1 2 3 4 5 6 7 8 9 10 11 12 13 14 15 16 17 18 19 20 21 22 23 24 25 26 27 28 29 30 31 32 33 34 35 36


ᠲᠣᠭᠠᠯᠠᠯᠭ᠎ᠠ ᠠᠷᠪᠠᠨ ᠳᠥᠷᠪᠡ
 ᠠᠷᠠᠳ ᠤᠨ ᠤᠷᠪᠠᠯᠭᠠᠨ

1 ᠲᠡᠷᠡ ᠰᠥᠨᠢ ᠨᠡᠢᠲᠡ ᠴᠢᠭᠤᠯᠭᠠᠨ ᠤ ᠠᠷᠠᠳ ᠣᠯᠠᠨ ᠪᠦᠭᠦᠳᠡᠭᠡᠷ ᠴᠢᠩᠭ᠍᠎ᠠ ᠳᠠᠭᠤ ᠪᠠᠷ ᠡᠬᠡᠷ ᠲᠠᠲᠠᠨ ᠤᠬᠢᠯᠠᠯᠳᠤᠪᠠ᠃ 2 ᠢᠰᠷᠧᠯᠴᠦᠳ ᠪᠦᠭᠦᠳᠡᠭᠡᠷ ᠮᠣᠰᠧ᠂ ᠠᠷᠣᠨ ᠨᠠᠷ ᠲᠤ ᠡᠰᠡᠷᠭᠦᠴᠡᠯ ᠭᠠᠷᠭᠠᠵᠤ᠂ ᠪᠦᠬᠦᠯᠢ ᠴᠢᠭᠤᠯᠭᠠᠨ ᠲᠡᠳᠡᠨ ᠳᠦ᠄ 《ᠪᠢᠳᠡ ᠶᠧᠵᠢᠫᠲ ᠤᠨ ᠨᠤᠲᠤᠭ ᠲᠤ ᠦᠬᠦᠵᠡᠭᠡᠭᠰᠡᠨ ᠴᠤ ᠪᠣᠯᠣᠭᠠᠰᠠᠢ᠂ ᠡᠰᠡᠪᠡᠯ ᠡᠨᠡ ᠴᠥᠯ ᠳᠤ ᠦᠬᠦᠵᠡᠭᠡᠭᠰᠡᠨ ᠴᠤ ᠪᠣᠯᠣᠭᠠᠰᠠᠢ︕ 3 ᠶᠣᠬᠣᠸᠠ ᠶᠠᠭᠠᠬᠢᠭᠠᠳ ᠪᠢᠳᠡᠨ ᠢ ᠡᠨᠡ ᠨᠤᠲᠤᠭ ᠲᠤ ᠠᠪᠴᠢᠷᠠᠵᠤ ᠪᠢᠳᠡᠨ ᠢ ᠢᠯᠳᠦᠨ ᠳᠦ ᠰᠥᠨᠥᠭᠡᠬᠦ ᠭᠡᠵᠦ ᠪᠠᠢᠭ᠎ᠠ ᠶᠤᠮ ᠪᠤᠢ︖ ᠡᠬᠡᠨᠡᠷ ᠬᠡᠦᠬᠡᠳ ᠤᠳ ᠮᠠᠨᠢ ᠣᠯᠵᠠ ᠪᠣᠯᠬᠤ ᠨᠢ ᠡ᠃ ᠶᠧᠵᠢᠫᠲ ᠤᠷᠤᠭᠤ ᠪᠤᠴᠠᠬᠤ ᠨᠢ ᠳᠡᠭᠡᠷ᠎ᠡ ᠪᠢᠰᠢ ᠤᠤ︖》 ᠭᠡᠯᠴᠡᠵᠦ ᠪᠠᠢᠯ᠎ᠠ᠃ 4 ᠡᠢᠨ ᠬᠦ ᠲᠡᠳᠡ᠄ 《ᠨᠢᠭᠡ ᠤᠳᠤᠷᠢᠳᠤᠭᠴᠢ ᠶᠢ ᠲᠣᠮᠢᠯᠠᠭᠠᠳ ᠶᠧᠵᠢᠫᠲ ᠤᠷᠤᠭᠤ ᠪᠤᠴᠠᠵᠠᠭᠠᠶ᠎ᠠ》 ᠭᠡᠯᠴᠡᠭᠰᠡᠨ ᠳᠦ᠂ 5 ᠮᠣᠰᠧ᠂ ᠠᠷᠣᠨ ᠬᠣᠶᠠᠷ ᠪᠦᠬᠦ ᠢᠰᠷᠧᠯᠴᠦᠳ ᠦᠨ ᠨᠡᠢᠲᠡ ᠴᠢᠭᠤᠯᠭᠠᠨ ᠤ ᠡᠮᠦᠨ᠎ᠡ ᠨᠢᠭᠤᠷ ᠢᠶᠠᠨ ᠭᠠᠵᠠᠷ ᠨᠠᠭᠠᠨ ᠪᠥᠬᠥᠢᠪᠡ᠃

6 ᠬᠠᠷᠢᠨ ᠲᠡᠷᠡ ᠨᠤᠲᠤᠭ ᠢ ᠲᠠᠩᠨᠠᠭᠰᠠᠨ ᠬᠥᠮᠦᠰ ᠦᠨ ᠳᠣᠲᠣᠷ᠎ᠠ ᠠᠴᠠ ᠨᠦᠨ ᠦ ᠬᠦᠦ ᠶᠣᠱᠦ᠋ᠶ᠎ᠠ ᠪᠣᠯᠣᠨ ᠶᠧᠹᠦ᠋ᠨᠧ ᠶᠢᠨ ᠬᠦᠦ ᠺᠠᠯᠧᠪ ᠬᠤᠪᠴᠠᠰᠤ ᠪᠠᠨ ᠤᠷᠠᠵᠤ᠂ 7 ᠪᠦᠬᠦ ᠢᠰᠷᠧᠯᠴᠦᠳ ᠦᠨ ᠨᠡᠢᠲᠡ ᠴᠢᠭᠤᠯᠭᠠᠨ ᠳᠤ ᠬᠠᠨᠳᠤᠨ᠄ 《ᠪᠢᠳᠡᠨ ᠦ ᠲᠠᠩᠨᠠᠵᠤ ᠳᠤᠭᠤᠯᠤᠭᠰᠠᠨ ᠲᠡᠷᠡ ᠨᠤᠲᠤᠭ ᠦᠨᠡᠬᠡᠷ ᠠᠰᠤᠷᠤ ᠰᠠᠢᠬᠠᠨ︕ 8 ᠬᠡᠷᠪᠡ ᠶᠣᠬᠣᠸᠠ ᠪᠢᠳᠡᠨ ᠢ ᠲᠠᠭᠠᠯᠠᠪᠠᠯ᠂ ᠪᠢᠳᠡᠨ ᠢ ᠲᠡᠷᠡ ᠨᠤᠲᠤᠭ ᠲᠤ ᠠᠪᠠᠴᠢᠵᠤ᠂ ᠲᠡᠷᠡ ᠬᠦ ᠰᠦ᠋᠂ ᠪᠠᠯ ᠤᠷᠤᠰᠤᠭᠰᠠᠨ ᠨᠤᠲᠤᠭ ᠢ ᠪᠢᠳᠡᠨ ᠳᠦ ᠰᠣᠶᠣᠷᠬᠠᠨ᠎ᠠ᠃ 9 ᠭᠠᠭᠴᠠ ᠬᠦ ᠶᠣᠬᠣᠸᠠ ᠠᠴᠠ ᠪᠦᠦ ᠲᠡᠷᠰᠯᠡ᠃ ᠲᠠ ᠨᠠᠷ ᠲᠡᠷᠡ ᠨᠤᠲᠤᠭ ᠤᠨ ᠠᠷᠠᠳ ᠣᠯᠠᠨ ᠠᠴᠠ ᠠᠶᠤᠬᠤ ᠴᠤ ᠬᠡᠷᠡᠭ ᠦᠭᠡᠢ᠃ ᠲᠡᠳᠡ ᠪᠢᠳᠡᠨ ᠦ ᠠᠮᠠᠨ ᠳᠤ ᠣᠷᠣᠬᠤ ᠪᠣᠯᠣᠨ᠎ᠠ᠃ ᠲᠡᠳᠡᠨ ᠳᠦ ᠬᠠᠮᠠᠭᠠᠯᠠᠯᠲᠠ ᠪᠠᠢᠬᠤ ᠦᠭᠡᠢ᠂ ᠬᠠᠷᠢᠨ ᠶᠣᠬᠣᠸᠠ ᠪᠢᠳᠡᠨ ᠲᠡᠢ ᠬᠠᠮᠲᠤ ᠪᠠᠢᠨ᠎ᠠ᠃ ᠲᠡᠳᠡᠨ ᠡᠴᠡ ᠪᠦᠦ ᠠᠶᠤ》 ᠭᠡᠯ᠎ᠡ᠃ 10 ᠨᠡᠢᠲᠡ ᠴᠢᠭᠤᠯᠭᠠᠨ ᠪᠦᠭᠦᠳᠡᠭᠡᠷ ᠢᠶᠡᠨ ᠲᠡᠳᠡᠨ ᠤᠷᠤᠭᠤ ᠴᠢᠯᠠᠭᠤ ᠰᠢᠳᠡ ᠭᠡᠵᠡᠭᠡᠵᠦ ᠪᠠᠢᠲᠠᠯ᠎ᠠ ᠶᠣᠬᠣᠸᠠ ᠶᠢᠨ ᠴᠣᠭ ᠵᠢᠪᠬᠤᠯᠠᠩ ᠠᠭᠤᠯᠵᠠᠯᠲᠠ ᠶᠢᠨ ᠴᠠᠴᠠᠷ ᠲᠤ ᠢᠰᠷᠧᠯᠴᠦᠳ ᠦᠨ ᠡᠮᠦᠨ᠎ᠡ ᠦᠵᠡᠭᠳᠡᠪᠡ᠃ 11 ᠶᠣᠬᠣᠸᠠ ᠮᠣᠰᠧ ᠳᠤ᠄ 《ᠡᠨᠡ ᠠᠷᠠᠳ ᠲᠦᠮᠡᠨ ᠬᠡᠵᠢᠶ᠎ᠡ ᠪᠣᠯᠲᠠᠯ᠎ᠠ ᠨᠠᠮᠠᠶᠢ ᠪᠠᠰᠤᠮᠵᠢᠯᠠᠭᠰᠠᠭᠠᠷ ᠪᠠᠢᠬᠤ ᠶᠤᠮ ᠪᠤᠢ︖ ᠲᠡᠳᠡᠨ ᠦ ᠳᠤᠮᠳᠠ ᠪᠢ ᠪᠦᠬᠦ ᠲᠡᠮᠳᠡᠭ ᠢ ᠦᠢᠯᠡᠳᠦᠭᠰᠡᠨ᠂ ᠬᠠᠷᠢᠨ ᠲᠡᠳᠡ ᠬᠡᠵᠢᠶ᠎ᠡ ᠪᠣᠯᠲᠠᠯ᠎ᠠ ᠨᠠᠳᠠ ᠳᠤ ᠢᠲᠡᠭᠡᠯ ᠦᠭᠡᠢ ᠪᠠᠢᠭᠰᠠᠭᠠᠷ ᠪᠠᠢᠬᠤ ᠶᠤᠮ ᠪᠤᠢ︖ 12 ᠪᠢ ᠲᠡᠳᠡᠨ ᠢ ᠲᠠᠬᠤᠯ ᠢᠶᠠᠷ ᠴᠣᠬᠢᠵᠤ ᠤᠰᠠᠳᠬᠠᠭᠠᠳ ᠲᠡᠳᠡᠨ ᠡᠴᠡ ᠢᠯᠡᠭᠦᠦ ᠠᠭᠤᠤ᠂ ᠢᠯᠡᠭᠦᠦ ᠬᠦᠴᠦᠷᠬᠡᠭ ᠦᠨᠳᠦᠰᠦᠲᠡᠨ ᠢ ᠴᠢᠮ᠎ᠠ ᠠᠴᠠ ᠡᠭᠦᠰᠭᠡᠶ᠎ᠡ》 ᠭᠡᠪᠡ᠃

13 ᠮᠣᠰᠧ ᠶᠣᠬᠣᠸᠠ ᠳᠤ᠄ 《ᠲᠠ ᠶᠧᠵᠢᠫᠲ᠋ᠴᠦᠳ ᠦᠨ ᠳᠤᠮᠳᠠ ᠬᠦᠴᠦ ᠪᠡᠨ ᠦᠵᠡᠭᠦᠯᠦᠨ ᠡᠨᠡ ᠠᠷᠠᠳ ᠣᠯᠠᠨ ᠢ ᠲᠡᠳᠡᠨ ᠦ ᠳᠤᠮᠳᠠ ᠠᠴᠠ ᠭᠠᠷᠭᠠᠵᠤ ᠠᠪᠤᠭᠰᠠᠨ ᠤᠴᠢᠷ ᠠᠴᠠ ᠲᠡᠳᠡ ᠡᠭᠦᠨ ᠢ ᠰᠣᠨᠣᠰᠣᠭᠠᠳ 14 ᠡᠨᠡ ᠨᠤᠲᠤᠭ ᠤᠨ ᠰᠠᠭᠤᠭᠠᠯᠢᠴᠢᠳ ᠲᠤ ᠳᠤᠭᠤᠯᠭᠠᠬᠤ ᠪᠤᠢ᠃ ᠲᠡᠳᠡᠭᠡᠷ ᠬᠥᠮᠦᠰ ᠴᠤ ᠶᠣᠬᠣᠸᠠ ᠲᠠᠨ ᠤ ᠡᠨᠡ ᠠᠷᠠᠳ ᠣᠯᠠᠨ ᠤ ᠳᠤᠮᠳᠠ ᠪᠠᠢᠭ᠎ᠠ ᠶᠢ᠂ ᠨᠢᠳᠦᠨ ᠦ ᠬᠢᠨᠢ ᠡᠮᠦᠨ᠎ᠡ ᠥᠪᠡᠷ ᠢ ᠪᠠᠨ ᠬᠠᠷᠠᠭᠤᠯᠤᠭᠰᠠᠨ ᠢ᠂ ᠲᠠᠨ ᠤ ᠡᠭᠦᠯᠡ ᠲᠡᠳᠡᠨ ᠦ ᠳᠡᠭᠡᠷ᠎ᠡ ᠲᠣᠭᠲᠠᠨ ᠪᠠᠢᠳᠠᠭ ᠢ᠂ ᠮᠥᠨ ᠡᠳᠦᠷ ᠨᠢ ᠡᠭᠦᠯᠡᠨ ᠪᠠᠭᠠᠨ᠎ᠠ ᠪᠠᠷ᠂ ᠰᠥᠨᠢ ᠨᠢ ᠭᠠᠯ ᠪᠠᠭᠠᠨ᠎ᠠ ᠪᠠᠷ ᠲᠡᠳᠡᠨ ᠦ ᠡᠮᠦᠨ᠎ᠡ ᠶᠠᠪᠤᠳᠠᠭ ᠢ ᠰᠣᠨᠣᠰᠣᠭᠰᠠᠨ ᠪᠢᠯᠡ᠃ 15 ᠬᠡᠷᠪᠡ ᠲᠠ ᠠᠷᠠᠳ ᠣᠯᠠᠨ ᠢᠶᠠᠨ ᠭᠠᠭᠴᠠ ᠬᠥᠮᠦᠨ ᠢ ᠰᠥᠨᠥᠭᠡᠬᠦ ᠮᠡᠲᠦ ᠰᠥᠨᠥᠭᠡᠪᠡᠯ᠂ ᠲᠠᠨ ᠤ ᠲᠤᠬᠠᠢ ᠰᠣᠨᠣᠰᠣᠭᠰᠠᠨ ᠬᠠᠷᠢᠴᠤᠳ᠄ 16 〈ᠶᠣᠬᠣᠸᠠ ᠠᠮᠠᠯᠠᠭᠰᠠᠨ ᠨᠤᠲᠤᠭ ᠤᠷᠤᠭᠤ ᠪᠠᠨ ᠠᠪᠠᠴᠢᠬᠤ ᠴᠢᠳᠠᠯ ᠦᠭᠡᠢ ᠪᠣᠯᠬᠣᠷ ᠠᠷᠠᠳ ᠣᠯᠠᠨ ᠢᠶᠠᠨ ᠴᠥᠯ ᠳᠤ ᠬᠢᠳᠤᠭᠰᠠᠨ ᠪᠠᠢᠨ᠎ᠠ〉 ᠭᠡᠬᠦ ᠪᠣᠯᠣᠨ᠎ᠠ᠃ 17 ᠡᠢᠮᠦ ᠡᠴᠡ ᠡᠵᠡᠨ ᠲᠠ ᠠᠢᠯᠠᠳᠤᠭᠰᠠᠨ ᠶᠣᠰᠣᠭᠠᠷ ᠢᠶᠠᠨ ᠬᠦᠴᠦ ᠴᠢᠳᠠᠯ ᠢᠶᠠᠨ ᠢᠯᠡᠷᠬᠡᠶᠢᠯᠡᠨ᠎ᠡ ᠤᠤ︖ ᠲᠠ ᠤᠷᠢᠳᠤ ᠨᠢ ᠬᠡᠯᠡᠬᠦ ᠳᠡᠭᠡᠨ᠄
18 〈ᠶᠣᠬᠣᠸᠠ ᠪᠣᠯ ᠠᠭᠤᠷᠯᠠᠬᠤ ᠳᠠᠭᠠᠨ ᠤᠳᠠᠭᠠᠨ ᠬᠠᠢᠷ᠎ᠠ ᠡᠨᠡᠷᠢᠯ ᠢᠶᠠᠷ ᠪᠢᠯᠬᠠᠮ᠎ᠠ ᠭᠡᠮ ᠪᠤᠷᠤᠭᠤ ᠳᠤ ᠥᠷᠥᠰᠢᠶᠡᠩᠭᠦᠢ᠂ ᠭᠡᠬᠦ ᠳᠡᠭᠡᠨ ᠲᠡᠭᠦᠨ ᠢ ᠰᠢᠳᠬᠡᠯ ᠦᠭᠡᠢ ᠥᠩᠭᠡᠷᠡᠭᠡᠬᠦ ᠦᠭᠡᠢ ᠡᠴᠢᠭᠡ ᠡᠬᠡ ᠶᠢᠨ ᠬᠢᠨᠢ ᠭᠡᠮ ᠨᠢᠭᠦᠯ ᠦᠨ ᠰᠢᠳᠬᠡᠯ ᠢ ᠭᠤᠷᠪᠠ᠂ ᠳᠥᠷᠪᠡᠳᠡᠬᠢ ᠦᠶ᠎ᠡ ᠶᠢᠨ ᠦᠷ᠎ᠡ ᠤᠳᠤᠮ ᠳᠤᠨᠢ ᠬᠦᠷᠲᠡᠯ᠎ᠡ ᠪᠠᠭᠤᠯᠭᠠᠨ᠎ᠠ〉
ᠭᠡᠰᠡᠨ ᠪᠢᠯᠡ᠃ 19 ᠲᠠ ᠡᠨᠡ ᠠᠷᠠᠳ ᠲᠦᠮᠡᠨ ᠢ ᠶᠧᠵᠢᠫᠲ ᠡᠴᠡ ᠭᠠᠷᠭᠠᠭᠰᠠᠨ ᠴᠠᠭ ᠠᠴᠠ ᠣᠳᠣ ᠪᠣᠯᠲᠠᠯ᠎ᠠ ᠥᠷᠥᠰᠢᠶᠡᠭᠰᠡᠨ ᠲᠡᠢ ᠪᠡᠨ ᠠᠳᠠᠯᠢ ᠪᠠᠷ ᠠᠭᠤᠤ ᠬᠠᠢᠷ᠎ᠠ ᠡᠨᠡᠷᠢᠯ ᠢᠶᠠᠷ ᠢᠶᠠᠨ ᠡᠨᠡ ᠠᠷᠠᠳ ᠲᠦᠮᠡᠨ ᠦ ᠭᠡᠮ ᠨᠢᠭᠦᠯ ᠢ ᠠᠭᠤᠴᠢᠯᠠᠭᠠᠴᠢ》 ᠭᠡᠯ᠎ᠡ᠃

20 ᠶᠣᠬᠣᠸᠠ ᠠᠢᠯᠠᠳᠤᠨ᠄ 《ᠭᠤᠶᠤᠭᠰᠠᠨ ᠶᠣᠰᠣᠭᠠᠷ ᠴᠢᠨᠢ ᠠᠭᠤᠴᠢᠯᠠᠯ᠎ᠠ᠃ 21 ᠬᠠᠷᠢᠨ ᠮᠢᠨᠦ ᠠᠮᠢᠳᠤ ᠯᠤᠭ᠎ᠠ ᠠᠳᠠᠯᠢ᠂ ᠮᠥᠨ ᠪᠦᠬᠦ ᠳᠡᠯᠡᠬᠡᠢ ᠶᠣᠬᠣᠸᠠ ᠶᠢᠨ ᠢᠷᠠᠭᠤ ᠠᠯᠳᠠᠷ ᠢᠶᠠᠷ ᠳᠦᠭᠦᠷᠬᠦ ᠯᠤᠭ᠎ᠠ ᠠᠳᠠᠯᠢ ᠪᠠᠲᠤ ᠦᠨᠡᠨ ᠭᠡᠪᠡᠯ᠂ 22 ᠮᠢᠨᠦ ᠴᠣᠭ ᠵᠢᠪᠬᠤᠯᠠᠩ ᠢ᠂ ᠮᠥᠨ ᠶᠧᠵᠢᠫᠲ ᠪᠣᠯᠣᠨ ᠴᠥᠯ ᠳᠤ ᠦᠢᠯᠡᠳᠦᠭᠰᠡᠨ ᠮᠢᠨᠦ ᠰᠢᠳᠢ ᠲᠡᠮᠳᠡᠭ ᠤᠳ ᠢ ᠬᠠᠷᠠᠭᠰᠠᠨ ᠠᠲᠠᠯ᠎ᠠ ᠪᠠᠨ ᠡᠢᠨ ᠬᠦ ᠠᠷᠪᠠ ᠤᠳᠠᠭ᠎ᠠ ᠨᠠᠮᠠᠶᠢ ᠲᠡᠩᠰᠡᠵᠦ᠂ ᠮᠢᠨᠦ ᠳᠠᠭᠤ ᠶᠢ ᠰᠣᠨᠣᠰᠣᠭ᠎ᠠ ᠦᠭᠡᠢ ᠡᠨᠡ ᠪᠦᠬᠦ ᠬᠥᠮᠦᠨ 23 ᠮᠢᠨᠦ ᠡᠴᠢᠭᠡ ᠡᠪᠦᠭᠡᠳ ᠲᠤᠨᠢ ᠠᠮᠠᠯᠠᠭᠰᠠᠨ ᠲᠡᠷᠡ ᠨᠤᠲᠤᠭ ᠢ ᠶᠡᠷᠦ ᠦᠵᠡᠬᠦ ᠦᠭᠡᠢ᠂ ᠨᠠᠮᠠᠶᠢ ᠪᠠᠰᠤᠮᠵᠢᠯᠠᠭᠰᠠᠨ ᠬᠥᠮᠦᠨ ᠪᠦᠬᠦᠨ ᠲᠡᠷᠡ ᠭᠠᠵᠠᠷ ᠢ ᠦᠵᠡᠬᠦ ᠦᠭᠡᠢ᠃ 24 ᠬᠠᠷᠢᠨ ᠮᠢᠨᠦ ᠵᠠᠷᠤᠴᠠ ᠺᠠᠯᠧᠪ ᠥᠭᠡᠷ᠎ᠡ ᠰᠦᠨᠡᠰᠦ ᠲᠠᠢ᠂ ᠨᠠᠮᠠᠶᠢ ᠪᠦᠷᠢᠨ ᠳᠠᠭᠠᠭᠰᠠᠨ ᠲᠤᠯᠠ ᠲᠡᠭᠦᠨ ᠢ ᠣᠴᠢᠭᠰᠠᠨ ᠨᠤᠲᠤᠭ ᠤᠷᠤᠭᠤ ᠨᠢ ᠠᠪᠠᠴᠢᠵᠤ᠂ ᠦᠷ᠎ᠡ ᠤᠳᠤᠮ ᠳᠤᠨᠢ ᠲᠡᠷᠡ ᠭᠠᠵᠠᠷ ᠢ ᠡᠵᠡᠮᠰᠢᠭᠦᠯᠦᠶ᠎ᠡ᠃ 25 ᠭᠡᠬᠦ ᠳᠡᠭᠡᠨ ᠠᠮᠠᠯᠧᠺᠴᠤᠳ ᠪᠣᠯᠣᠨ ᠺᠠᠨᠠᠨᠴᠤᠳ ᠲᠡᠷᠡ ᠬᠥᠨᠳᠡᠢ ᠲᠠᠯ᠎ᠠ ᠳᠤ ᠰᠠᠭᠤᠵᠤ ᠪᠠᠢᠭ᠎ᠠ ᠲᠤᠯᠠ ᠮᠠᠷᠭᠠᠰᠢ ᠲᠠ ᠨᠠᠷ ᠪᠤᠴᠠᠵᠤ᠂ ᠤᠯᠠᠭᠠᠨ ᠲᠠᠩᠭᠢᠰ ᠬᠦᠷᠬᠦ ᠵᠠᠮ ᠢᠶᠠᠷ ᠴᠥᠯ ᠥᠭᠡᠳᠡ ᠶᠠᠪᠤ》 ᠭᠡᠪᠡ᠃

26 ᠶᠣᠬᠣᠸᠠ ᠮᠣᠰᠧ᠂ ᠠᠷᠣᠨ ᠨᠠᠷ ᠲᠤ ᠠᠢᠯᠠᠳᠤᠨ᠄ 27 《ᠡᠨᠡ ᠮᠠᠭᠤᠬᠠᠢ ᠨᠡᠢᠲᠡ ᠴᠢᠭᠤᠯᠭᠠᠨ ᠬᠡᠴᠢᠨᠡᠨ ᠤᠳᠠᠭᠠᠨ ᠨᠠᠳᠠ ᠳᠤ ᠡᠰᠡᠷᠭᠦᠴᠡᠯ ᠭᠠᠷᠭᠠᠭᠰᠠᠭᠠᠷ ᠪᠠᠢᠬᠤ ᠪᠤᠢ︖ ᠮᠢᠨᠦ ᠡᠰᠡᠷᠭᠦ ᠭᠠᠷᠭᠠᠭᠰᠠᠨ ᠢᠰᠷᠧᠯᠴᠦᠳ ᠦᠨ ᠡᠰᠡᠷᠭᠦᠴᠡᠯ ᠢ ᠪᠢ ᠰᠣᠨᠣᠰᠣᠭᠰᠠᠨ᠃ 28 ᠴᠢ ᠲᠡᠳᠡᠨ ᠳᠦ᠄ 