1 2 3 4 5 6 7 8 9 10 11 12 13 14 15 16 17 18 19 20 21 22 23 24 25 26 27 28 29 30 31 32 33 34 35 36


ᠲᠣᠭᠠᠯᠠᠯᠭ᠎ᠠ ᠬᠣᠷᠢ ᠶᠢᠰᠦ
 ᠪᠦᠷᠢᠶ᠎ᠡ ᠦᠯᠢᠶᠡᠯᠲᠡ ᠶᠢᠨ ᠪᠠᠶᠠᠷ ᠤᠨ ᠡᠷᠭᠦᠯ

1 ᠳᠣᠯᠣᠳᠤᠭᠠᠷ ᠰᠠᠷ᠎ᠠ ᠶᠢᠨ ᠨᠢᠭᠡᠨ ᠨᠢ ᠲᠠ ᠨᠠᠷ ᠤᠨ ᠠᠷᠢᠭᠤᠨ ᠴᠤᠭᠯᠠᠭᠠᠨ ᠤ ᠡᠳᠦᠷ ᠪᠣᠯᠣᠨ᠎ᠠ᠂ ᠲᠠ ᠨᠠᠷ ᠶᠠᠮᠠᠷ ᠴᠤ ᠪᠠᠢᠩ᠋ᠭᠤ ᠶᠢᠨ ᠠᠵᠢᠯ ᠢᠶᠠᠨ ᠪᠦᠦ ᠬᠢ᠃ ᠡᠨᠡ ᠨᠢ ᠪᠦᠷᠢᠶ᠎ᠡ ᠦᠯᠢᠶᠡᠯᠲᠡ ᠶᠢᠨ ᠡᠳᠦᠷ ᠶᠤᠮ᠃ 2 ᠲᠠ ᠨᠠᠷ ᠶᠣᠬᠣᠸᠠ ᠳᠤ ᠲᠠᠭᠠᠯᠠᠭᠳᠠᠬᠤ ᠠᠩᠬᠢᠯᠤᠭᠤᠨ ᠦᠨᠦᠷ ᠪᠣᠯᠭᠠᠨ ᠰᠢᠲᠠᠭᠠᠯᠭᠠᠲᠤ ᠲᠠᠬᠢᠯ ᠳᠤ ᠰᠣᠭᠣᠭ ᠦᠭᠡᠢ ᠨᠢᠭᠡ ᠪᠤᠬ᠎ᠠ᠂ ᠨᠢᠭᠡ ᠬᠤᠴᠠ᠂ ᠳᠣᠯᠣᠭᠠᠨ ᠡᠷ᠎ᠡ ᠬᠤᠷᠠᠭ᠎ᠠ ᠪᠡᠯᠡᠳᠬᠡ᠃ 3 ᠢᠳᠡᠭᠡᠨ ᠲᠠᠬᠢᠯ ᠳᠤ ᠲᠣᠰᠣ ᠲᠠᠢ ᠪᠠᠭᠰᠤᠷᠠᠭᠰᠠᠨ ᠨᠠᠷᠢᠯᠢᠭ᠋ ᠭᠤᠯᠢᠷ ᠢ ᠡᠷᠭᠦᠬᠦ ᠪᠥᠭᠡᠳ ᠪᠤᠬ᠎ᠠ ᠲᠠᠢ ᠬᠠᠮᠲᠤ ᠡᠹᠠ ᠶᠢᠨ ᠠᠷᠪᠠᠨ ᠤ ᠭᠤᠷᠪᠠ ᠶᠢ᠂ ᠬᠤᠴᠠ ᠲᠠᠢ ᠬᠠᠮᠲᠤ ᠠᠷᠪᠠᠨ ᠤ ᠬᠣᠶᠠᠷ ᠢ᠂ 4 ᠳᠣᠯᠣᠭᠠᠨ ᠬᠤᠷᠠᠭ᠎ᠠ ᠶᠢᠨ ᠲᠤᠰ ᠪᠦᠷᠢ ᠲᠠᠢ ᠨᠢ ᠬᠠᠮᠲᠤ ᠠᠷᠪᠠᠨ ᠤ ᠨᠢᠭᠡ ᠶᠢ ᠪᠡᠯᠡᠳᠬᠡᠬᠦ ᠶᠣᠰᠣᠲᠠᠢ᠃ 5 ᠮᠥᠨ ᠨᠢᠭᠦᠯ ᠦᠨ ᠲᠠᠬᠢᠯ ᠳᠤ ᠨᠢᠭᠡ ᠤᠬᠤᠨ᠎ᠠ ᠡᠷᠭᠦᠵᠦ ᠥᠪᠡᠷᠰᠡᠳ ᠦᠨ ᠢᠶᠠᠨ ᠲᠥᠯᠥᠭᠡ ᠭᠡᠮ ᠦᠨ ᠬᠡᠯᠲᠦᠷᠢᠭᠦᠯᠦᠯᠭᠡ ᠶᠢ ᠬᠢ᠃ 6 ᠡᠳᠡᠭᠡᠷ ᠢ ᠰᠢᠨ᠎ᠡ ᠰᠠᠷ᠎ᠠ ᠶᠢᠨ ᠰᠢᠲᠠᠭᠠᠯᠭᠠᠲᠤ ᠲᠠᠬᠢᠯ ᠪᠣᠯᠣᠨ ᠲᠡᠭᠦᠨ ᠦ ᠢᠳᠡᠭᠡᠨ ᠲᠠᠬᠢᠯ᠂ ᠪᠠᠢᠩ᠋ᠭᠤ ᠶᠢᠨ ᠰᠢᠲᠠᠭᠠᠯᠭᠠᠲᠤ ᠲᠠᠬᠢᠯ ᠪᠣᠯᠣᠨ ᠲᠡᠭᠦᠨ ᠦ ᠢᠳᠡᠭᠡᠨ ᠲᠠᠬᠢᠯ ᠬᠢᠭᠡᠳ ᠲᠡᠳᠡᠭᠡᠷ ᠦᠨ ᠤᠮᠳᠠᠭᠠᠨ ᠲᠠᠬᠢᠯ ᠤᠳ ᠠᠴᠠ ᠭᠠᠳᠠᠨ᠎ᠠ ᠲᠣᠭᠲᠠᠭᠠᠯ ᠤᠨ ᠬᠢᠨᠢ ᠳᠠᠭᠠᠤ ᠶᠣᠬᠣᠸᠠ ᠳᠤ ᠲᠠᠭᠠᠯᠠᠭᠳᠠᠬᠤ ᠠᠩᠬᠢᠯᠤᠭᠤᠨ ᠦᠨᠦᠷ᠂ ᠭᠠᠯ ᠤᠨ ᠲᠠᠬᠢᠯ ᠪᠣᠯᠭᠠᠨ ᠡᠷᠭᠦᠬᠦ ᠶᠣᠰᠣᠲᠠᠢ᠃
 ᠭᠡᠮ ᠦᠨ ᠬᠡᠯᠲᠦᠷᠢᠭᠦᠯᠦᠯᠭᠡ ᠶᠢᠨ ᠡᠳᠦᠷ ᠦᠨ ᠡᠷᠭᠦᠯ

7 ᠳᠣᠯᠣᠳᠤᠭᠠᠷ ᠰᠠᠷ᠎ᠠ ᠶᠢᠨ ᠠᠷᠪᠠᠨ ᠳᠤ ᠠᠷᠢᠭᠤᠨ ᠴᠤᠭᠯᠠᠭᠠᠨ ᠬᠢᠨ᠎ᠡ᠂ ᠲᠠ ᠨᠠᠷ ᠥᠪᠡᠷ ᠢ ᠪᠠᠨ ᠲᠡᠪᠴᠢᠵᠦ 86 ᠂ ᠶᠠᠮᠠᠷ ᠴᠤ ᠠᠵᠢᠯ ᠪᠦᠦ ᠬᠢ᠃ 8 ᠰᠢᠲᠠᠭᠠᠯᠭᠠᠲᠤ ᠲᠠᠬᠢᠯ ᠳᠤ ᠰᠣᠭᠣᠭ ᠦᠭᠡᠢ ᠨᠢᠭᠡ ᠪᠤᠬ᠎ᠠ᠂ ᠨᠢᠭᠡ ᠬᠤᠴᠠ᠂ ᠳᠣᠯᠣᠭᠠᠨ ᠡᠷ᠎ᠡ ᠬᠤᠷᠠᠭ᠎ᠠ ᠶᠢ ᠲᠠᠭᠠᠯᠠᠮᠵᠢᠲᠤ ᠠᠩᠬᠢᠯᠤᠭᠤᠨ ᠦᠨᠦᠷ ᠪᠣᠯᠭᠠᠨ ᠶᠣᠬᠣᠸᠠ ᠳᠤ ᠡᠷᠭᠦ᠃ 9 ᠢᠳᠡᠭᠡᠨ ᠲᠠᠬᠢᠯ ᠳᠤ ᠲᠣᠰᠣ ᠲᠠᠢ ᠪᠠᠭᠰᠤᠷᠠᠭᠰᠠᠨ ᠨᠠᠷᠢᠯᠢᠭ᠋ ᠭᠤᠯᠢᠷ ᠡᠷᠭᠦᠬᠦ ᠪᠥᠭᠡᠳ ᠪᠤᠬ᠎ᠠ ᠲᠠᠢ ᠬᠠᠮᠲᠤ ᠡᠹᠠ ᠶᠢᠨ ᠠᠷᠪᠠᠨ ᠤ ᠭᠤᠷᠪᠠ ᠶᠢ᠂ ᠬᠤᠴᠠ ᠲᠠᠢ ᠬᠠᠮᠲᠤ ᠠᠷᠪᠠᠨ ᠤ ᠬᠣᠶᠠᠷ ᠢ᠂ 10 ᠳᠣᠯᠣᠭᠠᠨ ᠬᠤᠷᠠᠭ᠎ᠠ ᠶᠢᠨ ᠲᠤᠰ ᠪᠦᠷᠢ ᠲᠠᠢ ᠨᠢ ᠬᠠᠮᠲᠤ ᠠᠷᠪᠠᠨ ᠤ ᠨᠢᠭᠡ ᠶᠢ ᠪᠡᠯᠡᠳᠬᠡᠬᠦ ᠶᠣᠰᠣᠲᠠᠢ᠃ 11 ᠮᠥᠨ ᠨᠢᠭᠦᠯ ᠦᠨ ᠲᠠᠬᠢᠯ ᠳᠤ ᠨᠢᠭᠡ ᠤᠬᠤᠨ᠎ᠠ ᠡᠷᠭᠦᠭᠡᠷᠡᠢ᠃ ᠲᠡᠳᠡᠭᠡᠷ ᠢ ᠬᠡᠯᠲᠦᠷᠢᠭᠦᠯᠦᠯᠭᠡ ᠬᠢᠬᠦ ᠨᠢᠭᠦᠯ ᠦᠨ ᠲᠠᠬᠢᠯ᠂ ᠪᠠᠢᠩ᠋ᠭᠤ ᠶᠢᠨ ᠰᠢᠲᠠᠭᠠᠯᠭᠠᠲᠤ ᠲᠠᠬᠢᠯ ᠪᠣᠯᠣᠨ ᠲᠡᠭᠦᠨ ᠦ ᠢᠳᠡᠭᠡᠨ ᠲᠠᠬᠢᠯ ᠬᠢᠭᠡᠳ ᠲᠡᠳᠡᠭᠡᠷ ᠦᠨ ᠤᠮᠳᠠᠭᠠᠨ ᠡᠷᠭᠦᠯ ᠤᠳ ᠠᠴᠠ ᠭᠠᠳᠠᠨ᠎ᠠ ᠪᠡᠯᠡᠳᠬᠡᠬᠦ ᠶᠣᠰᠣᠲᠠᠢ᠃
 ᠮᠠᠢᠬᠠᠨ ᠤ ᠪᠠᠶᠠᠷ ᠤᠨ ᠡᠷᠭᠦᠯ

12 ᠳᠣᠯᠣᠳᠤᠭᠠᠷ ᠰᠠᠷ᠎ᠠ ᠶᠢᠨ ᠠᠷᠪᠠᠨ ᠲᠠᠪᠤᠨ ᠳᠤ ᠠᠷᠢᠭᠤᠨ ᠴᠤᠭᠯᠠᠭᠠᠨ ᠬᠢᠬᠦ ᠤᠴᠢᠷᠲᠠᠢ᠂ ᠲᠠ ᠨᠠᠷ ᠶᠠᠮᠠᠷ ᠴᠤ ᠪᠠᠢᠩ᠋ᠭᠤ ᠶᠢᠨ ᠠᠵᠢᠯ ᠢᠶᠠᠨ ᠪᠦᠦ ᠬᠢ᠃ ᠲᠠ ᠨᠠᠷ ᠡᠨᠡ ᠪᠠᠶᠠᠷ ᠢ ᠶᠣᠬᠣᠸᠠ ᠳᠤ ᠵᠣᠷᠢᠭᠤᠯᠤᠨ ᠳᠣᠯᠣᠭᠠᠨ ᠬᠣᠨᠣᠭ ᠤᠨ ᠲᠤᠷᠰᠢ ᠲᠡᠮᠳᠡᠭᠯᠡ᠃ 13 ᠲᠠ ᠨᠠᠷ ᠶᠣᠬᠣᠸᠠ ᠳᠤ ᠲᠠᠭᠠᠯᠠᠭᠳᠠᠬᠤ ᠠᠩᠬᠢᠯᠤᠭᠤᠨ ᠦᠨᠦᠷ᠂ ᠭᠠᠯ ᠤᠨ ᠲᠠᠬᠢᠯ ᠪᠣᠯᠭᠠᠨ ᠰᠢᠲᠠᠭᠠᠯᠭᠠᠲᠤ ᠲᠠᠬᠢᠯ ᠳᠤ ᠠᠷᠪᠠᠨ ᠭᠤᠷᠪᠠᠨ ᠪᠤᠬ᠎ᠠ᠂ ᠬᠣᠶᠠᠷ ᠬᠤᠴᠠ᠂ ᠠᠷᠪᠠᠨ ᠳᠥᠷᠪᠡᠨ ᠡᠷ᠎ᠡ ᠬᠤᠷᠠᠭ᠎ᠠ ᠡᠷᠭᠦᠬᠦ ᠪᠥᠭᠡᠳ ᠲᠡᠳᠡᠭᠡᠷ ᠨᠢ ᠪᠦᠭᠦᠳᠡ ᠰᠣᠭᠣᠭ ᠦᠭᠡᠢ ᠪᠠᠢᠬᠤ ᠶᠣᠰᠣᠲᠠᠢ᠃ 14 ᠢᠳᠡᠭᠡᠨ ᠲᠠᠬᠢᠯ ᠳᠤ ᠲᠣᠰᠣ ᠲᠠᠢ ᠪᠠᠭᠰᠤᠷᠠᠭᠰᠠᠨ ᠨᠠᠷᠢᠯᠢᠭ᠋ ᠭᠤᠯᠢᠷ ᠡᠷᠭᠦᠬᠦ ᠪᠥᠭᠡᠳ ᠠᠷᠪᠠᠨ ᠭᠤᠷᠪᠠᠨ ᠪᠤᠬ᠎ᠠ ᠶᠢᠨ ᠲᠤᠰ ᠪᠦᠷᠢ ᠲᠠᠢ ᠨᠢ ᠬᠠᠮᠲᠤ ᠡᠹᠠ ᠶᠢᠨ ᠠᠷᠪᠠᠨ ᠤ ᠭᠤᠷᠪᠠ ᠶᠢ᠂ ᠬᠣᠶᠠᠷ ᠬᠤᠴᠠ ᠶᠢᠨ ᠲᠤᠰ ᠪᠦᠷᠢ ᠲᠠᠢ ᠨᠢ ᠬᠠᠮᠲᠤ ᠠᠷᠪᠠᠨ ᠤ ᠬᠣᠶᠠᠷ ᠢ᠂ 15 ᠠᠷᠪᠠᠨ ᠳᠥᠷᠪᠡᠨ ᠬᠤᠷᠠᠭ᠎ᠠ ᠶᠢᠨ ᠲᠤᠰ ᠪᠦᠷᠢ ᠲᠠᠢ ᠨᠢ ᠬᠠᠮᠲᠤ ᠠᠷᠪᠠᠨ ᠤ ᠨᠢᠭᠡ ᠶᠢ ᠪᠡᠯᠡᠳᠬᠡᠬᠦ ᠶᠣᠰᠣᠲᠠᠢ᠃ 16 ᠮᠥᠨ ᠨᠢᠭᠦᠯ ᠦᠨ ᠲᠠᠬᠢᠯ ᠳᠤ ᠨᠢᠭᠡ ᠤᠬᠤᠨ᠎ᠠ ᠡᠷᠭᠦᠭᠡᠷᠡᠢ᠃ ᠡᠳᠡᠭᠡᠷ ᠢ ᠪᠠᠢᠩ᠋ᠭᠤ ᠶᠢᠨ ᠰᠢᠲᠠᠭᠠᠯᠭᠠᠲᠤ ᠲᠠᠬᠢᠯ᠂ ᠲᠡᠭᠦᠨ ᠦ ᠢᠳᠡᠭᠡᠨ ᠲᠠᠬᠢᠯ ᠪᠠ ᠤᠮᠳᠠᠭᠠᠨ ᠲᠠᠬᠢᠯ ᠠᠴᠠ ᠭᠠᠳᠠᠨ᠎ᠠ ᠪᠡᠯᠡᠳᠬᠡᠬᠦ ᠶᠣᠰᠣᠲᠠᠢ᠃

17 ᠬᠣᠶᠠᠳᠠᠬᠢ ᠡᠳᠦᠷ ᠨᠢ ᠰᠣᠭᠣᠭ ᠦᠭᠡᠢ ᠠᠷᠪᠠᠨ ᠬᠣᠶᠠᠷ ᠪᠤᠬ᠎ᠠ᠂ ᠬᠣᠶᠠᠷ ᠬᠤᠴᠠ᠂ ᠠᠷᠪᠠᠨ ᠳᠥᠷᠪᠡᠨ ᠡᠷ᠎ᠡ ᠬᠤᠷᠠᠭ᠎ᠠ ᠡᠷᠭᠦᠬᠦ ᠪᠥᠭᠡᠳ 18 ᠪᠤᠬ᠎ᠠ᠂ ᠬᠤᠴᠠ᠂ ᠬᠤᠷᠠᠭ᠎ᠠ ᠨᠤᠭᠤᠳ ᠲᠠᠢ ᠬᠠᠮᠲᠤ ᠡᠷᠭᠦᠬᠦ ᠢᠳᠡᠭᠡᠨ ᠲᠠᠬᠢᠯ ᠪᠣᠯᠣᠨ ᠤᠮᠳᠠᠭᠠᠨ ᠲᠠᠬᠢᠯ ᠢ ᠨᠢ ᠲᠣᠭᠲᠠᠭᠠᠯ ᠤᠨ ᠳᠠᠭᠠᠤ ᠲᠣᠭ᠎ᠠ ᠶᠣᠰᠣᠭᠠᠷ ᠨᠢ ᠡᠷᠭᠦᠭᠡᠷᠡᠢ᠃ 19 ᠮᠥᠨ ᠨᠢᠭᠦᠯ ᠦᠨ ᠲᠠᠬᠢᠯ ᠳᠤ ᠨᠢᠭᠡ ᠤᠬᠤᠨ᠎ᠠ ᠡᠷᠭᠦᠭᠡᠷᠡᠢ᠃ ᠡᠳᠡᠭᠡᠷ ᠢ ᠪᠠᠢᠩ᠋ᠭᠤ ᠶᠢᠨ ᠰᠢᠲᠠᠭᠠᠯᠭᠠᠲᠤ ᠲᠠᠬᠢᠯ᠂ ᠲᠡᠭᠦᠨ ᠦ ᠢᠳᠡᠭᠡᠨ ᠲᠠᠬᠢᠯ ᠪᠠ ᠲᠡᠳᠡᠭᠡᠷ ᠦᠨ ᠤᠮᠳᠠᠭᠠᠨ ᠲᠠᠬᠢᠯ ᠠᠴᠠ ᠨᠢ ᠭᠠᠳᠠᠨ᠎ᠠ ᠪᠡᠯᠡᠳᠬᠡᠬᠦ ᠶᠣᠰᠣᠲᠠᠢ᠃

20 ᠭᠤᠷᠪᠠᠳᠠᠬᠢ ᠡᠳᠦᠷ ᠨᠢ ᠰᠣᠭᠣᠭ ᠦᠭᠡᠢ ᠠᠷᠪᠠᠨ ᠨᠢᠭᠡᠨ ᠪᠤᠬ᠎ᠠ᠂ ᠬᠣᠶᠠᠷ ᠬᠤᠴᠠ᠂ ᠠᠷᠪᠠᠨ ᠳᠥᠷᠪᠡᠨ ᠡᠷ᠎ᠡ ᠬᠤᠷᠠᠭ᠎ᠠ ᠡᠷᠭᠦᠬᠦ ᠪᠥᠭᠡᠳ 21 ᠪᠤᠬ᠎ᠠ᠂ ᠬᠤᠴᠠ᠂ ᠬᠤᠷᠠᠭ᠎ᠠ ᠨᠤᠭᠤᠳ ᠲᠠᠢ ᠬᠠᠮᠲᠤ ᠡᠷᠭᠦᠬᠦ ᠢᠳᠡᠭᠡᠨ ᠲᠠᠬᠢᠯ ᠪᠣᠯᠣᠨ ᠤᠮᠳᠠᠭᠠᠨ ᠲᠠᠬᠢᠯ ᠢ ᠨᠢ ᠲᠣᠭᠲᠠᠭᠠᠯ ᠤᠨ ᠳᠠᠭᠠᠤ ᠲᠣᠭ᠎ᠠ ᠶᠣᠰᠣᠭᠠᠷ ᠨᠢ ᠡᠷᠭᠦᠭᠡᠷᠡᠢ᠃ 22 ᠮᠥᠨ ᠨᠢᠭᠦᠯ ᠦᠨ ᠲᠠᠬᠢᠯ ᠳᠤ ᠨᠢᠭᠡ ᠤᠬᠤᠨ᠎ᠠ ᠡᠷᠭᠦᠭᠡᠷᠡᠢ᠃ ᠡᠳᠡᠭᠡᠷ ᠢ ᠪᠠᠢᠩ᠋ᠭᠤ ᠶᠢᠨ ᠰᠢᠲᠠᠭᠠᠯᠭᠠᠲᠤ ᠲᠠᠬᠢᠯ᠂ ᠲᠡᠭᠦᠨ ᠦ ᠢᠳᠡᠭᠡᠨ ᠲᠠᠬᠢᠯ ᠪᠠ ᠤᠮᠳᠠᠭᠠᠨ ᠲᠠᠬᠢᠯ ᠠᠴᠠ ᠨᠢ ᠭᠠᠳᠠᠨ᠎ᠠ ᠪᠡᠯᠡᠳᠬᠡᠬᠦ ᠶᠣᠰᠣᠲᠠᠢ᠃

23 ᠳᠥᠷᠪᠡᠳᠡᠬᠢ ᠡᠳᠦᠷ ᠨᠢ ᠰᠣᠭᠣᠭ ᠦᠭᠡᠢ ᠠᠷᠪᠠᠨ ᠪᠤᠬ᠎ᠠ᠂ ᠬᠣᠶᠠᠷ ᠬᠤᠴᠠ᠂ ᠠᠷᠪᠠᠨ ᠳᠥᠷᠪᠡᠨ ᠡᠷ᠎ᠡ ᠬᠤᠷᠠᠭ᠎ᠠ ᠡᠷᠭᠦᠬᠦ ᠪᠥᠭᠡᠳ 24 ᠪᠤᠬ᠎ᠠ᠂ ᠬᠤᠴᠠ᠂ ᠬᠤᠷᠠᠭ᠎ᠠ ᠨᠤᠭᠤᠳ ᠲᠠᠢ ᠬᠠᠮᠲᠤ ᠡᠷᠭᠦᠬᠦ ᠢᠳᠡᠭᠡᠨ ᠲᠠᠬᠢᠯ ᠪᠣᠯᠣᠨ ᠤᠮᠳᠠᠭᠠᠨ ᠲᠠᠬᠢᠯ ᠢ ᠨᠢ ᠲᠣᠭᠲᠠᠭᠠᠯ ᠤᠨ ᠳᠠᠭᠠᠤ ᠲᠣᠭ᠎ᠠ ᠶᠣᠰᠣᠭᠠᠷ ᠨᠢ ᠡᠷᠭᠦᠭᠡᠷᠡᠢ᠃ 25 ᠮᠥᠨ ᠨᠢᠭᠦᠯ ᠦᠨ ᠲᠠᠬᠢᠯ ᠳᠤ ᠨᠢᠭᠡ ᠤᠬᠤᠨ᠎ᠠ ᠡᠷᠭᠦᠭᠡᠷᠡᠢ᠃ ᠡᠳᠡᠭᠡᠷ ᠢ ᠪᠠᠢᠩ᠋ᠭᠤ ᠶᠢᠨ ᠰᠢᠲᠠᠭᠠᠯᠭᠠᠲᠤ ᠲᠠᠬᠢᠯ᠂ ᠲᠡᠭᠦᠨ ᠦ ᠢᠳᠡᠭᠡᠨ ᠲᠠᠬᠢᠯ ᠪᠠ ᠤᠮᠳᠠᠭᠠᠨ ᠲᠠᠬᠢᠯ ᠠᠴᠠ ᠭᠠᠳᠠᠨ᠎ᠠ ᠪᠡᠯᠡᠳᠬᠡᠬᠦ ᠶᠣᠰᠣᠲᠠᠢ᠃

26 ᠲᠠᠪᠤᠳᠠᠬᠢ ᠡᠳᠦᠷ ᠨᠢ ᠰᠣᠭᠣᠭ ᠦᠭᠡᠢ ᠶᠢᠰᠦᠨ ᠪᠤᠬ᠎ᠠ᠂ ᠬᠣᠶᠠᠷ ᠬᠤᠴᠠ᠂ ᠠᠷᠪᠠᠨ ᠳᠥᠷᠪᠡᠨ ᠡᠷ᠎ᠡ ᠬᠤᠷᠠᠭ᠎ᠠ ᠡᠷᠭᠦᠬᠦ ᠪᠥᠭᠡᠳ 27 ᠪᠤᠬ᠎ᠠ᠂ ᠬᠤᠴᠠ᠂ ᠬᠤᠷᠠᠭ᠎ᠠ ᠨᠤᠭᠤᠳ ᠲᠠᠢ ᠬᠠᠮᠲᠤ ᠡᠷᠭᠦᠬᠦ ᠢᠳᠡᠭᠡᠨ ᠲᠠᠬᠢᠯ ᠪᠣᠯᠣᠨ ᠤᠮᠳᠠᠭᠠᠨ ᠲᠠᠬᠢᠯ ᠢ ᠨᠢ ᠲᠣᠭᠲᠠᠭᠠᠯ ᠤᠨ ᠳᠠᠭᠠᠤ ᠲᠣᠭ᠎ᠠ ᠶᠣᠰᠣᠭᠠᠷ ᠨᠢ ᠡᠷᠭᠦᠭᠡᠷᠡᠢ᠃ 28 ᠮᠥᠨ ᠨᠢᠭᠦᠯ ᠦᠨ ᠲᠠᠬᠢᠯ ᠳᠤ ᠨᠢᠭᠡ ᠤᠬᠤᠨ᠎ᠠ ᠡᠷᠭᠦᠭᠡᠷᠡᠢ᠃ ᠡᠳᠡᠭᠡᠷ ᠢ ᠪᠠᠢᠩ᠋ᠭᠤ ᠶᠢᠨ ᠰᠢᠲᠠᠭᠠᠯᠭᠠᠲᠤ ᠲᠠᠬᠢᠯ᠂ ᠲᠡᠭᠦᠨ ᠦ ᠢᠳᠡᠭᠡᠨ ᠲᠠᠬᠢᠯ ᠪᠠ ᠤᠮᠳᠠᠭᠠᠨ ᠲᠠᠬᠢᠯ ᠠᠴᠠ ᠭᠠᠳᠠᠨ᠎ᠠ ᠪᠡᠯᠡᠳᠬᠡᠬᠦ ᠶᠣᠰᠣᠲᠠᠢ᠃

29 ᠵᠢᠷᠭᠤᠳᠠᠬᠢ ᠡᠳᠦᠷ ᠨᠢ ᠰᠣᠭᠣᠭ ᠦᠭᠡᠢ ᠨᠠᠢ᠌ᠮᠠᠨ ᠪᠤᠬ᠎ᠠ᠂ ᠬᠣᠶᠠᠷ ᠬᠤᠴᠠ᠂ ᠠᠷᠪᠠᠨ ᠳᠥᠷᠪᠡᠨ ᠡᠷ᠎ᠡ ᠬᠤᠷᠠᠭ᠎ᠠ ᠡᠷᠭᠦᠬᠦ ᠪᠥᠭᠡᠳ 30 ᠪᠤᠬ᠎ᠠ᠂ ᠬᠤᠴᠠ᠂ ᠬᠤᠷᠠᠭ᠎ᠠ ᠨᠤᠭᠤᠳ ᠲᠠᠢ ᠬᠠᠮᠲᠤ ᠡᠷᠭᠦᠬᠦ ᠢᠳᠡᠭᠡᠨ ᠲᠠᠬᠢᠯ ᠪᠣᠯᠣᠨ ᠤᠮᠳᠠᠭᠠᠨ ᠲᠠᠬᠢᠯ ᠢ ᠨᠢ ᠲᠣᠭᠲᠠᠭᠠᠯ ᠤᠨ ᠳᠠᠭᠠᠤ ᠲᠣᠭ᠎ᠠ ᠶᠣᠰᠣᠭᠠᠷ ᠨᠢ ᠡᠷᠭᠦᠭᠡᠷᠡᠢ᠃ 31 ᠮᠥᠨ ᠨᠢᠭᠦᠯ ᠦᠨ ᠲᠠᠬᠢᠯ ᠳᠤ ᠨᠢᠭᠡ ᠤᠬᠤᠨ᠎ᠠ ᠡᠷᠭᠦᠭᠡᠷᠡᠢ᠃ ᠡᠳᠡᠭᠡᠷ ᠢ ᠪᠠᠢᠩ᠋ᠭᠤ ᠶᠢᠨ ᠰᠢᠲᠠᠭᠠᠯᠭᠠᠲᠤ ᠲᠠᠬᠢᠯ᠂ ᠲᠡᠭᠦᠨ ᠦ ᠢᠳᠡᠭᠡᠨ ᠲᠠᠬᠢᠯ ᠪᠠ ᠤᠮᠳᠠᠭᠠᠨ ᠲᠠᠬᠢᠯ ᠠᠴᠠ ᠭᠠᠳᠠᠨ᠎ᠠ ᠪᠡᠯᠡᠳᠬᠡᠬᠦ ᠶᠣᠰᠣᠲᠠᠢ᠃

32 ᠳᠣᠯᠣᠳᠠᠬᠢ ᠡᠳᠦᠷ ᠨᠢ ᠰᠣᠭᠣᠭ ᠦᠭᠡᠢ ᠳᠣᠯᠣᠭᠠᠨ ᠪᠤᠬ᠎ᠠ᠂ ᠬᠣᠶᠠᠷ ᠬᠤᠴᠠ᠂ ᠠᠷᠪᠠᠨ ᠳᠥᠷᠪᠡᠨ ᠡᠷ᠎ᠡ ᠬᠤᠷᠠᠭ᠎ᠠ ᠡᠷᠭᠦᠬᠦ ᠪᠥᠭᠡᠳ 33 ᠪᠤᠬ᠎ᠠ᠂ ᠬᠤᠴᠠ᠂ ᠬᠤᠷᠠᠭ᠎ᠠ ᠨᠤᠭᠤᠳ ᠲᠠᠢ ᠬᠠᠮᠲᠤ ᠡᠷᠭᠦᠬᠦ ᠢᠳᠡᠭᠡᠨ ᠲᠠᠬᠢᠯ ᠪᠣᠯᠣᠨ ᠤᠮᠳᠠᠭᠠᠨ ᠲᠠᠬᠢᠯ ᠢ ᠨᠢ ᠲᠣᠭᠲᠠᠭᠠᠯ ᠤᠨ ᠳᠠᠭᠠᠤ ᠲᠣᠭ᠎ᠠ ᠶᠣᠰᠣᠭᠠᠷ ᠨᠢ ᠡᠷᠭᠦᠭᠡᠷᠡᠢ᠃ 34 ᠮᠥᠨ ᠨᠢᠭᠦᠯ ᠦᠨ ᠲᠠᠬᠢᠯ ᠳᠤ ᠨᠢᠭᠡ ᠤᠬᠤᠨ᠎ᠠ ᠡᠷᠭᠦᠭᠡᠷᠡᠢ᠃ ᠡᠳᠡᠭᠡᠷ ᠢ ᠪᠠᠢᠩ᠋ᠭᠤ ᠶᠢᠨ ᠰᠢᠲᠠᠭᠠᠯᠭᠠᠲᠤ ᠲᠠᠬᠢᠯ᠂ ᠲᠡᠭᠦᠨ ᠦ ᠢᠳᠡᠭᠡᠨ ᠲᠠᠬᠢᠯ ᠪᠠ ᠤᠮᠳᠠᠭᠠᠨ ᠲᠠᠬᠢᠯ ᠠᠴᠠ ᠨᠢ ᠭᠠᠳᠠᠨ᠎ᠠ ᠪᠡᠯᠡᠳᠬᠡᠬᠦ ᠶᠣᠰᠣᠲᠠᠢ᠃

35 ᠨᠠᠢ᠌ᠮᠠᠳᠠᠬᠢ ᠡᠳᠦᠷ ᠲᠦ ᠠᠷᠢᠭᠤᠨ ᠴᠤᠭᠯᠠᠭᠠᠨ ᠬᠢᠨ᠎ᠡ᠂ ᠲᠠ ᠨᠠᠷ ᠶᠠᠮᠠᠷ ᠴᠤ ᠠᠵᠢᠯ ᠪᠦᠦ ᠬᠢ᠃ 36 ᠰᠢᠲᠠᠭᠠᠯᠭᠠᠲᠤ ᠲᠠᠬᠢᠯ ᠳᠤ ᠰᠣᠭᠣᠭ ᠦᠭᠡᠢ ᠨᠢᠭᠡ ᠪᠤᠬ᠎ᠠ᠂ ᠨᠢᠭᠡ ᠬᠤᠴᠠ᠂ ᠳᠣᠯᠣᠭᠠᠨ ᠡᠷ᠎ᠡ ᠬᠤᠷᠠᠭ᠎ᠠ ᠶᠢ ᠶᠣᠬᠣᠸᠠ ᠳᠤ ᠲᠠᠭᠠᠯᠠᠭᠳᠠᠬᠤ ᠠᠩᠬᠢᠯᠤᠭᠤᠨ ᠦᠨᠦᠷ᠂ ᠭᠠᠯ ᠤᠨ ᠲᠠᠬᠢᠯ ᠪᠣᠯᠭᠠᠨ ᠡᠷᠭᠦᠭᠡᠷᠡᠢ᠃ 37 ᠪᠤᠬ᠎ᠠ᠂ ᠬᠤᠴᠠ᠂ ᠬᠤᠷᠠᠭ᠎ᠠ ᠨᠤᠭᠤᠳ ᠲᠠᠢ ᠬᠠᠮᠲᠤ ᠡᠷᠭᠦᠬᠦ ᠢᠳᠡᠭᠡᠨ ᠲᠠᠬᠢᠯ ᠪᠣᠯᠣᠨ ᠤᠮᠳᠠᠭᠠᠨ ᠲᠠᠬᠢᠯ ᠢ ᠨᠢ ᠲᠣᠭᠲᠠᠭᠠᠯ ᠤᠨ ᠳᠠᠭᠠᠤ ᠲᠣᠭ᠎ᠠ ᠶᠣᠰᠣᠭᠠᠷ ᠨᠢ ᠡᠷᠭᠦᠭᠡᠷᠡᠢ᠃ 38 ᠮᠥᠨ ᠨᠢᠭᠦᠯ ᠦᠨ ᠲᠠᠬᠢᠯ ᠳᠤ ᠨᠢᠭᠡ ᠤᠬᠤᠨ᠎ᠠ ᠡᠷᠭᠦᠭᠡᠷᠡᠢ᠃ ᠡᠳᠡᠭᠡᠷ ᠢ ᠪᠠᠢᠩ᠋ᠭᠤ ᠶᠢᠨ ᠰᠢᠲᠠᠭᠠᠯᠭᠠᠲᠤ ᠲᠠᠬᠢᠯ᠂ ᠲᠡᠭᠦᠨ ᠦ ᠢᠳᠡᠭᠡᠨ ᠡᠷᠭᠦᠯ ᠪᠠ ᠤᠮᠳᠠᠭᠠᠨ ᠡᠷᠭᠦᠯ ᠡᠴᠡ ᠭᠠᠳᠠᠨ᠎ᠠ ᠪᠡᠯᠡᠳᠬᠡᠬᠦ ᠶᠣᠰᠣᠲᠠᠢ᠃

39 ᠡᠳᠡᠭᠡᠷ ᠢ ᠲᠠ ᠨᠠᠷ ᠲᠠᠩ᠋ᠭᠠᠷᠢᠭ ᠤᠨ ᠡᠷᠭᠦᠯ ᠪᠣᠯᠣᠨ ᠰᠠᠢᠨ ᠳᠤᠷ᠎ᠠ ᠶᠢᠨ ᠡᠷᠭᠦᠯ ᠤᠳ ᠠᠴᠠ ᠪᠠᠨ ᠭᠠᠳᠠᠨ᠎ᠠ᠂ ᠥᠪᠡᠷᠰᠡᠳ ᠦᠨ ᠢᠶᠠᠨ ᠰᠢᠲᠠᠭᠠᠯᠭᠠᠲᠤ ᠲᠠᠬᠢᠯ᠂ ᠢᠳᠡᠭᠡᠨ ᠡᠷᠭᠦᠯ᠂ ᠤᠮᠳᠠᠭᠠᠨ ᠡᠷᠭᠦᠯ᠂ ᠮᠥᠨ ᠡᠪ ᠦᠨ ᠲᠠᠬᠢᠯ ᠤᠳ ᠪᠣᠯᠭᠠᠨ᠂ ᠲᠣᠭᠲᠠᠭᠠᠭᠳᠠᠭᠰᠠᠨ ᠪᠠᠶᠠᠷ ᠤᠨ ᠡᠳᠦᠷ ᠤᠳ ᠲᠡᠭᠡᠨ ᠶᠣᠬᠣᠸᠠ ᠳᠤ ᠠᠪᠴᠢᠷᠠ》 ᠭᠡᠪᠡ᠃

40 ᠮᠣᠰᠧ ᠶᠣᠬᠣᠸᠠ ᠶᠢᠨ ᠲᠤᠰᠢᠶᠠᠭᠰᠠᠨ ᠪᠦᠭᠦᠳᠡ ᠶᠢᠨ ᠶᠣᠰᠣᠭᠠᠷ ᠢᠰᠷᠧᠯᠴᠦᠳ ᠲᠦ ᠲᠡᠢᠨ ᠬᠦ ᠬᠡᠯᠡᠪᠡ᠃