ᠲᠣᠭᠠᠯᠠᠯᠭ᠎ᠠ ᠠᠷᠪᠠᠨ ᠵᠢᠷᠭᠤᠭ᠎ᠠ
ᠺᠣᠷᠠ ᠶᠢᠨ ᠪᠦᠯᠦᠭᠲᠡᠨ ᠦ ᠤᠷᠪᠠᠯᠭᠠᠨ
1 ᠯᠧᠸᠢ ᠶᠢᠨ ᠵᠢᠴᠢ᠂ ᠺᠣᠬᠠᠲ ᠤᠨ ᠠᠴᠢ᠂ ᠢᠽᠬᠠᠷ ᠤᠨ ᠬᠦᠦ ᠺᠣᠷᠠ᠂ ᠷᠧᠣᠪᠧᠨ ᠤ ᠤᠳᠤᠮ ᠪᠣᠯᠬᠤ ᠡᠯᠢᠶᠠᠪ ᠤᠨ ᠬᠥᠪᠡᠭᠦᠳ ᠳ᠋ᠠᠲ᠋ᠠᠨ᠂ ᠠᠪᠢᠷᠠᠮ ᠬᠣᠶᠠᠷ᠂ ᠮᠥᠨ ᠫᠧᠯᠧᠲ ᠤᠨ ᠬᠦᠦ ᠣᠨ ᠨᠠᠷ ᠪᠦᠯᠦᠭᠯᠡᠨ 2 ᠢᠰᠷᠧᠯ ᠤᠨ ᠬᠡᠰᠡᠭ ᠬᠥᠮᠦᠰ᠂ ᠲᠤᠬᠠᠢᠯᠠᠪᠠᠯ ᠨᠡᠢᠲᠡ ᠴᠢᠭᠤᠯᠭᠠᠨ ᠢᠶᠠᠷ ᠰᠣᠩ᠋ᠭᠣᠭᠳᠠᠭᠰᠠᠨ ᠨᠡᠷ᠎ᠡ ᠬᠦᠨᠳᠦ ᠲᠠᠢ ᠬᠣᠶᠠᠷ ᠵᠠᠭᠤ ᠲᠠᠪᠢᠨ ᠤᠳᠤᠷᠢᠳᠤᠭᠴᠢ ᠲᠠᠢ ᠬᠠᠮᠲᠤ ᠮᠣᠰᠧ ᠶᠢᠨ ᠡᠰᠡᠷᠭᠦ ᠪᠣᠰᠣᠯᠴᠠᠭᠰᠠᠨ ᠪᠠᠢᠨ᠎ᠠ᠃ ᠲᠡᠳᠡᠨ ᠦ ᠲᠠᠯ᠎ᠠ ᠳᠤ᠂ ᠮᠥᠨ ᠢᠰᠷᠧᠯ ᠤᠨ ᠬᠡᠰᠡᠭ ᠬᠥᠮᠦᠰ᠂ ᠲᠤᠬᠠᠢᠯᠠᠪᠠᠯ ᠨᠡᠢᠲᠡ ᠴᠢᠭᠤᠯᠭᠠᠨ ᠤ ᠬᠣᠶᠠᠷ ᠵᠠᠭᠤ ᠲᠠᠪᠢᠨ ᠤᠳᠤᠷᠢᠳᠤᠭᠴᠢ ᠬᠠᠮᠲᠤ ᠪᠠᠢᠪᠠ᠃ ᠲᠡᠳᠡ ᠪᠦᠭᠦᠳᠡ ᠨᠡᠢᠲᠡ ᠴᠢᠭᠤᠯᠭᠠᠨ ᠤ ᠨᠡᠷ᠎ᠡ ᠬᠦᠨᠳᠦᠲᠡᠢ ᠰᠢᠯᠢᠳᠡᠭ ᠭᠡᠰᠢᠭᠦᠳ ᠪᠠᠢᠯ᠎ᠠ᠃ 3 ᠲᠡᠳᠡ ᠬᠠᠮᠲᠤ ᠳᠠᠭᠠᠨ ᠮᠣᠰᠧ᠂ ᠠᠷᠣᠨ ᠨᠠᠷ ᠤᠨ ᠡᠰᠡᠷᠭᠦ ᠴᠤᠭᠯᠠᠷᠠᠵᠤ᠄ 《ᠲᠠ ᠨᠠᠷ ᠬᠡᠲᠦᠷᠡᠵᠦ ᠪᠠᠢᠨ᠎ᠠ᠃ ᠨᠡᠢᠲᠡ ᠴᠢᠭᠤᠯᠭᠠᠨ ᠤ ᠬᠥᠮᠦᠨ ᠪᠦᠷᠢ ᠠᠷᠢᠭᠤᠨ ᠪᠥᠭᠡᠳ ᠶᠣᠬᠣᠸᠠ ᠲᠡᠳᠡᠨ ᠦ ᠳᠤᠮᠳᠠ ᠪᠠᠢᠲᠠᠯ᠎ᠠ ᠲᠠ ᠨᠠᠷ ᠶᠠᠭᠤᠨ ᠳᠤ ᠥᠪᠡᠷᠰᠡᠳ ᠢ ᠪᠠᠨ ᠶᠣᠬᠣᠸᠠ ᠶᠢᠨ ᠴᠢᠭᠤᠯᠭᠠᠨ ᠠᠴᠠ ᠳᠡᠭᠡᠭᠦᠷ ᠡᠷᠭᠦᠮᠵᠢᠯᠡᠨ᠎ᠡ ᠪᠤᠢ︖》 ᠭᠡᠵᠦ ᠬᠡᠯᠡᠪᠡ᠃ 4 ᠮᠣᠰᠧ ᠡᠭᠦᠨ ᠢ ᠰᠣᠨᠣᠰᠣᠭᠠᠳ ᠨᠢᠭᠤᠷ ᠢᠶᠠᠨ ᠭᠠᠵᠠᠷ ᠲᠤ ᠨᠠᠭᠠᠨ ᠮᠥᠷᠭᠥᠭᠰᠡᠨ ᠦ ᠳᠠᠷᠠᠭ᠎ᠠ᠂ 5 ᠺᠣᠷᠠ ᠪᠣᠯᠣᠨ ᠲᠡᠭᠦᠨ ᠦ ᠪᠦᠯᠦᠭ ᠦᠨ ᠬᠢᠨ ᠳᠤ᠄ 《ᠮᠠᠷᠭᠠᠰᠢ ᠥᠷᠯᠥᠭᠡ ᠶᠣᠬᠣᠸᠠ ᠠᠯᠢ ᠨᠢ ᠲᠡᠭᠦᠨ ᠦ ᠬᠢ ᠪᠥᠭᠡᠳ ᠠᠷᠢᠭᠤᠨ ᠪᠣᠯᠬᠤ ᠶᠢ ᠬᠠᠷᠠᠭᠤᠯᠵᠤ᠂ ᠲᠡᠷᠡ ᠬᠥᠮᠦᠨ ᠢ ᠥᠪᠡᠷ ᠲᠡᠭᠡᠨ ᠣᠢᠷᠠᠲᠤᠭᠤᠯᠬᠤ ᠪᠣᠯᠣᠨ᠎ᠠ᠃ ᠲᠡᠷᠡ ᠰᠣᠩ᠋ᠭᠣᠭᠰᠠᠨ ᠬᠥᠮᠦᠨ ᠢᠶᠡᠨ ᠯᠠ ᠥᠪᠡᠷ ᠲᠡᠭᠡᠨ ᠣᠢᠷᠠᠲᠤᠭᠤᠯᠤᠨ᠎ᠠ᠃ 6 ᠢᠩᠭᠢᠵᠦ ᠬᠢ᠂ ᠺᠣᠷᠠ ᠴᠢ ᠪᠣᠯᠣᠨ ᠴᠢᠨᠦ ᠪᠦᠯᠦᠭ ᠦᠨ ᠬᠢᠨ ᠪᠣᠢᠫᠣᠷ ᠤᠳ ᠢᠶᠠᠨ ᠪᠡᠯᠡᠳᠬᠡᠭᠡᠳ 7 ᠮᠠᠷᠭᠠᠰᠢ ᠶᠣᠬᠣᠸᠠ ᠶᠢᠨ ᠡᠮᠦᠨ᠎ᠡ ᠪᠣᠢᠫᠣᠷ ᠳᠣᠲᠣᠷ᠎ᠠ ᠪᠠᠨ ᠭᠠᠯ ᠬᠢᠵᠦ᠂ ᠲᠡᠭᠦᠨ ᠳᠡᠭᠡᠷ᠎ᠡ ᠪᠡᠨ ᠤᠲᠤᠯᠭᠠᠲᠤ ᠲᠠᠬᠢᠯ ᠲᠠᠯᠪᠢᠭᠠᠷᠠᠢ᠃ ᠶᠣᠬᠣᠸᠠ ᠶᠢᠨ ᠰᠣᠩ᠋ᠭᠣᠬᠤ ᠬᠥᠮᠦᠨ ᠯᠠ ᠠᠷᠢᠭᠤᠨ ᠬᠥᠮᠦᠨ ᠪᠣᠯᠣᠨ᠎ᠠ᠃ ᠬᠠᠷᠢᠨ ᠯᠧᠸᠢᠴᠦᠳ ᠲᠠ ᠨᠠᠷ ᠬᠡᠲᠦᠷᠡᠵᠦ ᠪᠠᠢᠨ᠎ᠠ︕》 ᠭᠡᠪᠡ᠃ 8 ᠮᠣᠰᠧ ᠺᠣᠷᠠ ᠳᠤ᠄ 《ᠯᠧᠸᠢᠴᠦᠳ ᠡ᠂ ᠰᠣᠨᠣᠰ︕ 9 ᠢᠰᠷᠧᠯ ᠤᠨ ᠪᠤᠷᠬᠠᠨ ᠲᠠ ᠨᠠᠷ ᠢ ᠢᠰᠷᠧᠯ ᠤᠨ ᠨᠡᠢᠲᠡ ᠴᠢᠭᠤᠯᠭᠠᠨ ᠠᠴᠠ ᠲᠤᠰᠠᠭᠠᠷᠯᠠᠭᠠᠳ ᠥᠪᠡᠷ ᠲᠡᠭᠡᠨ ᠣᠢᠷᠠᠲᠤᠭᠤᠯᠤᠨ ᠶᠣᠬᠣᠸᠠ ᠶᠢᠨ ᠣᠷᠣᠰᠢᠬᠤᠢ ᠶᠢᠨ ᠴᠠᠴᠠᠷ ᠤᠨ ᠠᠵᠢᠯ ᠢ ᠬᠢᠯᠭᠡᠵᠦ᠂ ᠨᠡᠢᠲᠡ ᠴᠢᠭᠤᠯᠭᠠᠨ ᠤ ᠡᠮᠦᠨ᠎ᠡ ᠵᠣᠭᠰᠣᠭᠠᠨ ᠲᠡᠳᠡᠨ ᠳᠦ ᠦᠢᠯᠡᠴᠢᠯᠡᠭᠦᠯᠦᠭᠰᠡᠨ ᠨᠢ ᠲᠠ ᠨᠠᠷ ᠲᠤ ᠪᠠᠭᠠᠳᠠᠵᠤ ᠪᠠᠢᠨ᠎ᠠ ᠤᠤ︖ 10 ᠶᠣᠬᠣᠸᠠ ᠴᠢᠮ᠎ᠠ ᠶᠢ ᠴᠢᠨᠦ ᠬᠠᠮᠢᠶᠠᠲᠠᠨ ᠪᠣᠯᠬᠤ ᠯᠧᠸᠢᠴᠦᠳ ᠪᠦᠭᠦᠳᠡ ᠲᠠᠢ ᠬᠠᠮᠲᠤ ᠥᠪᠡᠷ ᠲᠡᠭᠡᠨ ᠣᠢᠷᠠᠲᠤᠭᠤᠯᠤᠭᠰᠠᠨ ᠪᠠᠢᠲᠠᠯ᠎ᠠ ᠲᠠ ᠨᠠᠷ ᠣᠳᠣ ᠲᠠᠬᠢᠯᠴᠢ ᠶᠢᠨ ᠲᠤᠰᠢᠶᠠᠯ ᠳᠤ ᠴᠤ ᠰᠠᠨᠠᠭᠠᠷᠬᠠᠬᠤ ᠪᠣᠯᠵᠤ ᠪᠠᠢᠨ᠎ᠠ ᠤᠤ︖ 11 ᠡᠭᠦᠨ ᠦ ᠲᠥᠯᠥᠭᠡ ᠴᠢ ᠪᠣᠯᠣᠨ ᠴᠢᠨᠦ ᠪᠦᠯᠦᠭ ᠦᠨ ᠬᠢᠨ ᠶᠣᠬᠣᠸᠠ ᠶᠢᠨ ᠡᠰᠡᠷᠭᠦ ᠪᠦᠯᠦᠭᠯᠡᠭᠰᠡᠨ ᠪᠠᠢᠨ᠎ᠠ᠃ ᠲᠠ ᠨᠠᠷ ᠠᠷᠣᠨ ᠢ ᠬᠡᠨ ᠭᠡᠵᠦ ᠪᠣᠳᠣᠭᠠᠳ ᠲᠡᠭᠦᠨ ᠦ ᠡᠰᠡᠷᠭᠦ ᠭᠣᠮᠣᠳᠠᠯ ᠭᠠᠷᠭᠠᠵᠤ ᠵᠢᠷᠦᠬᠡᠯᠡᠨ᠎ᠡ ᠪᠤᠢ︖》 ᠭᠡᠯᠡ᠃