〈ᠶᠣᠬᠣᠸᠠ ᠠᠢᠯᠠᠳᠴᠤ ᠪᠠᠢᠨ᠎ᠠ᠄ ᠮᠢᠨᠦ ᠠᠮᠢᠳᠤ ᠯᠤᠭ᠎ᠠ ᠨᠢᠭᠡᠨ ᠠᠳᠠᠯᠢ ᠪᠠᠲᠤ ᠦᠨᠡᠨ ᠭᠡᠪᠡᠯ᠂ ᠮᠢᠨᠦ ᠰᠣᠨᠣᠷ ᠲᠤ ᠬᠦᠷᠦᠭᠰᠡᠨ ᠦᠭᠡ ᠶᠢᠨ ᠴᠢᠨᠢ ᠶᠣᠰᠣᠭᠠᠷ ᠪᠢ ᠲᠠ ᠨᠠᠷ ᠲᠤ ᠬᠢᠵᠦ ᠥᠭᠭᠥᠶ᠎ᠡ — 29 ᠴᠣᠭᠴᠠᠰ ᠴᠢᠨᠢ ᠡᠨᠡ ᠴᠥᠯ ᠳᠤ ᠬᠠᠶᠠᠭᠳᠠᠬᠤ ᠪᠣᠯᠣᠨ᠎ᠠ᠃ ᠨᠠᠮᠠᠶᠢ ᠡᠰᠡᠷᠭᠦᠴᠡᠭᠰᠡᠨ ᠬᠥᠮᠦᠰ᠂ ᠲᠣᠭᠠᠯᠠᠯᠭ᠎ᠠ ᠳᠤ ᠣᠷᠣᠭᠰᠠᠨ ᠬᠣᠷᠢ ᠪᠠ ᠬᠣᠷᠢ ᠡᠴᠡ ᠳᠡᠭᠡᠭᠰᠢ ᠨᠠᠰᠤᠨ ᠤ ᠬᠥᠮᠦᠰ ᠦᠨ ᠳᠤᠮᠳᠠ ᠠᠴᠠ 30 ᠶᠧᠹᠦ᠋ᠨᠧ ᠶᠢᠨ ᠬᠦᠦ ᠺᠠᠯᠧᠪ ᠪᠣᠯᠣᠨ ᠨᠦᠨ ᠦ ᠬᠦᠦ ᠶᠣᠱᠦ᠋ᠶ᠎ᠠ ᠠᠴᠠ ᠥᠭᠡᠷ᠎ᠡ ᠬᠡᠨ ᠢ ᠴᠤ ᠲᠠ ᠨᠠᠷ ᠢ ᠰᠠᠭᠤᠷᠢᠰᠢᠭᠤᠯᠬᠤ ᠪᠠᠷ ᠭᠠᠷ ᠢᠶᠠᠨ ᠲᠠᠯᠪᠢᠨ ᠲᠠᠩ᠋ᠭᠠᠷᠢᠭᠯᠠᠭᠰᠠᠨ ᠲᠡᠷᠡ ᠨᠤᠲᠤᠭ ᠲᠤ ᠪᠢ ᠣᠷᠣᠭᠤᠯᠬᠤ ᠦᠭᠡᠢ᠃ 31 ᠬᠠᠷᠢᠨ 〈ᠣᠯᠵᠠᠯᠠᠭᠳᠠᠭᠰᠠᠳ ᠪᠣᠯᠬᠤ ᠨᠢ ᠡ〉 ᠬᠡᠮᠡᠨ ᠲᠠ ᠨᠠᠷ ᠤᠨ ᠬᠡᠯᠡᠳᠡᠭ ᠪᠠᠢᠭᠰᠠᠨ ᠪᠠᠭᠠᠴᠤᠤᠯ ᠢ ᠴᠢᠨᠢ ᠣᠷᠣᠭᠤᠯᠤᠨ᠎ᠠ᠂ ᠲᠡᠳᠡ ᠲᠠ ᠨᠠᠷ ᠤᠨ ᠣᠭᠣᠷᠣᠭᠰᠠᠨ ᠲᠡᠷᠡ ᠨᠤᠲᠤᠭ ᠤᠨ ᠰᠠᠢᠨ ᠰᠠᠢᠬᠠᠨ ᠢ ᠠᠮᠰᠠᠬᠤ ᠦᠶ᠎ᠡ ᠳᠦ᠂ 32 ᠲᠠ ᠨᠠᠷ ᠤᠨ ᠬᠡᠭᠦᠷ ᠡᠨᠡ ᠴᠥᠯ ᠳᠤ ᠤᠨᠠᠭᠰᠠᠨ ᠪᠠᠢᠬᠤ ᠪᠣᠯᠣᠨ᠎ᠠ᠃ 33 ᠬᠠᠷᠢᠨ ᠲᠠ ᠨᠠᠷ ᠤᠨ ᠬᠡᠦᠬᠡᠳ ᠤᠳ ᠬᠡᠭᠦᠷ ᠢ ᠴᠢᠨᠢ ᠴᠥᠯ ᠳᠤ ᠠᠯᠠᠭ᠎ᠠ ᠪᠣᠯᠲᠠᠯ᠎ᠠ ᠲᠠ ᠨᠠᠷ ᠤᠨ ᠵᠠᠪᠬᠠᠢ ᠶᠠᠪᠤᠳᠠᠯ ᠤᠳ ᠢ ᠡᠭᠦᠷᠴᠦ ᠴᠥᠯ ᠳᠤ ᠳᠥᠴᠢᠨ ᠵᠢᠯ ᠮᠠᠯ ᠮᠠᠯᠯᠠᠬᠤ ᠪᠣᠯᠣᠨ᠎ᠠ᠃ 34 ᠲᠡᠷᠡ ᠨᠤᠲᠤᠭ ᠢ ᠲᠠᠩᠨᠠᠭᠰᠠᠨ ᠳᠥᠴᠢᠨ ᠬᠣᠨᠣᠭ ᠤᠨ ᠨᠢᠭᠡ ᠡᠳᠦᠷ ᠢ ᠨᠢᠭᠡ ᠵᠢᠯ ᠢᠶᠠᠷ ᠲᠣᠭᠠᠴᠠᠵᠤ ᠳᠥᠴᠢᠨ ᠵᠢᠯ ᠲᠠ ᠨᠠᠷ ᠭᠡᠮ ᠨᠢᠭᠦᠯ ᠢᠶᠡᠨ ᠡᠭᠦᠷᠴᠦ ᠨᠠᠮᠠᠶᠢ ᠣᠭᠣᠷᠣᠭᠰᠠᠨ ᠤ ᠠᠮᠲᠠ ᠶᠢ ᠮᠡᠳᠡᠬᠦ ᠪᠣᠯᠣᠨ᠎ᠠ᠃ 35 ᠶᠣᠬᠣᠸᠠ ᠪᠢ ᠪᠠᠲᠤᠲᠠᠢ ᠬᠡᠯᠡᠶ᠎ᠡ᠃ ᠮᠢᠨᠦ ᠡᠰᠡᠷᠭᠦ ᠪᠦᠭᠡᠭᠡᠨᠡᠷᠡᠭᠰᠡᠨ ᠡᠨᠡ ᠮᠠᠭᠤᠬᠠᠢ ᠨᠡᠢᠲᠡ ᠴᠢᠭᠤᠯᠭᠠᠨ ᠳᠤ ᠪᠢ ᠡᠳᠡᠭᠡᠷ ᠢ ᠵᠠᠪᠠᠯ ᠬᠢᠬᠦ ᠪᠣᠯᠣᠨ᠎ᠠ᠃ ᠲᠡᠳᠡ ᠡᠨᠡ ᠴᠥᠯ ᠳᠤ ᠤᠰᠠᠳᠴᠤ᠂ ᠡ᠊ᠨᠳᠡ ᠦᠬᠦᠵᠡᠭᠡᠬᠦ ᠪᠣᠯᠣᠨ᠎ᠠ〉》 ᠭᠡᠪᠡ᠃

36 ᠲᠡᠢᠨ ᠬᠦ ᠮᠣᠰᠧ ᠶᠢᠨ ᠢᠯᠡᠭᠡᠭᠰᠡᠨ ᠬᠥᠮᠦᠰ ᠲᠡᠷᠡ ᠨᠤᠲᠤᠭ ᠢ ᠲᠠᠩᠨᠠᠵᠤ ᠪᠤᠴᠠᠵᠤ ᠢᠷᠡᠭᠡᠳ ᠲᠡᠷᠡ ᠨᠤᠲᠤᠭ ᠤᠨ ᠲᠤᠬᠠᠢ ᠮᠠᠭᠤ ᠦᠭᠡ ᠲᠠᠷᠬᠠᠭᠠᠭᠰᠠᠨ ᠢᠶᠠᠷ ᠨᠡᠢᠲᠡ ᠴᠢᠭᠤᠯᠭᠠᠨ ᠲᠡᠭᠦᠨ ᠳᠦ ᠡᠰᠡᠷᠭᠦᠴᠡᠯ ᠭᠠᠷᠭᠠᠭᠰᠠᠨ ᠪᠠᠢᠨ᠎ᠠ — 37 ᠲᠡᠷᠡ ᠨᠤᠲᠤᠭ ᠤᠨ ᠲᠤᠬᠠᠢ ᠮᠠᠭᠤ ᠦᠭᠡ ᠲᠠᠷᠬᠠᠭᠠᠭᠰᠠᠨ ᠡᠳᠡᠭᠡᠷ ᠬᠥᠮᠦᠰ ᠶᠣᠬᠣᠸᠠ ᠶᠢᠨ ᠡᠮᠦᠨ᠎ᠡ ᠲᠠᠬᠤᠯ ᠢᠶᠠᠷ ᠦᠬᠦᠭᠰᠡᠨ ᠪᠠᠢᠨ᠎ᠠ᠃ 38 ᠲᠡᠷᠡ ᠨᠤᠲᠤᠭ ᠢ ᠲᠠᠩᠨᠠᠬᠤ ᠪᠠᠷ ᠶᠠᠪᠤᠭᠰᠠᠨ ᠬᠥᠮᠦᠰ ᠡᠴᠡ ᠠᠮᠢᠳᠤ ᠦᠯᠡᠳᠡᠭᠴᠢ ᠨᠢ ᠨᠦᠨ ᠦ ᠬᠦᠦ ᠶᠣᠱᠦ᠋ᠶ᠎ᠠ᠂ ᠶᠧᠹᠦ᠋ᠨᠧ ᠶᠢᠨ ᠬᠦᠦ ᠺᠠᠯᠧᠪ ᠪᠠᠢᠯ᠎ᠠ᠃

39 ᠮᠣᠰᠧ ᠡᠳᠡᠭᠡᠷ ᠦᠭᠡ ᠶᠢ ᠪᠦᠬᠦ ᠢᠰᠷᠧᠯᠴᠦᠳ ᠲᠦ ᠳᠤᠭᠤᠯᠭᠠᠬᠤ ᠳᠤ᠂ ᠠᠷᠠᠳ ᠣᠯᠠᠨ ᠦᠯᠡᠮᠵᠢ ᠭᠠᠰᠢᠭᠤᠳᠠᠵᠠᠭᠠᠪᠠ᠃ 40 ᠲᠡᠳᠡ ᠥᠷᠯᠥᠭᠡ ᠡᠷᠲᠡᠯᠡᠨ ᠪᠣᠰᠴᠤ᠂ ᠠᠭᠤᠯᠠᠷᠬᠠᠭ ᠨᠤᠲᠤᠭ ᠥᠭᠡᠳᠡ ᠣᠴᠢᠬᠤ ᠪᠠᠷ᠄ 《ᠪᠢᠳᠡ ᠨᠢᠭᠦᠯ ᠦᠢᠯᠡᠳᠦᠭᠰᠡᠨ ᠪᠠᠢᠨ᠎ᠠ᠂ ᠵᠠ᠂ ᠣᠳᠣ ᠶᠣᠬᠣᠸᠠ ᠶᠢᠨ ᠠᠮᠠᠯᠠᠭᠰᠠᠨ ᠭᠠᠵᠠᠷ ᠥᠭᠡᠳᠡ ᠶᠠᠪᠤᠵᠠᠭᠠᠶ᠎ᠠ》 ᠭᠡᠯᠴᠡᠭᠰᠡᠨ ᠳᠦ᠂ 41 ᠮᠣᠰᠧ᠄ 《ᠲᠠ ᠨᠠᠷ ᠶᠠᠭᠤᠨ ᠳᠤ ᠢᠩᠭᠢᠵᠦ ᠶᠣᠬᠣᠸᠠ ᠶᠢᠨ ᠲᠤᠰᠢᠶᠠᠯ ᠢ ᠵᠥᠷᠢᠴᠡᠬᠦ ᠭᠡᠵᠦ ᠪᠠᠢᠨ᠎ᠠ ᠪᠤᠢ︖ ᠡᠨᠡ ᠴᠢᠨᠢ ᠪᠦᠲᠦᠬᠦ ᠦᠭᠡᠢ᠂ 42 ᠪᠦᠦ ᠶᠠᠪᠤ᠂ ᠶᠣᠬᠣᠸᠠ ᠲᠠ ᠨᠠᠷ ᠤᠨ ᠳᠤᠮᠳᠠ ᠪᠠᠢᠬᠤ ᠦᠭᠡᠢ︕ ᠲᠠ ᠨᠠᠷ ᠳᠠᠢᠰᠤᠨ ᠨᠤᠭᠤᠳ ᠲᠠᠭᠠᠨ ᠢᠯᠠᠭᠳᠠᠬᠤ ᠪᠤᠢ᠃ 43 ᠠᠮᠠᠯᠧᠺᠴᠤᠳ ᠪᠣᠯᠣᠨ ᠺᠠᠨᠠᠨᠴᠤᠳ ᠲᠡᠨᠳᠡ ᠲᠠ ᠨᠠᠷ ᠤᠨ ᠡᠮᠦᠨ᠎ᠡ ᠪᠠᠢᠬᠤ ᠪᠣᠯᠣᠨ᠎ᠠ︕ ᠲᠠ ᠨᠠᠷ ᠶᠣᠬᠣᠸᠠ ᠠᠴᠠ ᠤᠷᠪᠠᠭᠰᠠᠨ ᠤᠴᠢᠷ ᠠᠴᠠ ᠶᠣᠬᠣᠸᠠ ᠲᠠ ᠨᠠᠷ ᠲᠠᠢ ᠬᠠᠮᠲᠤ ᠪᠠᠢᠬᠤ ᠦᠭᠡᠢ᠂ ᠲᠠ ᠨᠠᠷ ᠢᠯᠳᠦᠨ ᠳᠦ ᠤᠨᠠᠬᠤ ᠪᠣᠯᠣᠨ᠎ᠠ》 ᠭᠡᠪᠡ᠃ 44 ᠶᠣᠬᠣᠸᠠ ᠶᠢᠨ ᠭᠡᠷ᠎ᠡ ᠶᠢᠨ ᠠᠪᠳᠠᠷ᠎ᠠ ᠴᠤ᠂ ᠮᠣᠰᠧ ᠴᠤ ᠬᠤᠸᠠᠷᠠᠨ ᠠᠴᠠ ᠬᠥᠳᠡᠯᠦᠭᠰᠡᠨ ᠦᠭᠡᠢ ᠪᠠᠢᠬᠤ ᠳᠤ᠂ ᠬᠠᠷᠢᠨ ᠲᠡᠳᠡ ᠥᠪᠡᠷ ᠦᠨ ᠵᠣᠷᠢᠭ ᠢᠶᠠᠷ ᠠᠭᠤᠯᠠ ᠶᠢᠨ ᠣᠷᠣᠢ ᠥᠭᠡᠳᠡ ᠶᠠᠪᠤᠵᠠᠢ᠃ 45 ᠠᠭᠤᠯᠠᠷᠬᠠᠭ ᠨᠤᠲᠤᠭ ᠲᠤ ᠰᠠᠭᠤᠵᠤ ᠪᠠᠢᠭ᠎ᠠ ᠠᠮᠠᠯᠧᠺᠴᠤᠳ ᠪᠣᠯᠣᠨ ᠺᠠᠨᠠᠨᠴᠤᠳ ᠪᠠᠭᠤᠨ ᠢᠷᠡᠵᠦ᠂ ᠲᠡᠳᠡᠨ ᠢ ᠬᠣᠷᠮᠠ ᠬᠦᠷᠲᠡᠯ᠎ᠡ ᠪᠤᠲᠠ ᠴᠣᠬᠢᠭᠰᠠᠨ ᠪᠠᠢᠨ᠎ᠠ᠃