠠᠷᠣᠨ ᠳᠤ ᠠᠢᠯᠠᠳᠤᠨ᠄ 2 《ᠯᠧᠸᠢᠴᠦᠳ ᠦᠨ ᠳᠤᠮᠳᠠ ᠠᠴᠠ ᠺᠣᠬᠠᠲ᠋ᠴᠤᠳ ᠢ ᠰᠠᠯᠭᠠᠨ ᠲᠡᠳᠡᠨ ᠦ ᠲᠣᠭ᠎ᠠ ᠶᠢ ᠠᠢᠮᠠᠭ ᠤᠳ ᠢᠶᠠᠷ ᠨᠢ᠂ ᠭᠡᠷ ᠪᠦᠯᠢ ᠨᠦᠭᠦᠳ ᠢᠶᠡᠷ ᠨᠢ ᠪᠦᠷᠢᠳᠬᠡᠵᠦ᠂ 3 ᠠᠭᠤᠯᠵᠠᠯᠲᠠ ᠶᠢᠨ ᠴᠠᠴᠠᠷ ᠲᠤ ᠣᠷᠣᠵᠤ ᠠᠵᠢᠯ ᠬᠢᠵᠦ ᠴᠢᠳᠠᠬᠤ ᠭᠤᠴᠢ ᠡᠴᠡ ᠲᠠᠪᠢᠨ ᠨᠠᠰᠤᠨ ᠤ ᠬᠣᠭᠣᠷᠣᠨᠳᠣᠬᠢ ᠬᠥᠮᠦᠨ ᠪᠦᠷᠢ ᠶᠢ ᠲᠣᠭᠠᠯᠠ᠃ 4 ᠺᠣᠬᠠᠲ᠋ᠴᠤᠳ ᠠᠭᠤᠯᠵᠠᠯᠲᠠ ᠶᠢᠨ ᠴᠠᠴᠠᠷ ᠲᠤ ᠠᠷᠢᠭᠤᠨ ᠠᠴᠠ ᠠᠷᠢᠭᠤᠨ ᠵᠦᠢᠯᠡᠰ ᠢ ᠬᠠᠷᠢᠭᠤᠴᠠᠬᠤ ᠠᠵᠢᠯ ᠢ ᠬᠢᠬᠦ ᠪᠣᠯᠣᠨ᠎ᠠ᠃
5 ᠬᠤᠸᠠᠷᠠᠨ ᠬᠥᠳᠡᠯᠬᠦ ᠭᠡᠪᠡᠯ᠂ ᠠᠷᠣᠨ ᠪᠣᠯᠣᠨ ᠲᠡᠭᠦᠨ ᠦ ᠬᠥᠪᠡᠭᠦᠳ ᠳᠣᠲᠣᠭᠰᠢ ᠣᠷᠣᠵᠤ᠂ ᠬᠠᠯᠬᠠᠪᠴᠢ ᠬᠥᠰᠢᠭᠡ ᠶᠢ ᠪᠠᠭᠤᠯᠭᠠᠨ ᠠᠪᠴᠤ᠂ ᠲᠡᠭᠦᠨ ᠢᠶᠡᠷ ᠭᠡᠷᠡᠴᠢᠯᠡᠯ ᠦᠨ ᠠᠪᠳᠠᠷ᠎ᠠ ᠶᠢ ᠪᠦᠲᠡᠭᠡᠬᠦ ᠶᠣᠰᠣᠲᠠᠢ᠃ 6 ᠲᠡᠳᠡ ᠲᠡᠭᠦᠨ ᠳᠡᠭᠡᠷ᠎ᠡ ᠳᠠᠯᠠᠢ ᠶᠢᠨ ᠭᠠᠬᠠᠢ ᠶᠢᠨ ᠠᠷᠠᠰᠤᠨ ᠪᠦᠲᠡᠭᠡᠯᠭᠡ ᠶᠢ ᠲᠠᠯᠪᠢᠵᠤ᠂ ᠳᠡᠭᠡᠭᠦᠷ ᠨᠢ ᠭᠦᠨ ᠬᠥᠬᠡ ᠪᠥᠰ ᠢᠶᠡᠷ ᠪᠦᠲᠡᠭᠡᠵᠦ᠂ ᠬᠥᠨᠳᠡᠯᠡᠪᠴᠢ ᠨᠦᠭᠦᠳ ᠢ ᠨᠢ ᠰᠢᠷᠭᠤᠭᠤᠯᠤᠨᠠ᠃ 7 ᠲᠡᠳᠡ ᠲᠠᠪᠢᠭ ᠪᠣᠣᠪᠣ ᠶᠢᠨ ᠰᠢᠷᠡᠭᠡ ᠶᠢ ᠬᠥᠬᠡ ᠪᠥᠰ ᠢᠶᠡᠷ ᠪᠦᠲᠡᠭᠡᠵᠦ᠂ ᠲᠡᠭᠦᠨ ᠳᠡᠭᠡᠷ᠎ᠡ ᠲᠠᠪᠠᠭ ᠤᠳ᠂ ᠰᠢᠨᠠᠭ᠎ᠠ ᠨᠤᠭᠤᠳ ᠪᠣᠯᠣᠨ ᠠᠶᠠᠭ᠎ᠠ ᠨᠤᠭᠤᠳ᠂ ᠤᠮᠳᠠᠭᠠᠨ ᠡᠷᠭᠦᠯ ᠳᠦ ᠵᠣᠷᠢᠭᠤᠯᠤᠭᠰᠠᠨ ᠯᠣᠩ᠋ᠬᠤ ᠨᠤᠭᠤᠳ ᠢ ᠲᠠᠯᠪᠢᠬᠤ ᠪᠥᠭᠡᠳ ᠰᠢᠷᠡᠭᠡᠨ ᠳᠡᠭᠡᠷ᠎ᠡ ᠪᠠᠢᠩ᠋ᠭᠤ ᠶᠢᠨ ᠪᠣᠣᠪᠣ ᠪᠠᠢᠯᠭᠠᠬᠤ ᠶᠣᠰᠣᠲᠠᠢ᠃ 8 ᠲᠡᠳᠡ ᠡᠳᠡᠭᠡᠷ ᠦᠨ ᠳᠡᠭᠡᠭᠦᠷ ᠬᠦᠷᠡᠩ ᠤᠯᠠᠭᠠᠨ ᠪᠥᠰ ᠢᠶᠡᠷ ᠪᠦᠲᠡᠭᠡᠵᠦ᠂ ᠲᠡᠭᠦᠨ ᠳᠡᠭᠡᠷ᠎ᠡ ᠳᠠᠯᠠᠢ ᠶᠢᠨ ᠭᠠᠬᠠᠢ ᠶᠢᠨ ᠠᠷᠠᠰᠤᠨ ᠪᠦᠲᠡᠭᠡᠯᠭᠡ ᠲᠠᠯᠪᠢᠵᠤ᠂ ᠬᠥᠨᠳᠡᠯᠡᠪᠴᠢ ᠨᠦᠭᠦᠳ ᠢ ᠨᠢ ᠰᠢᠷᠭᠤᠭᠤᠯᠤᠨᠠ᠃ 9 ᠲᠡᠭᠡᠭᠡᠳ ᠲᠡᠳᠡ ᠬᠥᠬᠡ ᠪᠥᠰ ᠠᠪᠴᠤ᠂ ᠭᠡᠷᠡᠯᠲᠦᠭᠦᠯᠦᠭᠴᠢ ᠳ᠋ᠧᠩ ᠤᠨ ᠲᠠᠯᠪᠢᠭᠤᠷ ᠢ ᠳ᠋ᠧᠩ ᠤᠳ ᠲᠠᠢ ᠨᠢ ᠬᠠᠮᠲᠤ᠂ ᠮᠥᠨ ᠴᠢᠮᠬᠢᠭᠦᠷ ᠤᠳ᠂ ᠦᠨᠡᠰᠦᠨ ᠰᠠᠪᠠ ᠨᠤᠭᠤᠳ ᠪᠣᠯᠣᠨ ᠡᠳᠡᠭᠡᠷ ᠲᠡᠢ ᠬᠠᠮᠲᠤ ᠬᠡᠷᠡᠭᠯᠡᠭᠳᠡᠳᠡᠭ ᠲᠣᠰᠣᠨ ᠤ ᠪᠦᠬᠦ ᠰᠠᠪᠠ ᠶᠢ ᠪᠦᠲᠡᠭᠡᠵᠦ᠂ 10 ᠲᠡᠷᠡ ᠲᠠᠯᠪᠢᠭᠤᠷ ᠪᠣᠯᠣᠨ ᠲᠡᠭᠦᠨ ᠦ ᠪᠦᠬᠦ ᠬᠡᠷᠡᠭᠰᠡᠯ ᠢ ᠳᠠᠬᠢᠨ ᠳᠠᠯᠠᠢ ᠶᠢᠨ ᠭᠠᠬᠠᠢ ᠶᠢᠨ ᠠᠷᠠᠰᠤ ᠪᠠᠷ ᠪᠣᠭᠣᠵᠤ ᠳᠠᠮᠨᠠᠭᠤᠷᠭ᠎ᠠ ᠶᠢᠨ ᠳᠡᠭᠡᠷ᠎ᠡ ᠲᠠᠯᠪᠢᠨ᠎ᠠ᠃ 11 ᠳᠠᠷᠠᠭ᠎ᠠ ᠨᠢ ᠠᠯᠲᠠᠨ ᠲᠠᠬᠢᠯ ᠤᠨ ᠰᠢᠷᠡᠭᠡᠨ ᠳᠡᠭᠡᠭᠦᠷ ᠬᠥᠬᠡ ᠪᠥᠰ ᠳᠡᠯᠭᠡᠵᠦ᠂ ᠲᠡᠭᠦᠨ ᠢ ᠳᠠᠯᠠᠢ ᠶᠢᠨ ᠭᠠᠬᠠᠢ ᠶᠢᠨ ᠠᠷᠠᠰᠤ ᠪᠠᠷ ᠪᠦᠲᠡᠭᠡᠭᠡᠳ ᠬᠥᠨᠳᠡᠯᠡᠪᠴᠢ ᠨᠦᠭᠦᠳ ᠢ ᠨᠢ ᠰᠢᠷᠭᠤᠭᠤᠯᠤᠨᠠ᠃ 12 ᠲᠡᠳᠡ ᠠᠷᠢᠭᠤᠨ ᠭᠠᠵᠠᠷ ᠲᠤ ᠦᠢᠯᠡᠴᠢᠯᠡᠬᠦ ᠳᠦ ᠬᠡᠷᠡᠭᠯᠡᠳᠡᠭ ᠪᠦᠬᠦ ᠬᠡᠷᠡᠭᠰᠡᠯ ᠢ ᠠᠪᠴᠤ᠂ ᠬᠥᠬᠡ ᠪᠥᠰ ᠢᠶᠡᠷ ᠪᠣᠭᠣᠵᠤ᠂ ᠳᠠᠯᠠᠢ ᠶᠢᠨ ᠭᠠᠬᠠᠢ ᠶᠢᠨ ᠠᠷᠠᠰᠤ ᠪᠠᠷ ᠪᠦᠲᠡᠭᠡᠨ ᠳᠠᠮᠨᠠᠭᠤᠷᠭ᠎ᠠ ᠶᠢᠨ ᠳᠡᠭᠡᠷ᠎ᠡ ᠲᠠᠯᠪᠢᠨ᠎ᠠ᠃ 13 ᠲᠡᠭᠡᠭᠡᠳ ᠲᠠᠬᠢᠯ ᠤᠨ ᠰᠢᠷᠡᠭᠡᠨ ᠡᠴᠡ ᠦᠨᠡᠰᠦ ᠶᠢ ᠨᠢ ᠵᠠᠢᠯᠠᠭᠤᠯᠵᠤ᠂ ᠳᠡᠭᠡᠭᠦᠷ ᠨᠢ ᠪᠣᠷᠣ ᠤᠯᠠᠭᠠᠨ ᠪᠥᠰ ᠢᠶᠡᠷ ᠪᠦᠲᠡᠭᠡᠨᠡ᠃ 14 ᠲᠡᠷᠡ ᠪᠥᠰ ᠳᠡᠭᠡᠷ᠎ᠡ᠂ ᠲᠡᠭᠦᠨ ᠦ ᠦᠢᠯᠡᠴᠢᠯᠡᠯ ᠳᠦ ᠬᠡᠷᠡᠭᠯᠡᠳᠡᠭ ᠪᠦᠬᠦ ᠬᠡᠷᠡᠭᠰᠡᠯ ᠪᠣᠯᠬᠤ ᠪᠣᠢᠫᠣᠷ᠂ ᠰᠡᠷᠡᠭᠡ᠂ ᠤᠳᠬᠤᠭᠤᠷ᠂ ᠤᠬᠢᠶᠠᠭᠤᠷ ᠵᠡᠷᠭᠡ ᠶᠢᠨ ᠲᠠᠬᠢᠯ ᠤᠨ ᠰᠢᠷᠡᠭᠡᠨ ᠳᠦ ᠦᠢᠯᠡᠴᠢᠯᠡᠬᠦ ᠳᠦ ᠬᠡᠷᠡᠭᠯᠡᠬᠦ ᠪᠦᠬᠦ ᠬᠡᠷᠡᠭᠰᠡᠯ ᠢ ᠲᠠᠯᠪᠢᠭᠠᠳ᠂ ᠳᠡᠭᠡᠭᠦᠷ ᠨᠢ ᠳᠠᠯᠠᠢ ᠶᠢᠨ ᠭᠠᠬᠠᠢ ᠶᠢᠨ ᠠᠷᠠᠰᠤᠨ ᠪᠦᠲᠡᠭᠡᠯᠭᠡ ᠪᠡᠷ ᠪᠦᠲᠡᠭᠡᠵᠦ᠂ ᠬᠥᠨᠳᠡᠯᠡᠪᠴᠢ ᠨᠦᠭᠦᠳ ᠢ ᠨᠢ ᠰᠢᠷᠭᠤᠭᠤᠯᠤᠨᠠ᠃ 15 ᠬᠤᠸᠠᠷᠠᠨ ᠬᠥᠳᠡᠯᠬᠦ ᠦᠶ᠎ᠡ ᠳᠦ ᠠᠷᠣᠨ ᠪᠠ ᠲᠡᠭᠦᠨ ᠦ ᠬᠥᠪᠡᠭᠦᠳ ᠠᠷᠢᠭᠤᠨ ᠵᠦᠢᠯᠡᠰ ᠬᠢᠭᠡᠳ ᠠᠷᠢᠭᠤᠨ ᠭᠠᠵᠠᠷ ᠤᠨ ᠪᠦᠬᠦ ᠬᠡᠷᠡᠭᠰᠡᠯ ᠢ ᠪᠦᠲᠡᠭᠡᠵᠦ ᠳᠠᠭᠤᠰᠬᠠᠪᠠᠯ᠂ ᠺᠣᠬᠠᠲ᠋ᠴᠤᠳ ᠢᠷᠡᠵᠦ ᠲᠡᠳᠡᠭᠡᠷ ᠢ ᠳᠠᠮᠨᠠᠵᠤ ᠶᠠᠪᠤᠨ᠎ᠠ᠃ ᠬᠠᠷᠢᠨ ᠲᠡᠳᠡ ᠠᠷᠢᠭᠤᠨ ᠵᠦᠢᠯᠡᠰ ᠲᠦ ᠬᠦᠷᠴᠦ ᠦᠯᠦ ᠪᠣᠯᠣᠨ᠎ᠠ᠂ ᠡᠰᠡ ᠲᠡᠭᠡᠪᠡᠯ ᠦᠬᠦᠬᠦ ᠪᠣᠯᠣᠨ᠎ᠠ᠃ ᠠᠭᠤᠯᠵᠠᠯᠲᠠ ᠶᠢᠨ ᠴᠠᠴᠠᠷ ᠳᠠᠬᠢ ᠡᠳᠡᠭᠡᠷ ᠵᠦᠢᠯ ᠢ ᠺᠣᠬᠠᠲ᠋ᠴᠤᠳ ᠳᠠᠮᠨᠠᠨ᠎ᠠ᠃
16 ᠲᠠᠬᠢᠯᠴᠢ ᠠᠷᠣᠨ ᠤ ᠬᠦᠦ ᠡᠯᠧᠶᠠᠽᠠᠷ ᠭᠡᠷᠡᠯᠲᠦᠭᠦᠯᠭᠡ ᠶᠢᠨ ᠲᠣᠰᠣ᠂ ᠠᠩᠬᠢᠯᠤᠭᠤᠨ ᠤᠲᠤᠯᠭ᠎ᠠ ᠨᠤᠭᠤᠳ᠂ ᠪᠠᠢᠩ᠋ᠭᠤ ᠶᠢᠨ ᠢᠳᠡᠭᠡᠨ ᠲᠠᠬᠢᠯ᠂ ᠲᠣᠰᠣᠯᠠᠯᠭ᠎ᠠ ᠶᠢᠨ ᠲᠣᠰᠣ ᠠᠴᠠ ᠠᠪᠤᠭᠠᠳ ᠠᠷᠢᠭᠤᠨ ᠭᠠᠵᠠᠷ ᠪᠣᠯᠣᠨ ᠲᠡᠭᠦᠨ ᠦ ᠬᠡᠷᠡᠭᠰᠡᠯ ᠤᠳ ᠵᠡᠷᠭᠡ ᠪᠦᠬᠦᠢᠯᠡ ᠣᠷᠣᠰᠢᠬᠤᠢ ᠶᠢᠨ ᠴᠠᠴᠠᠷ ᠪᠣᠯᠣᠨ ᠲᠡᠭᠦᠨ ᠳᠣᠲᠣᠷᠠᠬᠢ ᠪᠦᠬᠦᠨ ᠳᠦ ᠬᠠᠷᠢᠭᠤᠴᠠᠯᠭ᠎ᠠ ᠲᠠᠢ》 ᠭᠡᠯᠡ᠃