12 ᠲᠡᠭᠡᠭᠡᠳ ᠮᠣᠰᠧ ᠡᠯᠢᠶᠠᠪ ᠤᠨ ᠬᠥᠪᠡᠭᠦᠳ ᠪᠣᠯᠬᠤ ᠳ᠋ᠠᠲ᠋ᠠᠨ᠂ ᠠᠪᠢᠷᠠᠮ ᠨᠠᠷ ᠢ ᠳᠠᠭᠤᠳᠠᠬᠤ ᠪᠠᠷ ᠬᠥᠮᠦᠨ ᠶᠠᠪᠤᠭᠤᠯᠤᠭᠰᠠᠨ ᠪᠣᠯᠪᠠᠴᠤ ᠲᠡᠳᠡ᠄ 《ᠪᠢᠳᠡ ᠣᠴᠢᠬᠤ ᠦᠭᠡᠢ᠃ 13 ᠰᠦ᠋ ᠪᠠᠯ ᠤᠷᠤᠰᠤᠭᠰᠠᠨ ᠨᠤᠲᠤᠭ ᠠᠴᠠ ᠪᠢᠳᠡ ᠨᠠᠷ ᠢ ᠭᠠᠷᠭᠠᠨ ᠠᠪᠴᠢᠷᠠᠵᠤ ᠴᠥᠯ ᠳᠤ ᠦᠬᠦᠭᠦᠯᠬᠦ ᠨᠢ ᠪᠠᠭᠠᠳᠠᠭᠠᠳ ᠣᠳᠣ ᠪᠠᠰᠠ ᠪᠢᠳᠡᠨ ᠦ ᠳᠡᠭᠡᠷ᠎ᠡ ᠨᠣᠶᠠᠯᠠᠬᠤ ᠨᠣᠶᠠᠨᠲᠠᠨ ᠪᠣᠯᠬᠤ ᠭᠡᠵᠦ ᠪᠠᠢᠨ᠎ᠠ ᠤᠤ︖ 14 ᠦᠨᠡᠬᠡᠷ ᠴᠢ ᠪᠢᠳᠡᠨ ᠢ ᠰᠦ᠋᠂ ᠪᠠᠯ ᠤᠷᠤᠰᠤᠭᠰᠠᠨ ᠨᠤᠲᠤᠭ ᠲᠤ ᠠᠪᠠᠴᠢᠵᠤ ᠴᠢᠳᠠᠭ᠎ᠠ ᠦᠭᠡᠢ᠂ ᠪᠠᠰᠠ ᠲᠠᠷᠢᠶᠠᠯᠠᠩ ᠤᠨ ᠲᠠᠯᠠᠪᠠᠢ᠂ ᠦᠵᠦᠮ ᠦᠨ ᠴᠡᠴᠡᠷᠯᠢᠭ ᠢ ᠬᠤᠪᠢ ᠪᠣᠯᠭᠠᠨ ᠥᠭᠭᠥᠭᠡ ᠦᠭᠡᠢ᠃ ᠣᠳᠣ ᠴᠢ ᠡᠨᠡ ᠬᠥᠮᠦᠰ ᠦᠨ ᠨᠢᠳᠦ ᠶᠢ ᠪᠠᠰᠠ ᠬᠠᠯᠬᠠᠯᠠᠬᠤ 62 ᠭᠡᠵᠦ ᠪᠠᠢᠨ᠎ᠠ ᠤᠤ︖ ᠪᠢᠳᠡ ᠣᠴᠢᠬᠤ ᠦᠭᠡᠢ》 ᠭᠡᠯᠡ᠃
15 ᠮᠣᠰᠧ ᠶᠡᠬᠡᠳᠡ ᠠᠭᠤᠷᠯᠠᠵᠤ᠂ ᠶᠣᠬᠣᠸᠠ ᠳᠤ᠄ 《ᠲᠡᠳᠡᠨ ᠦ ᠡᠷᠭᠦᠯ ᠳᠦ ᠬᠠᠷᠠᠴᠠ ᠪᠠᠨ ᠪᠦᠦ ᠬᠠᠨᠳᠤᠭᠤᠯᠤᠭᠠᠴᠢ︕ ᠪᠢ ᠲᠡᠳᠡᠨ ᠡᠴᠡ ᠭᠠᠭᠴᠠ ᠡᠯᠵᠢᠭᠡ ᠴᠤ ᠪᠤᠯᠢᠶᠠᠭᠠ ᠦᠭᠡᠢ᠂ ᠲᠡᠳᠡᠨ ᠦ ᠭᠠᠭᠴᠠᠬᠠᠨ ᠳᠤᠨᠢ ᠴᠤ ᠮᠠᠭᠤ ᠶᠠᠭᠤᠮ᠎ᠠ ᠬᠢᠭᠡ ᠦᠭᠡᠢ》 ᠭᠡᠯᠡ᠃ 16 ᠮᠣᠰᠧ ᠺᠣᠷᠠ ᠳᠤ᠄ 《ᠬᠠᠷᠢᠨ ᠴᠢ ᠮᠠᠷᠭᠠᠰᠢ ᠪᠦᠯᠦᠭ ᠦᠨ ᠬᠢᠨ ᠲᠠᠢ ᠪᠠᠨ ᠬᠠᠮᠲᠤ ᠶᠣᠬᠣᠸᠠ ᠶᠢᠨ ᠡᠮᠦᠨ᠎ᠡ ᠢᠷᠡᠭᠡᠷᠡᠢ᠃ ᠠᠷᠣᠨ ᠴᠤ ᠲᠡᠨᠳᠡ ᠴᠢ ᠪᠣᠯᠣᠨ ᠲᠠᠨ ᠤ ᠬᠢᠨ ᠲᠠᠢ ᠬᠠᠮᠲᠤ ᠵᠣᠭᠰᠣᠬᠤ ᠪᠣᠯᠣᠨ᠎ᠠ᠃ 17 ᠬᠥᠮᠦᠨ ᠪᠦᠷᠢ ᠥᠪᠡᠷ ᠦᠨ ᠢᠶᠠᠨ ᠪᠣᠢᠫᠣᠷ ᠲᠤ ᠤᠲᠤᠯᠭ᠎ᠠ ᠬᠢᠵᠦ ᠢᠷ᠎ᠠ᠃ ᠬᠥᠮᠦᠨ ᠪᠦᠷᠢ ᠥᠪᠡᠷ ᠥᠪᠡᠷ ᠦᠨ ᠪᠣᠢᠫᠣᠷ ᠢ ᠠᠪᠴᠢᠷᠠᠪᠠᠯ ᠪᠦᠭᠦᠳᠡ ᠬᠣᠶᠠᠷ ᠵᠠᠭᠤ ᠲᠠᠪᠢᠨ ᠪᠣᠢᠫᠣᠷ ᠪᠣᠯᠣᠨ᠎ᠠ᠃ ᠴᠢ ᠴᠤ᠂ ᠠᠷᠣᠨ ᠴᠤ ᠥᠪᠡᠷ ᠥᠪᠡᠷ ᠦᠨ ᠢᠶᠠᠨ ᠪᠣᠢᠫᠣᠷ ᠢ ᠠᠪᠴᠢᠷᠠᠬᠤ ᠶᠣᠰᠣᠲᠠᠢ》 ᠭᠡᠵᠦ ᠬᠡᠯᠡᠪᠡ᠃ 18 ᠲᠡᠢᠮᠦ ᠡᠴᠡ ᠲᠡᠳᠡ ᠲᠤᠰ ᠲᠤᠰ ᠤᠨ ᠢᠶᠠᠨ ᠪᠣᠢᠫᠣᠷ ᠢ ᠠᠪᠤᠨ᠂ ᠳᠣᠲᠣᠷ᠎ᠠ ᠨᠢ ᠭᠠᠯ ᠬᠢᠵᠦ᠂ ᠳᠡᠭᠡᠷ᠎ᠡ ᠨᠢ ᠤᠲᠤᠯᠭ᠎ᠠ ᠲᠠᠯᠪᠢᠭᠠᠳ ᠮᠣᠰᠧ᠂ ᠠᠷᠣᠨ ᠬᠣᠶᠠᠷ ᠲᠠᠢ ᠬᠠᠮᠲᠤ ᠠᠭᠤᠯᠵᠠᠯᠲᠠ ᠶᠢᠨ ᠴᠠᠴᠠᠷ ᠤᠨ ᠡᠭᠦᠳᠡᠨ ᠳᠦ ᠵᠣᠭᠰᠣᠯ᠎ᠠ᠃ 19 ᠺᠣᠷᠠ ᠨᠡᠢᠲᠡ ᠴᠢᠭᠤᠯᠭᠠᠨ ᠢ ᠠᠭᠤᠯᠵᠠᠯᠲᠠ ᠶᠢᠨ ᠴᠠᠴᠠᠷ ᠤᠨ ᠡᠭᠦᠳᠡᠨ ᠳᠦ ᠲᠡᠷᠡ ᠬᠣᠶᠠᠷ ᠤᠨ ᠡᠰᠡᠷᠭᠦ ᠴᠤᠭᠯᠠᠭᠤᠯᠬᠤ ᠦᠶ᠎ᠡ ᠳᠦ᠂ ᠶᠣᠬᠣᠸᠠ ᠶᠢᠨ ᠴᠣᠭ ᠵᠢᠪᠬᠤᠯᠠᠩ ᠨᠡᠢᠲᠡ ᠴᠢᠭᠤᠯᠭᠠᠨ ᠳᠤ ᠦᠵᠡᠭᠳᠡᠪᠡ᠃
20 ᠶᠣᠬᠣᠸᠠ ᠮᠣᠰᠧ᠂ ᠠᠷᠣᠨ ᠨᠠᠷ ᠲᠤ ᠠᠢᠯᠠᠳᠤᠨ᠄ 21 《ᠡᠨᠡ ᠴᠢᠭᠤᠯᠭᠠᠨ ᠠᠴᠠ ᠵᠠᠢᠯᠠ᠂ ᠪᠢ ᠡᠳᠡ ᠨᠠᠷ ᠢ ᠣᠳᠣᠬᠠᠨ ᠤᠰᠠᠳᠬᠠᠬᠤ ᠪᠣᠯᠣᠨ᠎ᠠ》 ᠭᠡᠬᠦ ᠳᠦ᠂ 22 ᠲᠡᠷᠡ ᠬᠣᠶᠠᠷ ᠨᠢᠭᠤᠷ ᠢᠶᠠᠨ ᠭᠠᠵᠠᠷ ᠲᠤ ᠨᠠᠭᠠᠨ ᠪᠥᠬᠥᠢᠵᠦ᠄ 《ᠪᠤᠷᠬᠠᠨ᠂ ᠬᠠᠮᠤᠭ ᠮᠢᠬᠠᠨ ᠪᠡᠶᠡᠲᠦ ᠬᠥᠮᠦᠨ ᠳᠦ ᠠᠮᠢ ᠰᠦᠨᠡᠰᠦ ᠬᠠᠢᠷᠠᠯᠠᠭᠴᠢ ᠪᠤᠷᠬᠠᠨ ᠮᠢᠨᠢ᠂ ᠭᠠᠭᠴᠠ ᠬᠥᠮᠦᠨ ᠨᠢᠭᠦᠯ ᠦᠢᠯᠡᠳᠬᠦ ᠳᠦ᠂ ᠲᠠ ᠨᠡᠢᠲᠡ ᠴᠢᠭᠤᠯᠭᠠᠨ ᠳᠤ ᠬᠢᠯᠢᠩᠨᠡᠨ᠎ᠡ ᠭᠡᠵᠢ ᠤᠤ︖》 ᠭᠡᠪᠡ᠃
