1 2 3 4 5 6 7 8 9 10 11 12 13 14 15 16 17 18 19 20 21 22 23 24 25 26 27 28 29 30 31 32 33 34 35 36


ᠲᠣᠭᠠᠯᠠᠯᠭ᠎ᠠ ᠭᠤᠴᠢᠨ ᠭᠤᠷᠪᠠ
 ᠢᠰᠷᠧᠯᠴᠦᠳ ᠦᠨ ᠠᠶᠠᠯᠠᠭᠰᠠᠨ ᠵᠠᠮ

1 ᠮᠣᠰᠧ᠂ ᠠᠷᠣᠨ ᠤ ᠭᠠᠷ ᠳᠣᠣᠷ᠎ᠠ᠂ ᠳᠠᠢᠴᠢᠳ ᠤᠨ ᠪᠠᠭ ᠤᠳ ᠢᠶᠠᠷ ᠢᠶᠠᠨ ᠶᠧᠵᠢᠫᠲ ᠡᠴᠡ ᠭᠠᠷᠤᠭᠰᠠᠨ ᠢᠰᠷᠧᠯᠴᠦᠳ ᠦᠨ ᠠᠶᠠᠨ ᠵᠠᠮ ᠨᠢ ᠡᠨᠡ ᠶᠤᠮ᠃ 2 ᠮᠣᠰᠧ ᠶᠣᠬᠣᠸᠠ ᠶᠢᠨ ᠲᠤᠰᠢᠶᠠᠯ ᠢᠶᠠᠷ ᠲᠡᠳᠡᠨ ᠦ ᠬᠥᠳᠡᠯᠵᠦ ᠠᠶᠠᠯᠠᠭᠰᠠᠨ ᠵᠠᠮ ᠢ ᠲᠡᠮᠳᠡᠭᠯᠡᠪᠡ᠃ ᠲᠡᠳᠡᠨ ᠦ ᠠᠶᠠᠯᠠᠵᠤ ᠬᠥᠳᠡᠯᠦᠭᠰᠡᠨ ᠵᠠᠮ ᠡᠨᠡ ᠶᠤᠮ᠄ 3 ᠲᠡᠳᠡ ᠠᠩ᠋ᠬᠠᠨ ᠤ ᠰᠠᠷ᠎ᠠ ᠶᠢᠨ ᠠᠷᠪᠠᠨ ᠲᠠᠪᠤᠨ ᠳᠤ᠂ ᠷᠠᠮᠧᠰᠧᠰ ᠡᠴᠡ ᠵᠠᠮ ᠳᠠᠭᠠᠨ ᠭᠠᠷᠴᠠᠢ᠃ ᠭᠡᠲᠦᠯᠭᠡᠭᠰᠡᠨ ᠦ ᠪᠠᠶᠠᠷ ᠤᠨ ᠳᠠᠷᠠᠭ᠎ᠠ ᠶᠢᠨ ᠡᠳᠦᠷ ᠢᠰᠷᠧᠯᠴᠦᠳ ᠪᠦᠬᠦ ᠶᠧᠵᠢᠫᠲ᠋ᠴᠦᠳ ᠦᠨ ᠨᠢᠳᠦᠨ ᠦ ᠡᠮᠦᠨ᠎ᠡ ᠵᠢᠪᠬᠤᠭ᠎ᠠ ᠲᠠᠢ ᠪᠠᠷ ᠭᠠᠷᠬᠤ ᠳᠤ᠂ 4 ᠶᠧᠵᠢᠫᠲ᠋ᠴᠦᠳ ᠶᠣᠬᠣᠸᠠ ᠶᠢᠨ ᠤᠰᠠᠳᠬᠠᠭᠰᠠᠨ ᠪᠦᠬᠦ ᠤᠤᠭᠠᠨ ᠲᠥᠷᠥᠭᠰᠡᠳ ᠢᠶᠡᠨ ᠪᠤᠯᠠᠰᠢᠯᠠᠵᠤ ᠪᠠᠢᠵᠠᠢ᠃ ᠶᠣᠬᠣᠸᠠ ᠲᠡᠳᠡᠨ ᠦ ᠪᠤᠷᠬᠠᠳ ᠢ ᠲᠡᠢᠨ ᠬᠦ ᠰᠢᠳᠬᠡᠭᠰᠡᠨ ᠪᠠᠢᠨ᠎ᠠ᠃

5 ᠢᠰᠷᠧᠯᠴᠦᠳ ᠷᠠᠮᠧᠰᠧᠰ ᠡᠴᠡ ᠬᠥᠳᠡᠯᠦᠨ ᠰᠦᠺᠣᠲ ᠲᠤ ᠪᠠᠭᠤᠳᠠᠯᠯᠠᠵᠤ᠂ 6 ᠰᠦᠺᠣᠲ ᠠᠴᠠ ᠬᠥᠳᠡᠯᠦᠨ ᠴᠥᠯ ᠦᠨ ᠵᠠᠬ᠎ᠠ ᠳᠠᠬᠢ ᠡᠲ᠋ᠠᠮ ᠳᠤ ᠪᠠᠭᠤᠳᠠᠯᠯᠠᠪᠠ᠃ 7 ᠲᠡᠳᠡ ᠡᠲ᠋ᠠᠮ ᠠᠴᠠ ᠬᠥᠳᠡᠯᠵᠦ ᠪᠠᠯ ᠽᠧᠹᠣᠨ ᠤ ᠵᠡᠭᠦᠨ ᠲᠠᠯ᠎ᠠ ᠳᠠᠬᠢ ᠫᠢᠬᠠᠾᠢᠷᠣᠲ ᠤᠷᠤᠭᠤ ᠡᠷᠭᠢᠭᠡᠳ ᠶᠠᠪᠤᠵᠤ᠂ ᠮᠢᠭᠳᠣᠯ ᠤᠨ ᠣᠢᠷ᠎ᠠ ᠪᠠᠭᠤᠳᠠᠯᠯᠠᠪᠠ᠃ 8 ᠲᠡᠳᠡ ᠫᠢᠬᠠᠾᠢᠷᠣᠲ ᠠᠴᠠ ᠬᠥᠳᠡᠯᠵᠦ ᠳᠠᠯᠠᠢ ᠶᠢᠨ ᠳᠤᠮᠳᠠᠭᠤᠷ ᠭᠠᠲᠤᠯᠤᠨ ᠴᠥᠯ ᠳᠤ ᠣᠷᠣᠵᠠᠢ᠃ ᠲᠡᠳᠡ ᠡᠲ᠋ᠠᠮ ᠤᠨ ᠴᠥᠯ ᠳᠤ ᠭᠤᠷᠪᠠᠨ ᠬᠣᠨᠣᠭ ᠠᠶᠠᠯᠠᠨ ᠶᠠᠪᠤᠭᠠᠳ ᠮᠠᠷᠠ ᠳᠤ ᠪᠠᠭᠤᠳᠠᠯᠯᠠᠵᠤ᠂ 9 ᠮᠠᠷᠠ ᠠᠴᠠ ᠬᠥᠳᠡᠯᠦᠨ ᠡᠯᠢᠮ ᠳᠤ ᠣᠴᠢᠪᠠ᠃ ᠡᠯᠢᠮ ᠳᠤ ᠠᠷᠪᠠᠨ ᠬᠣᠶᠠᠷ ᠪᠤᠯᠠᠭ᠂ ᠳᠠᠯᠠᠨ ᠳᠠᠯᠳᠠᠤ ᠮᠣᠳᠣ ᠪᠠᠢᠭᠰᠠᠨ ᠲᠤᠯᠠ ᠲᠡᠳᠡ ᠲᠡᠨᠳᠡ ᠪᠠᠭᠤᠳᠠᠯᠯᠠᠭᠰᠠᠨ ᠪᠢᠯᠡ᠃ 10 ᠲᠡᠳᠡ ᠡᠯᠢᠮ ᠡᠴᠡ ᠬᠥᠳᠡᠯᠦᠨ ᠤᠯᠠᠭᠠᠨ ᠲᠠᠩᠭᠢᠰ ᠤᠨ ᠳᠡᠷᠭᠡᠳᠡ ᠪᠠᠭᠤᠳᠠᠯᠯᠠᠵᠤ᠂ 11 ᠤᠯᠠᠭᠠᠨ ᠲᠠᠩᠭᠢᠰ ᠠᠴᠠ ᠬᠥᠳᠡᠯᠦᠨ ᠰᠢᠨ ᠤ ᠴᠥᠯ ᠳᠤ ᠪᠠᠭᠤᠳᠠᠯᠯᠠᠵᠤ᠂ 12 ᠰᠢᠨ ᠤ ᠴᠥᠯ ᠡᠴᠡ ᠬᠥᠳᠡᠯᠦᠨ ᠳ᠋ᠣᠹᠺᠠ ᠳᠤ ᠪᠠᠭᠤᠳᠠᠯᠯᠠᠵᠤ᠂ 13 ᠳ᠋ᠣᠹᠺᠠ ᠠᠴᠠ ᠬᠥᠳᠡᠯᠦᠨ ᠠᠯᠦ᠋ᠱ ᠲᠤ ᠪᠠᠭᠤᠳᠠᠯᠯᠠᠵᠤ᠂ 14 ᠠᠯᠦ᠋ᠱ ᠡᠴᠡ ᠬᠥᠳᠡᠯᠦᠨ ᠷᠧᠹᠢᠳᠢᠮ ᠳᠤ ᠪᠠᠭᠤᠳᠠᠯᠯᠠᠪᠠ᠃ ᠬᠠᠷᠢᠨ ᠲᠡᠨᠳᠡ ᠠᠷᠠᠳ ᠣᠯᠠᠨ ᠳᠤ ᠤᠤᠭᠤᠬᠤ ᠤᠰᠤ ᠦᠭᠡᠢ ᠪᠠᠢᠯ᠎ᠠ᠃ 15 ᠲᠡᠳᠡ ᠷᠧᠹᠢᠳᠢᠮ ᠡᠴᠡ ᠬᠥᠳᠡᠯᠦᠨ ᠰᠢᠨᠠᠢ ᠶᠢᠨ ᠴᠥᠯ ᠳᠤ ᠪᠠᠭᠤᠳᠠᠯᠯᠠᠵᠤ᠂ 16 ᠰᠢᠨᠠᠢ ᠶᠢᠨ ᠴᠥᠯ ᠡᠴᠡ ᠬᠥᠳᠡᠯᠦᠨ ᠺᠢᠪᠷᠣᠲ ᠬᠠᠲ᠋ᠠᠸᠠ ᠳᠤ ᠪᠠᠭᠤᠳᠠᠯᠯᠠᠵᠤ᠂ 17 ᠺᠢᠪᠷᠣᠲ ᠬᠠᠲ᠋ᠠᠸᠠ ᠠᠴᠠ ᠬᠥᠳᠡᠯᠦᠨ ᠬᠠᠽᠧᠷᠣᠲ ᠲᠤ ᠪᠠᠭᠤᠳᠠᠯᠯᠠᠵᠤ᠂ 18 ᠬᠠᠽᠧᠷᠣᠲ ᠠᠴᠠ ᠬᠥᠳᠡᠯᠦᠨ ᠷᠢᠲ᠋ᠮᠠ ᠳᠤ ᠪᠠᠭᠤᠳᠠᠯᠯᠠᠵᠤ᠂ 19 ᠷᠢᠲ᠋ᠮᠠ ᠠᠴᠠ ᠬᠥᠳᠡᠯᠦᠨ ᠷᠢᠮᠣᠨ ᠫᠧᠷᠧᠽ ᠲᠤ ᠪᠠᠭᠤᠳᠠᠯᠯᠠᠵᠤ᠂ 20 ᠷᠢᠮᠣᠨ ᠫᠧᠷᠧᠽ ᠡᠴᠡ ᠬᠥᠳᠡᠯᠦᠨ ᠯᠢᠪᠨᠠ ᠳᠤ ᠪᠠᠭᠤᠳᠠᠯᠯᠠᠵᠤ᠂ 21 ᠯᠢᠪᠨᠠ ᠠᠴᠠ ᠬᠥᠳᠡᠯᠦᠨ ᠷᠢᠰᠠ ᠳᠤ ᠪᠠᠭᠤᠳᠠᠯᠯᠠᠵᠤ᠂ 22 ᠷᠢᠰᠠ ᠠᠴᠠ ᠬᠥᠳᠡᠯᠦᠨ ᠺᠧᠾᠧᠯᠠᠲ᠋ᠠ ᠳᠤ ᠪᠠᠭᠤᠳᠠᠯᠯᠠᠵᠤ᠂ 23 ᠺᠧᠾᠧᠯᠠᠲ᠋ᠠ ᠠᠴᠠ ᠬᠥᠳᠡᠯᠦᠨ ᠱᠧᠹᠧᠷ ᠠᠭᠤᠯᠠᠨ ᠳᠤ ᠪᠠᠭᠤᠳᠠᠯᠯᠠᠵᠤ᠂ 24 ᠱᠧᠹᠧᠷ ᠠᠭᠤᠯᠠ ᠠᠴᠠ ᠬᠥᠳᠡᠯᠦᠨ ᠬᠠᠷᠠᠳᠠ ᠳᠤ ᠪᠠᠭᠤᠳᠠᠯᠯᠠᠵᠤ᠂ 25 ᠬᠠᠷᠠᠳᠠ ᠠᠴᠠ ᠬᠥᠳᠡᠯᠦᠨ ᠮᠠᠺᠾᠧᠯᠣᠲ ᠲᠤ ᠪᠠᠭᠤᠳᠠᠯᠯᠠᠵᠤ᠂ 26 ᠮᠠᠺᠾᠧᠯᠣᠲ ᠠᠴᠠ ᠬᠥᠳᠡᠯᠦᠨ ᠲᠠᠬᠠᠲ ᠲᠤ ᠪᠠᠭᠤᠳᠠᠯᠯᠠᠵᠤ᠂ 27 ᠲᠠᠬᠠᠲ ᠠᠴᠠ ᠬᠥᠳᠡᠯᠦᠨ ᠲᠧᠷᠠ ᠳᠤ ᠪᠠᠭᠤᠳᠠᠯᠯᠠᠵᠤ᠂ 28 ᠲᠧᠷᠠ ᠠᠴᠠ ᠬᠥᠳᠡᠯᠦᠨ ᠮᠢᠲ᠋ᠺᠠ ᠳᠤ ᠪᠠᠭᠤᠳᠠᠯᠯᠠᠵᠤ᠂ 29 ᠮᠢᠲ᠋ᠺᠠ ᠠᠴᠠ ᠬᠥᠳᠡᠯᠦᠨ ᠬᠠᠱᠮᠣᠨᠠ ᠳᠤ ᠪᠠᠭᠤᠳᠠᠯᠯᠠᠵᠤ᠂ 30 ᠬᠠᠱᠮᠣᠨᠠ ᠠᠴᠠ ᠬᠥᠳᠡᠯᠦᠨ ᠮᠣᠰᠧᠷᠣᠲ ᠲᠤ ᠪᠠᠭᠤᠳᠠᠯᠯᠠᠵᠤ᠂ 31 ᠮᠣᠰᠧᠷᠣᠲ ᠠᠴᠠ ᠬᠥᠳᠡᠯᠦᠨ ᠪᠧᠨᠧ ᠶᠠᠺᠠᠨ ᠳᠤ ᠪᠠᠭᠤᠳᠠᠯᠯᠠᠵᠤ᠂ 32 ᠪᠧᠨᠧ ᠶᠠᠺᠠᠨ ᠠᠴᠠ ᠬᠥᠳᠡᠯᠦᠨ ᠬᠣᠷ ᠬᠠᠭᠢᠳ᠋ᠭᠠᠳ᠋ ᠲᠤ ᠪᠠᠭᠤᠳᠠᠯᠯᠠᠵᠤ᠂ 33 ᠬᠣᠷ ᠬᠠᠭᠢᠳ᠋ᠭᠠᠳ᠋ ᠡᠴᠡ ᠬᠥᠳᠡᠯᠦᠨ ᠶᠣᠲ᠋ᠪᠠᠲ᠋ᠠ ᠳᠤ ᠪᠠᠭᠤᠳᠠᠯᠯᠠᠵᠤ᠂ 34 ᠶᠣᠲ᠋ᠪᠠᠲ᠋ᠠ ᠠᠴᠠ ᠬᠥᠳᠡᠯᠦᠨ ᠠᠪᠷᠣᠨᠠ ᠳᠤ ᠪᠠᠭᠤᠳᠠᠯᠯᠠᠵᠤ᠂ 35 ᠠᠪᠷᠣᠨᠠ ᠠᠴᠠ ᠬᠥᠳᠡᠯᠦᠨ ᠡᠽᠢᠶᠣᠨ ᠭᠧᠪᠧᠷ ᠲᠤ ᠪᠠᠭᠤᠳᠠᠯᠯᠠᠵᠤ᠂ 36 ᠡᠽᠢᠶᠣᠨ ᠭᠧᠪᠧᠷ ᠡᠴᠡ ᠬᠥᠳᠡᠯᠦᠨ ᠽᠢᠨ ᠤ ᠴᠥᠯ ᠳᠤ᠂ ᠥᠭᠡᠷ᠎ᠡ ᠪᠡᠷ ᠬᠡᠯᠡᠪᠡᠯ ᠺᠠᠳᠧᠱ ᠲᠤ ᠪᠠᠭᠤᠳᠠᠯᠯᠠᠵᠤ᠂ 37 ᠺᠠᠳᠧᠱ ᠡᠴᠡ ᠬᠥᠳᠡᠯᠦᠨ ᠡᠳᠣᠮ ᠤᠨ ᠨᠤᠲᠤᠭ ᠤᠨ ᠵᠠᠬ᠎ᠠ ᠳᠠᠬᠢ ᠬᠣᠷ ᠠᠭᠤᠯᠠᠨ ᠳᠤ ᠪᠠᠭᠤᠳᠠᠯᠯᠠᠪᠠ᠃

38 ᠲᠠᠬᠢᠯᠴᠢ ᠠᠷᠣᠨ ᠶᠣᠬᠣᠸᠠ ᠶᠢᠨ ᠲᠤᠰᠢᠶᠠᠯ ᠢᠶᠠᠷ ᠬᠣᠷ ᠠᠭᠤᠯᠠ ᠥᠭᠡᠳᠡ ᠶᠠᠪᠤᠵᠤ᠂ ᠲᠡᠨᠳᠡ ᠨᠠᠰᠤ ᠪᠠᠷᠠᠪᠠ᠃ ᠲᠡᠷᠡ ᠨᠢ ᠢᠰᠷᠧᠯᠴᠦᠳ ᠦᠨ ᠶᠧᠵᠢᠫᠲ ᠡᠴᠡ ᠭᠠᠷᠤᠭᠰᠠᠨ ᠠᠴᠠ ᠬᠣᠢᠰᠢᠬᠢ ᠳᠥᠴᠢᠳᠡᠬᠢ ᠵᠢᠯ ᠤᠨ ᠲᠠᠪᠤᠳᠤᠭᠠᠷ ᠰᠠᠷ᠎ᠠ ᠶᠢᠨ ᠡᠬᠢᠨ ᠤ ᠡᠳᠦᠷ ᠪᠠᠢᠯ᠎ᠠ᠃ 39 ᠠᠷᠣᠨ ᠬᠣᠷ ᠠᠭᠤᠯᠠᠨ ᠳᠡᠭᠡᠷ᠎ᠡ ᠨᠠᠰᠤ ᠪᠠᠷᠠᠬᠤ ᠳᠠᠭᠠᠨ ᠵᠠᠭᠤ ᠬᠣᠷᠢᠨ ᠭᠤᠷᠪᠠᠨ ᠨᠠᠰᠤᠲᠠᠢ ᠪᠠᠢᠭᠰᠠᠨ ᠠᠵᠢ᠃