17 ᠶᠣᠬᠣᠸᠠ ᠮᠣᠰᠧ ᠠᠷᠣᠨ ᠬᠣᠶᠠᠷ ᠲᠤ ᠠᠢᠯᠠᠳᠤᠨ᠄ 18 《ᠺᠣᠬᠠᠲ᠋ᠴᠤᠳ ᠤᠨ ᠠᠢᠮᠠᠭ ᠲᠥᠷᠥᠯ ᠤᠳ ᠯᠧᠸᠢᠴᠦᠳ ᠦᠨ ᠳᠤᠮᠳᠠ ᠠᠴᠠ ᠲᠠᠰᠤᠷᠠᠵᠤ ᠪᠣᠯᠬᠤ ᠦᠭᠡᠢ᠃ 19 ᠲᠡᠳᠡ ᠠᠷᠢᠭᠤᠨ ᠠᠴᠠ ᠠᠷᠢᠭᠤᠨ ᠵᠦᠢᠯᠡᠰ ᠲᠦ ᠣᠢᠷᠠᠲᠤᠬᠤ ᠳᠠᠭᠠᠨ ᠦᠬᠦᠬᠦ ᠦᠭᠡᠢ ᠪᠠᠷ ᠠᠮᠢᠳᠤ ᠪᠠᠢᠬᠤ ᠶᠢᠨ ᠲᠤᠯᠠᠳᠠ ᠢᠩᠭᠢᠵᠦ ᠬᠢ᠄ ᠠᠷᠣᠨ ᠪᠣᠯᠣᠨ ᠲᠡᠭᠦᠨ ᠦ ᠬᠥᠪᠡᠭᠦᠳ ᠠᠷᠢᠭᠤᠨ ᠭᠠᠵᠠᠷ ᠲᠤ ᠣᠷᠣᠵᠤ᠂ ᠲᠡᠳᠡᠨ ᠦ ᠬᠥᠮᠦᠨ ᠪᠦᠷᠢ ᠳᠤ ᠥᠪᠡᠷᠰᠡᠳ ᠦᠨ ᠬᠢᠨᠢ ᠠᠵᠢᠯ ᠪᠣᠯᠣᠨ ᠠᠴᠢᠶ᠎ᠠ ᠶᠢ ᠳᠠᠭᠠᠭᠠᠯᠭᠠᠬᠤ ᠶᠣᠰᠣᠲᠠᠢ᠃ 20 ᠬᠠᠷᠢᠨ ᠺᠣᠬᠠᠲ᠋ᠴᠤᠳ ᠳᠣᠲᠣᠭᠰᠢ ᠣᠷᠣᠬᠤ ᠪᠤᠶᠤ ᠠᠷᠢᠭᠤᠨ ᠵᠦᠢᠯᠡᠰ ᠢ ᠬᠣᠷᠣᠮᠬᠠᠨ ᠵᠠᠭᠤᠷ᠎ᠠ ᠴᠤ ᠬᠠᠷᠠᠵᠤ ᠪᠣᠯᠬᠤ ᠦᠭᠡᠢ᠂ ᠡᠰᠡ ᠲᠡᠭᠡᠪᠡᠯ ᠲᠡᠳᠡ ᠦᠬᠦᠬᠦ ᠪᠣᠯᠣᠨ᠎ᠠ》 ᠭᠡᠯᠡ᠃
ᠭᠧᠷᠱᠣᠨᠴᠤᠳ
21 ᠶᠣᠬᠣᠸᠠ ᠮᠣᠰᠧ ᠳᠤ ᠠᠢᠯᠠᠳᠤᠨ᠄ 22 《ᠭᠧᠷᠱᠣᠨᠴᠤᠳ ᠢ ᠴᠤ ᠭᠡᠷ ᠪᠦᠯᠢ ᠨᠦᠭᠦᠳ ᠢᠶᠡᠷ ᠨᠢ᠂ ᠠᠢᠮᠠᠭ ᠤᠳ ᠢᠶᠠᠷ ᠨᠢ ᠪᠦᠷᠢᠳᠬᠡᠵᠦ 23 ᠠᠭᠤᠯᠵᠠᠯᠲᠠ ᠶᠢᠨ ᠴᠠᠴᠠᠷ ᠲᠤ ᠠᠵᠢᠯ ᠬᠢᠵᠦ ᠦᠢᠯᠡᠴᠢᠯᠡᠵᠦ ᠴᠢᠳᠠᠬᠤ ᠭᠤᠴᠢ ᠡᠴᠡ ᠲᠠᠪᠢᠨ ᠨᠠᠰᠤᠨ ᠤ ᠬᠣᠭᠣᠷᠣᠨᠳᠣᠬᠢ ᠬᠥᠮᠦᠨ ᠪᠦᠷᠢ ᠶᠢ ᠲᠣᠭᠠᠯᠠᠭᠲᠤᠨ᠃ 24 ᠭᠧᠷᠱᠣᠨᠴᠤᠳ ᠤᠨ ᠠᠢᠮᠠᠭ ᠤᠳ ᠠᠴᠢᠶ᠎ᠠ ᠵᠥᠭᠡᠭᠡᠬᠦ ᠵᠡᠷᠭᠡ ᠶᠢᠨ ᠠᠵᠢᠯ ᠢᠶᠠᠷ ᠢᠶᠠᠨ ᠡᠭᠦᠷᠭᠡ ᠪᠡᠨ ᠪᠡᠶᠡᠯᠡᠭᠦᠯᠬᠦ ᠪᠣᠯᠣᠨ᠎ᠠ᠃ 25 ᠲᠡᠳᠡ ᠠᠭᠤᠯᠵᠠᠯᠲᠠ ᠶᠢᠨ ᠴᠠᠴᠠᠷ ᠤᠨ ᠬᠥᠰᠢᠭᠡ ᠨᠦᠭᠦᠳ᠂ ᠴᠠᠴᠠᠷ ᠪᠣᠯᠣᠨ ᠲᠡᠭᠦᠨ ᠦ ᠪᠦᠷᠢᠶᠡᠰᠦ᠂ ᠡᠭᠦᠨ ᠦ ᠳᠡᠭᠡᠷ᠎ᠡ ᠲᠠᠯᠪᠢᠬᠤ ᠳᠠᠯᠠᠢ ᠶᠢᠨ ᠭᠠᠬᠠᠢ ᠶᠢᠨ ᠠᠷᠠᠰᠤᠨ ᠪᠦᠲᠡᠭᠡᠯᠭᠡ᠂ ᠠᠭᠤᠯᠵᠠᠯᠲᠠ ᠶᠢᠨ ᠴᠠᠴᠠᠷ ᠤᠨ ᠡᠭᠦᠳᠡᠨ ᠦ ᠬᠥᠰᠢᠭᠡ᠂ 26 ᠴᠠᠴᠠᠷ ᠪᠣᠯᠣᠨ ᠲᠠᠬᠢᠯ ᠤᠨ ᠰᠢᠷᠡᠭᠡᠨ ᠦ ᠲᠣᠭᠣᠷᠢᠨ ᠳᠠᠬᠢ ᠬᠠᠰᠢᠶᠠᠨ ᠤ ᠬᠥᠰᠢᠭᠡ ᠨᠦᠭᠦᠳ ᠪᠠ ᠬᠠᠰᠢᠶᠠᠨ ᠤ ᠬᠠᠭᠠᠯᠭᠠᠨ ᠤ ᠬᠥᠰᠢᠭᠡᠨ ᠡᠭᠦᠳᠡ᠂ ᠲᠡᠳᠡᠭᠡᠷ ᠦᠨ ᠣᠭᠣᠰᠣᠷ ᠬᠢᠭᠡᠳ ᠲᠡᠳᠡᠨ ᠦ ᠠᠵᠢᠯ ᠳᠤ ᠬᠡᠷᠡᠭᠯᠡᠬᠦ ᠠᠯᠢᠪᠠ ᠪᠠᠭᠠᠵᠢ ᠶᠢ ᠵᠥᠭᠡᠭᠡᠨ᠎ᠡ᠃ ᠲᠡᠳᠡ ᠡᠢᠨ ᠬᠦ ᠦᠢᠯᠡᠴᠢᠯᠡᠬᠦ ᠪᠥᠭᠡᠳ 27 ᠭᠧᠷᠱᠣᠨᠴᠤᠳ ᠤᠨ ᠪᠦᠬᠦ ᠦᠢᠯᠡᠴᠢᠯᠡᠯ᠂ ᠲᠤᠬᠠᠢᠯᠠᠪᠠᠯ ᠵᠥᠭᠡᠭᠡᠪᠦᠷᠢ ᠪᠤᠶᠤ ᠪᠤᠰᠤᠳ ᠠᠵᠢᠯ ᠨᠢ ᠠᠷᠣᠨ ᠪᠣᠯᠣᠨ ᠲᠡᠭᠦᠨ ᠦ ᠬᠥᠪᠡᠭᠦᠳ ᠦᠨ ᠲᠤᠰᠢᠶᠠᠯ ᠳᠣᠣᠷ᠎ᠠ ᠪᠠᠢᠬᠤ ᠶᠣᠰᠣᠲᠠᠢ᠃ ᠲᠠ ᠨᠠᠷ ᠳᠠᠮᠨᠠᠬᠤ ᠪᠦᠬᠦ ᠠᠴᠢᠶ᠎ᠠ ᠶᠢ ᠲᠡᠳᠡᠨ ᠳᠦ ᠬᠠᠷᠢᠭᠤᠴᠠᠭᠤᠯᠵᠤ ᠵᠠᠬᠢ᠃ 28 ᠡᠢᠮᠦ ᠠᠵᠢᠯ ᠢ ᠭᠧᠷᠱᠣᠨᠴᠤᠳ ᠤᠨ ᠠᠢᠮᠠᠭ ᠤᠳ ᠠᠭᠤᠯᠵᠠᠯᠲᠠ ᠶᠢᠨ ᠴᠠᠴᠠᠷ ᠲᠤ ᠬᠢᠬᠦ ᠪᠣᠯᠣᠨ᠎ᠠ᠃ ᠲᠡᠳᠡᠨ ᠦ ᠡᠭᠦᠷᠭᠡ ᠲᠠᠬᠢᠯᠴᠢ ᠠᠷᠣᠨ ᠤ ᠬᠦᠦ ᠢᠲ᠋ᠠᠮᠠᠷ ᠤᠨ ᠭᠠᠷ ᠳᠣᠣᠷ᠎ᠠ ᠪᠠᠢᠬᠤ ᠪᠣᠯᠣᠨ᠎ᠠ᠃
ᠮᠧᠷᠠᠷᠢᠴᠤᠳ
29 ᠮᠧᠷᠠᠷᠢᠴᠤᠳ ᠢ ᠴᠤ ᠠᠢᠮᠠᠭ ᠤᠳ ᠢᠶᠠᠷ ᠨᠢ᠂ ᠭᠡᠷ ᠪᠦᠯᠢ ᠨᠦᠭᠦᠳ ᠢᠶᠡᠷ ᠨᠢ ᠪᠦᠷᠢᠳᠬᠡᠵᠦ᠂ 30 ᠠᠭᠤᠯᠵᠠᠯᠲᠠ ᠶᠢᠨ ᠴᠠᠴᠠᠷ ᠲᠤ ᠣᠷᠣᠵᠤ ᠠᠵᠢᠯ ᠬᠢᠵᠦ ᠴᠢᠳᠠᠬᠤ ᠭᠤᠴᠢ ᠡᠴᠡ ᠲᠠᠪᠢᠨ ᠨᠠᠰᠤᠨ ᠤ ᠬᠣᠭᠣᠷᠣᠨᠳᠣᠬᠢ ᠬᠥᠮᠦᠨ ᠪᠦᠷᠢ ᠶᠢ ᠲᠣᠭᠠᠯᠠ᠃ 31 ᠠᠭᠤᠯᠵᠠᠯᠲᠠ ᠶᠢᠨ ᠴᠠᠴᠠᠷ ᠲᠤ ᠲᠡᠳᠡᠨ ᠦ ᠬᠢᠬᠦ ᠪᠦᠬᠦ ᠠᠵᠢᠯ ᠭᠡᠪᠡᠯ᠂ ᠴᠠᠴᠠᠷ ᠤᠨ ᠳ᠋ᠦᠨᠵᠡ ᠨᠦᠭᠦᠳ᠂ ᠲᠡᠭᠦᠨ ᠦ ᠬᠥᠨᠳᠡᠯᠡᠪᠴᠢ ᠮᠣᠳᠣᠳ᠂ ᠪᠠᠭᠠᠨ᠎ᠠ ᠨᠤᠭᠤᠳ ᠪᠣᠯᠣᠨ ᠤᠭᠯᠠᠭᠤᠷ ᠤᠳ᠂ 32 ᠮᠥᠨ ᠡᠷᠭᠢᠨ ᠲᠣᠭᠣᠷᠢᠨ ᠤ ᠬᠠᠰᠢᠶᠠᠨ ᠤ ᠪᠠᠭᠠᠨ᠎ᠠ ᠨᠤᠭᠤᠳ ᠢ ᠤᠭᠯᠠᠭᠤᠷ ᠤᠳ ᠲᠠᠢ ᠬᠠᠮᠲᠤ᠂ ᠪᠠᠰᠠ ᠭᠠᠳᠠᠰᠤ ᠨᠤᠭᠤᠳ᠂ ᠣᠭᠣᠰᠣᠷ ᠤᠳ ᠬᠢᠭᠡᠳ ᠠᠵᠢᠯ ᠳᠤ ᠬᠡᠷᠡᠭᠯᠡᠬᠦ ᠠᠯᠢᠪᠠ ᠪᠠᠭᠠᠵᠢ ᠶᠢ ᠵᠥᠭᠡᠭᠡᠬᠦ ᠪᠣᠯᠣᠨ᠎ᠠ᠃ ᠲᠠ ᠨᠠᠷ ᠲᠡᠳᠡᠨ ᠦ ᠳᠠᠮᠨᠠᠬᠤ ᠠᠯᠢᠪᠠ ᠬᠡᠷᠡᠭᠰᠡᠯ ᠦᠨ ᠨᠡᠷᠡᠰ ᠢ ᠭᠠᠷᠭᠠᠵᠤ ᠲᠡᠳᠡᠨ ᠳᠦ ᠬᠠᠷᠢᠭᠤᠴᠠᠭᠤᠯ᠃ 33 ᠮᠧᠷᠠᠷᠢᠴᠤᠳ ᠤᠨ ᠠᠢᠮᠠᠭ ᠤᠳ ᠲᠠᠬᠢᠯᠴᠢ ᠠᠷᠣᠨ ᠤ ᠬᠦᠦ ᠢᠲ᠋ᠠᠮᠠᠷ ᠤᠨ ᠭᠠᠷ ᠳᠣᠣᠷ᠎ᠠ ᠠᠭᠤᠯᠵᠠᠯᠲᠠ ᠶᠢᠨ ᠴᠠᠴᠠᠷ ᠤᠨ ᠲᠥᠯᠥᠭᠡ ᠦᠢᠯᠡᠴᠢᠯᠡᠬᠦ ᠳᠡᠭᠡᠨ ᠡᠢᠮᠦᠷᠬᠦ ᠠᠵᠢᠯ ᠢ ᠭᠦᠢᠴᠡᠳᠬᠡᠬᠦ ᠪᠣᠯᠣᠨ᠎ᠠ》 ᠭᠡᠪᠡ᠃
ᠯᠧᠸᠢᠴᠦᠳ ᠢ ᠠᠢᠮᠠᠭ ᠤᠳ ᠢᠶᠠᠷ ᠨᠢ ᠲᠣᠭᠠᠯᠠᠪᠠ
34 ᠮᠣᠰᠧ᠂ ᠠᠷᠣᠨ ᠪᠠ ᠨᠡᠢᠲᠡ ᠴᠢᠭᠤᠯᠭᠠᠨ ᠤ ᠤᠳᠤᠷᠢᠳᠤᠭᠴᠢᠳ ᠺᠣᠬᠠᠲ᠋ᠴᠤᠳ ᠢ ᠠᠢᠮᠠᠭ ᠤᠳ ᠢᠶᠠᠷ ᠨᠢ᠂ ᠭᠡᠷ ᠪᠦᠯᠢ ᠨᠦᠭᠦᠳ ᠢᠶᠡᠷ ᠨᠢ ᠪᠦᠷᠢᠳᠬᠡᠵᠦ᠂ 35 ᠠᠭᠤᠯᠵᠠᠯᠲᠠ ᠶᠢᠨ ᠴᠠᠴᠠᠷ ᠲᠤ ᠣᠷᠣᠵᠤ ᠠᠵᠢᠯ ᠬᠢᠵᠦ ᠴᠢᠳᠠᠬᠤ ᠭᠤᠴᠢ ᠡᠴᠡ ᠲᠠᠪᠢᠨ ᠨᠠᠰᠤᠨ ᠤ ᠬᠣᠭᠣᠷᠣᠨᠳᠣᠬᠢ ᠪᠦᠬᠦ ᠡᠷ᠎ᠡ ᠶᠢ ᠲᠣᠭᠠᠯᠠᠭᠰᠠᠨ ᠳᠤ᠂ 36 ᠠᠢᠮᠠᠭ ᠤᠳ ᠢᠶᠠᠷ ᠢᠶᠠᠨ ᠲᠣᠭᠠᠯᠠᠭᠤᠯᠤᠭᠰᠠᠨ ᠡᠷᠡᠴᠦᠳ ᠬᠣᠶᠠᠷ ᠮᠢᠩ᠋ᠭ᠎ᠠ ᠳᠣᠯᠣᠭᠠᠨ ᠵᠠᠭᠤ ᠲᠠᠪᠢ ᠪᠠᠢᠯ᠎ᠠ᠃ 37 ᠠᠭᠤᠯᠵᠠᠯᠲᠠ ᠶᠢᠨ ᠴᠠᠴᠠᠷ ᠲᠤ ᠦᠢᠯᠡᠴᠢᠯᠡᠬᠦ ᠺᠣᠬᠠᠲ ᠤᠨ ᠠᠢᠮᠠᠭ ᠤᠨ ᠬᠢᠨ ᠤ ᠪᠦᠬᠦ ᠲᠣᠭ᠎ᠠ ᠨᠢ ᠡᠨᠡ ᠪᠠᠢᠯ᠎ᠠ᠃ ᠶᠣᠬᠣᠸᠠ ᠶᠢᠨ ᠮᠣᠰᠧ ᠪᠠᠷ ᠳᠠᠮᠵᠢᠭᠤᠯᠤᠨ ᠵᠠᠬᠢᠭᠰᠠᠨ ᠶᠣᠰᠣᠭᠠᠷ ᠮᠣᠰᠧ᠂ ᠠᠷᠣᠨ ᠨᠠᠷ ᠲᠡᠳᠡᠨ ᠢ ᠲᠣᠭᠠᠯᠠᠭᠰᠠᠨ ᠪᠠᠢᠨ᠎ᠠ᠃
38 ᠭᠧᠷᠱᠣᠨᠴᠤᠳ ᠠᠢᠮᠠᠭ ᠤᠳ ᠢᠶᠠᠷ ᠢᠶᠠᠨ᠂ ᠮᠥᠨ ᠭᠡᠷ ᠪᠦᠯᠢ ᠨᠦᠭᠦᠳ ᠢᠶᠡᠷ ᠢᠶᠠᠨ ᠲᠣᠭᠠᠯᠠᠭᠤᠯᠪᠠ᠃ 39 ᠠᠭᠤᠯᠵᠠᠯᠲᠠ ᠶᠢᠨ ᠴᠠᠴᠠᠷ ᠲᠤ ᠣᠷᠣᠵᠤ ᠠᠵᠢᠯ ᠬᠢᠵᠦ ᠴᠢᠳᠠᠬᠤ ᠭᠤᠴᠢ ᠡᠴᠡ ᠲᠠᠪᠢᠨ ᠨᠠᠰᠤᠨ ᠤ ᠬᠣᠭᠣᠷᠣᠨᠳᠣᠬᠢ ᠪᠦᠬᠦ ᠡᠷ᠎ᠡ ᠶᠢ 40 ᠠᠢᠮᠠᠭ ᠤᠳ ᠢᠶᠠᠷ ᠨᠢ᠂ ᠭᠡᠷ ᠪᠦᠯᠢ ᠨᠦᠭᠦᠳ ᠢᠶᠡᠷ ᠨᠢ ᠲᠣᠭᠠᠯᠠᠭᠰᠠᠨ ᠳᠤ᠂ ᠬᠣᠶᠠᠷ ᠮᠢᠩ᠋ᠭ᠎ᠠ ᠵᠢᠷᠭᠤᠭᠠᠨ ᠵᠠᠭᠤ ᠭᠤᠴᠢ ᠪᠠᠢᠪᠠ᠃ 41 ᠠᠭᠤᠯᠵᠠᠯᠲᠠ ᠶᠢᠨ ᠴᠠᠴᠠᠷ ᠲᠤ ᠦᠢᠯᠡᠴᠢᠯᠡᠬᠦ ᠭᠧᠷᠱᠣᠨ ᠤ ᠠᠢᠮᠠᠭ ᠤᠨ ᠬᠢᠨ ᠤ ᠪᠦᠬᠦ ᠲᠣᠭ᠎ᠠ ᠡᠨᠡ ᠪᠠᠢᠯ᠎ᠠ᠃ ᠶᠣᠬᠣᠸᠠ ᠶᠢᠨ ᠮᠣᠰᠧ ᠪᠠᠷ ᠳᠠᠮᠵᠢᠭᠤᠯᠤᠨ ᠵᠠᠬᠢᠭᠰᠠᠨ ᠶᠣᠰᠣᠭᠠᠷ ᠮᠣᠰᠧ᠂ ᠠᠷᠣᠨ ᠨᠠᠷ ᠲᠡᠳᠡᠨ ᠢ ᠲᠣᠭᠠᠯᠠᠭᠰᠠᠨ ᠪᠠᠢᠨ᠎ᠠ᠃
42 ᠮᠧᠷᠠᠷᠢᠴᠤᠳ ᠴᠤ ᠠᠢᠮᠠᠭ ᠤᠳ ᠢᠶᠠᠷ ᠢᠶᠠᠨ᠂ ᠮᠥᠨ ᠭᠡᠷ ᠪᠦᠯᠢ ᠨᠦᠭᠦᠳ ᠢᠶᠡᠷ ᠢᠶᠠᠨ ᠲᠣᠭᠠᠯᠠᠭᠤᠯᠪᠠ᠃ 43 ᠠᠭᠤᠯᠵᠠᠯᠲᠠ ᠶᠢᠨ ᠴᠠᠴᠠᠷ ᠲᠤ ᠣᠷᠣᠵᠤ ᠠᠵᠢᠯ ᠬᠢᠵᠦ ᠴᠢᠳᠠᠬᠤ ᠭᠤᠴᠢ ᠡᠴᠡ ᠲᠠᠪᠢᠨ ᠨᠠᠰᠤᠨ ᠤ ᠬᠣᠭᠣᠷᠣᠨᠳᠣᠬᠢ ᠪᠦᠬᠦ ᠡᠷ᠎ᠡ ᠶᠢ᠂ 44 ᠠᠢᠮᠠᠭ ᠤᠳ ᠢᠶᠠᠷ ᠨᠢ᠂ ᠭᠡᠷ ᠪᠦᠯᠢ ᠨᠦᠭᠦᠳ ᠢᠶᠡᠷ ᠨᠢ ᠲᠣᠭᠠᠯᠠᠭᠰᠠᠨ ᠳᠤ᠂ ᠭᠤᠷᠪᠠᠨ ᠮᠢᠩ᠋ᠭ᠎ᠠ ᠬᠣᠶᠠᠷ ᠵᠠᠭᠤ ᠪᠠᠢᠪᠠ᠃ 45 ᠠᠭᠤᠯᠵᠠᠯᠲᠠ ᠶᠢᠨ ᠴᠠᠴᠠᠷ ᠲᠤ ᠦᠢᠯᠡᠴᠢᠯᠡᠬᠦ ᠮᠧᠷᠠᠷᠢ ᠶᠢᠨ ᠠᠢᠮᠠᠭ ᠤᠨ ᠬᠢᠨ ᠤ ᠪᠦᠬᠦ ᠲᠣᠭ᠎ᠠ ᠡᠨᠡ ᠪᠠᠢᠯ᠎ᠠ᠃ ᠶᠣᠬᠣᠸᠠ ᠶᠢᠨ ᠮᠣᠰᠧ ᠪᠠᠷ ᠳᠠᠮᠵᠢᠭᠤᠯᠤᠨ ᠵᠠᠬᠢᠭᠰᠠᠨ ᠶᠣᠰᠣᠭᠠᠷ ᠮᠣᠰᠧ᠂ ᠠᠷᠣᠨ ᠨᠠᠷ ᠲᠡᠳᠡᠨ ᠢ ᠲᠣᠭᠠᠯᠠᠭᠰᠠᠨ ᠪᠠᠢᠨ᠎ᠠ᠃
46 ᠲᠡᠢᠨ ᠬᠦ ᠮᠣᠰᠧ᠂ ᠠᠷᠣᠨ ᠪᠣᠯᠣᠨ ᠢᠰᠷᠧᠯ ᠤᠨ ᠤᠳᠤᠷᠢᠳᠤᠭᠴᠢᠳ ᠯᠧᠸᠢᠴᠦᠳ ᠪᠦᠭᠦᠳᠡ ᠶᠢ ᠠᠢᠮᠠᠭ ᠤᠳ ᠢᠶᠠᠷ ᠨᠢ᠂ ᠭᠡᠷ ᠪᠦᠯᠢ ᠨᠦᠭᠦᠳ ᠢᠶᠡᠷ ᠨᠢ ᠪᠦᠷᠢᠳᠬᠡᠵᠦ᠂ 47 ᠠᠭᠤᠯᠵᠠᠯᠲᠠ ᠶᠢᠨ ᠴᠠᠴᠠᠷ ᠲᠤ ᠣᠷᠣᠵᠤ ᠦᠢᠯᠡᠴᠢᠯᠡᠯ᠂ ᠵᠥᠭᠡᠭᠡᠪᠦᠷᠢ ᠵᠡᠷᠭᠡ ᠶᠢᠨ ᠠᠵᠢᠯ ᠬᠢᠵᠦ ᠴᠢᠳᠠᠬᠤ ᠭᠤᠴᠢ ᠡᠴᠡ ᠲᠠᠪᠢᠨ ᠨᠠᠰᠤᠨ ᠤ ᠬᠣᠭᠣᠷᠣᠨᠳᠣᠬᠢ ᠪᠦᠬᠦ ᠡᠷ᠎ᠡ ᠶᠢ ᠲᠣᠭᠠᠯᠠᠭᠰᠠᠨ ᠳᠤ᠂ 48 ᠨᠠᠢ᠌ᠮᠠᠨ ᠮᠢᠩ᠋ᠭ᠎ᠠ ᠲᠠᠪᠤᠨ ᠵᠠᠭᠤ ᠨᠠᠶᠠ ᠪᠠᠢᠪᠠ᠃ 49 ᠶᠣᠬᠣᠸᠠ ᠶᠢᠨ ᠵᠠᠬᠢᠭᠰᠠᠨ ᠶᠣᠰᠣᠭᠠᠷ ᠬᠥᠮᠦᠨ ᠪᠦᠷᠢ ᠦᠢᠯᠡᠴᠢᠯᠡᠬᠦ᠂ ᠡᠰᠡᠪᠡᠯ ᠵᠥᠭᠡᠭᠡᠬᠦ ᠠᠵᠢᠯ ᠲᠠᠢ ᠪᠠᠨ ᠬᠠᠮᠲᠤ ᠪᠦᠷᠢᠳᠬᠡᠭᠦᠯᠪᠡ᠃ ᠲᠡᠢᠨ ᠬᠦ ᠪᠦᠷᠢᠳᠬᠡᠭᠦᠯᠦᠭᠰᠡᠨ ᠨᠢ ᠶᠣᠬᠣᠸᠠ ᠶᠢᠨ ᠮᠣᠰᠧ ᠳᠤ ᠲᠤᠰᠢᠶᠠᠭᠰᠠᠨ ᠶᠣᠰᠣᠭᠠᠷ ᠪᠣᠯᠵᠠᠢ᠃