40 ᠲᠡᠷᠡ ᠦᠶ᠎ᠡ ᠳᠦ ᠺᠠᠨᠠᠨ ᠨᠤᠲᠤᠭ ᠤᠨ ᠨᠧᠭᠧᠪ ᠲᠤ ᠰᠠᠭᠤᠵᠤ ᠪᠠᠢᠭᠰᠠᠨ ᠺᠠᠨᠠᠨ ᠭᠠᠷᠤᠯ ᠲᠠᠢ ᠠᠷᠠᠳ᠋ ᠤᠨ ᠬᠠᠭᠠᠨ ᠢᠰᠷᠧᠯᠴᠦᠳ ᠦᠨ ᠢᠷᠡᠵᠦ ᠶᠠᠪᠤᠭ᠎ᠠ ᠶᠢ ᠰᠣᠨᠣᠰᠪᠠ᠃

41 ᠢᠰᠷᠧᠯᠴᠦᠳ ᠬᠣᠷ ᠠᠭᠤᠯᠠᠨ ᠠᠴᠠ ᠬᠥᠳᠡᠯᠦᠨ ᠽᠠᠯᠮᠣᠨᠠ ᠳᠤ ᠪᠠᠭᠤᠳᠠᠯᠯᠠᠵᠤ᠂ 42 ᠽᠠᠯᠮᠣᠨᠠ ᠠᠴᠠ ᠬᠥᠳᠡᠯᠦᠨ ᠫᠦᠨᠣᠨ ᠳᠤ ᠪᠠᠭᠤᠳᠠᠯᠯᠠᠵᠤ᠂ 43 ᠫᠦᠨᠣᠨ ᠠᠴᠠ ᠬᠥᠳᠡᠯᠦᠨ ᠣᠪᠣᠲ ᠲᠤ ᠪᠠᠭᠤᠳᠠᠯᠯᠠᠵᠤ᠂ 44 ᠣᠪᠣᠲ ᠠᠴᠠ ᠬᠥᠳᠡᠯᠦᠨ ᠮᠣᠶᠠᠪ ᠤᠨ ᠬᠢᠯᠢ ᠳᠡᠭᠡᠷᠡᠬᠢ ᠢᠶᠧ ᠠᠪᠠᠷᠢᠮ ᠳᠤ ᠪᠠᠭᠤᠳᠠᠯᠯᠠᠵᠤ᠂ 45 ᠢᠶ᠋ᠢᠮ ᠡᠴᠡ ᠬᠥᠳᠡᠯᠦᠨ ᠳ᠋ᠢᠪᠣᠨ ᠭᠠᠳ᠋ ᠲᠤ ᠪᠠᠭᠤᠳᠠᠯᠯᠠᠵᠤ᠂ 46 ᠳ᠋ᠢᠪᠣᠨ ᠭᠠᠳ᠋ ᠡᠴᠡ ᠬᠥᠳᠡᠯᠦᠨ ᠠᠯᠮᠣᠨ ᠳ᠋ᠢᠪᠯᠠᠲ᠋ᠠᠢᠮ ᠳᠤ ᠪᠠᠭᠤᠳᠠᠯᠯᠠᠵᠤ᠂ 47 ᠠᠯᠣᠨ ᠳ᠋ᠢᠪᠯᠠᠲ᠋ᠠᠢᠮ ᠠᠴᠠ ᠬᠥᠳᠡᠯᠦᠨ ᠨᠧᠪᠣ ᠶᠢᠨ ᠣᠢᠷᠠᠯᠴᠠᠭᠠᠬᠢ ᠠᠪᠠᠷᠢᠮ ᠤᠨ ᠠᠭᠤᠯᠠᠰ ᠲᠤ ᠪᠠᠭᠤᠳᠠᠯᠯᠠᠵᠤ᠂ 48 ᠠᠪᠠᠷᠢᠮ ᠤᠨ ᠠᠭᠤᠯᠠᠰ ᠠᠴᠠ ᠬᠥᠳᠡᠯᠦᠨ ᠶᠧᠷᠢᠺᠣ ᠶᠢᠨ ᠬᠠᠷᠠᠯᠳᠤᠭ᠎ᠠ᠂ ᠶᠣᠷᠳᠠᠨ ᠤ ᠳᠡᠷᠭᠡᠳᠡ ᠮᠣᠶᠠᠪ ᠤᠨ ᠲᠠᠯ᠎ᠠ ᠳᠤ ᠪᠠᠭᠤᠳᠠᠯᠯᠠᠪᠠ᠃ 49 ᠲᠡᠢᠨ ᠬᠦ ᠲᠡᠳᠡ ᠶᠣᠷᠳᠠᠨ ᠤ ᠳᠡᠷᠭᠡᠳᠡᠬᠢ ᠮᠣᠶᠠᠪ ᠤᠨ ᠲᠠᠯ᠎ᠠ ᠳᠤ ᠪᠧᠲ ᠶᠧᠱᠢᠮᠣᠲ ᠠᠴᠠ ᠠᠪᠧᠯ ᠱᠢᠲ᠋ᠢᠮ ᠬᠦᠷᠲᠡᠯᠡᠬᠢ ᠭᠠᠵᠠᠷ ᠲᠤ ᠪᠠᠭᠤᠳᠠᠯᠯᠠᠪᠠ᠃

50 ᠶᠧᠷᠢᠺᠣ ᠶᠢᠨ ᠬᠠᠷᠠᠯᠳᠤᠭ᠎ᠠ᠂ ᠶᠣᠷᠳᠠᠨ ᠤ ᠳᠡᠷᠭᠡᠳᠡ ᠮᠣᠶᠠᠪ ᠤᠨ ᠲᠠᠯ᠎ᠠ ᠳᠤ ᠶᠣᠬᠣᠸᠠ ᠮᠣᠰᠧ ᠳᠤ ᠠᠢᠯᠠᠳᠤᠨ᠄ 51 《ᠢᠰᠷᠧᠯᠴᠦᠳ ᠲᠦ ᠵᠠᠬᠢ᠄ ᠲᠠ ᠨᠠᠷ ᠶᠣᠷᠳᠠᠨ ᠢ ᠭᠠᠲᠤᠯᠤᠨ ᠺᠠᠨᠠᠨ ᠨᠤᠲᠤᠭ ᠤᠷᠤᠭᠤ ᠣᠷᠣᠬᠤ ᠦᠶ᠎ᠡ ᠳᠡᠭᠡᠨ᠂ 52 ᠲᠡᠷᠡ ᠨᠤᠲᠤᠭ ᠤᠨ ᠪᠦᠬᠦ ᠰᠠᠭᠤᠭᠠᠯᠢᠴᠢᠳ ᠢ ᠡᠮᠦᠨ᠎ᠡ ᠡᠴᠡ ᠪᠡᠨ ᠬᠥᠭᠡᠭᠡᠨ ᠵᠠᠢᠯᠠᠭᠤᠯ᠂ ᠲᠡᠳᠡᠨ ᠦ ᠪᠦᠬᠦ ᠰᠡᠢᠯᠦᠮᠡᠯ ᠰᠢᠲᠦᠭᠡᠨ᠂ ᠪᠦᠬᠦ ᠴᠢᠳᠬᠤᠮᠠᠯ ᠰᠢᠲᠦᠭᠡᠨ ᠢ ᠤᠰᠠᠳᠬᠠᠨ᠂ ᠲᠡᠳᠡᠨ ᠦ ᠪᠦᠬᠦ ᠮᠥᠷᠭᠥᠯ ᠦᠨ ᠮᠠᠨᠳᠠᠯ ᠢ ᠨᠤᠷᠠᠭ᠎ᠠ᠃ 53 ᠲᠡᠷᠡ ᠨᠤᠲᠤᠭ ᠢ ᠪᠢ ᠲᠠ ᠨᠠᠷ ᠲᠤ ᠥᠭᠴᠦ ᠡᠵᠡᠮᠰᠢᠭᠦᠯᠦᠭᠰᠡᠨ᠃ ᠲᠠ ᠨᠠᠷ ᠲᠡᠷᠡ ᠨᠤᠲᠤᠭ ᠢ ᠡᠵᠡᠮᠰᠢᠵᠦ ᠲᠡᠨᠳᠡ ᠰᠠᠭᠤᠷᠢᠰᠢᠬᠤ ᠤᠴᠢᠷᠲᠠᠢ᠃ 54 ᠲᠠ ᠨᠠᠷ ᠲᠡᠷᠡ ᠨᠤᠲᠤᠭ ᠢ ᠠᠢᠮᠠᠭ ᠤᠳ ᠤᠨ ᠢᠶᠠᠨ ᠳᠠᠭᠠᠤ ᠰᠢᠪᠠᠭ᠎ᠠ ᠪᠠᠷ ᠬᠤᠪᠢᠶᠠ᠃ ᠣᠯᠠᠨ ᠬᠥᠮᠦᠨ ᠲᠡᠢ ᠳᠦᠨᠢ ᠥᠪ ᠢ ᠶᠡᠬᠡ ᠥᠭᠴᠦ᠂ ᠴᠥᠭᠡᠨ ᠬᠥᠮᠦᠨ ᠲᠡᠢ ᠳᠦᠨᠢ ᠥᠪ ᠢ ᠪᠠᠭ᠎ᠠ ᠥᠭᠭᠥᠭᠡᠷᠡᠢ᠃ ᠲᠠ ᠨᠠᠷ ᠲᠤᠰ ᠲᠤᠰ ᠤᠨ ᠬᠢᠨᠢ ᠰᠢᠪᠠᠭ᠎ᠠ ᠣᠨᠣᠭᠰᠠᠨ ᠶᠣᠰᠣᠭᠠᠷ ᠡᠴᠢᠭᠡ ᠡᠪᠦᠭᠡᠳ ᠦᠨ ᠬᠢᠨᠢ ᠣᠪᠣᠭ ᠤᠨ ᠳᠠᠭᠠᠤ ᠲᠡᠷᠡ ᠨᠤᠲᠤᠭ ᠲᠤ ᠲᠡᠳᠡᠨ ᠳᠦ ᠥᠪ ᠣᠯᠭᠣᠬᠤ ᠶᠣᠰᠣᠲᠠᠢ᠃ 55 ᠬᠡᠷᠪᠡ ᠲᠠ ᠨᠠᠷ ᠲᠡᠷᠡ ᠨᠤᠲᠤᠭ ᠤᠨ ᠰᠠᠭᠤᠭᠠᠯᠢᠴᠢᠳ ᠢ ᠡᠮᠦᠨ᠎ᠡ ᠡᠴᠡ ᠪᠡᠨ ᠬᠥᠭᠡᠭᠡᠬᠦ ᠦᠭᠡᠢ ᠪᠣᠯ᠂ ᠲᠠ ᠨᠠᠷ ᠤᠨ ᠦᠯᠡᠳᠡᠭᠡᠭᠰᠡᠨ ᠬᠥᠮᠦᠰ ᠨᠢᠳᠦᠨ ᠳᠦ ᠴᠢᠨᠢ ᠬᠣᠭ᠂ ᠬᠠᠪᠢᠷᠭ᠎ᠠ ᠳᠤ ᠴᠢᠨᠢ ᠥᠷᠭᠡᠰᠦ ᠪᠣᠯᠵᠤ᠂ ᠰᠠᠭᠤᠷᠢᠰᠢᠬᠤ ᠨᠤᠲᠤᠭ ᠳᠡᠭᠡᠷ᠎ᠡ ᠴᠢᠨᠢ ᠲᠠ ᠨᠠᠷ ᠢ ᠵᠣᠪᠠᠭᠠᠬᠤ ᠪᠣᠯᠣᠨ᠎ᠠ᠃ 56 ᠮᠥᠨ ᠪᠢ ᠲᠡᠳᠡᠨ ᠳᠦ ᠬᠢᠬᠦ ᠪᠡᠷ ᠲᠥᠯᠥᠪᠯᠡᠭᠰᠡᠨ ᠢᠶᠡᠨ ᠲᠠ ᠨᠠᠷ ᠲᠤ ᠬᠢᠬᠦ ᠪᠣᠯᠣᠨ᠎ᠠ》 ᠭᠡᠪᠡ᠃