23 ᠶᠣᠬᠣᠸᠠ ᠮᠣᠰᠧ ᠳᠤ ᠠᠢᠯᠠᠳᠤᠨ᠄ 24 《〈ᠺᠣᠷᠠ᠂ ᠳ᠋ᠠᠲ᠋ᠠᠨ ᠪᠠ ᠠᠪᠢᠷᠠᠮ ᠨᠠᠷ ᠤᠨ ᠰᠠᠭᠤᠬᠤ ᠭᠠᠵᠠᠷ ᠤᠨ ᠡᠷᠭᠢᠨ ᠲᠣᠭᠣᠷᠢᠨ ᠠᠴᠠ ᠵᠠᠢᠯᠠ〉 ᠭᠡᠵᠦ ᠨᠡᠢᠲᠡ ᠴᠢᠭᠤᠯᠭᠠᠨ ᠳᠤ ᠬᠡᠯᠡ》 ᠭᠡᠪᠡ᠃ 25 ᠮᠣᠰᠧ ᠪᠣᠰᠴᠤ᠂ ᠳ᠋ᠠᠲ᠋ᠠᠨ᠂ ᠠᠪᠢᠷᠠᠮ ᠨᠠᠷ ᠤᠷᠤᠭᠤ ᠶᠠᠪᠤᠬᠤ ᠳᠤ᠂ ᠢᠰᠷᠧᠯ ᠤᠨ ᠠᠬᠠᠮᠠᠳ ᠤᠳ ᠲᠡᠭᠦᠨ ᠢ ᠳᠠᠭᠠᠪᠠ᠃ 26 ᠮᠣᠰᠧ ᠨᠡᠢᠲᠡ ᠴᠢᠭᠤᠯᠭᠠᠨ ᠳᠤ ᠵᠠᠬᠢᠨ᠄ 《ᠡᠨᠡ ᠮᠠᠭᠤ ᠬᠥᠮᠦᠰ ᠦᠨ ᠮᠠᠢᠬᠠᠨ ᠠᠴᠠ ᠬᠣᠯᠠᠳᠠᠨ ᠰᠠᠯᠵᠤ᠂ ᠲᠡᠳᠡᠨ ᠦ ᠶᠠᠭᠤᠨ ᠳᠤ ᠴᠤ ᠭᠠᠷ ᠪᠦᠦ ᠬᠦᠷ᠃ ᠡᠰᠡ ᠲᠡᠭᠡᠪᠡᠯ ᠲᠠ ᠨᠠᠷ ᠲᠡᠳᠡᠨ ᠦ ᠬᠠᠮᠤᠭ ᠨᠢᠭᠦᠯ ᠲᠡᠢ ᠬᠠᠮᠲᠤ ᠤᠰᠠᠳᠬᠠᠭᠳᠠᠬᠤ ᠪᠣᠯᠣᠨ᠎ᠠ》 ᠭᠡᠰᠡᠨ ᠳᠦ᠂ 27 ᠲᠡᠳᠡ ᠺᠣᠷᠠ᠂ ᠳ᠋ᠠᠲ᠋ᠠᠨ ᠪᠠ ᠠᠪᠢᠷᠠᠮ ᠨᠠᠷ ᠤᠨ ᠰᠠᠭᠤᠬᠤ ᠭᠠᠵᠠᠷ ᠤᠨ ᠡᠷᠭᠢᠨ ᠲᠣᠭᠣᠷᠢᠨ ᠠᠴᠠ ᠵᠠᠢᠯᠠᠵᠠᠭᠠᠪᠠ᠃ ᠳ᠋ᠠᠲ᠋ᠠᠨ᠂ ᠠᠪᠢᠷᠠᠮ ᠨᠠᠷ ᠭᠠᠷᠴᠤ ᠢᠷᠡᠭᠡᠳ ᠡᠬᠡᠨᠡᠷ ᠤᠳ᠂ ᠬᠥᠪᠡᠭᠦᠳ ᠪᠣᠯᠣᠨ ᠪᠠᠭᠠᠴᠤᠳ ᠤᠨ ᠢᠶᠠᠨ ᠬᠠᠮᠲᠤ ᠮᠠᠢᠬᠠᠨ ᠨᠤᠭᠤᠳ ᠤᠨ ᠢᠶᠠᠨ ᠡᠭᠦᠳᠡᠨ ᠳᠦ ᠵᠣᠭᠰᠣᠬᠤ ᠳᠤ᠂ 28 ᠮᠣᠰᠧ᠄ 《ᠡᠳᠡᠭᠡᠷ ᠪᠦᠬᠦ ᠠᠵᠢᠯ ᠢ ᠪᠢ ᠥᠪᠡᠷ ᠦᠨ ᠢᠶᠠᠨ ᠳᠤᠷ᠎ᠠ ᠪᠠᠷ ᠬᠢᠭᠰᠡᠨ ᠪᠢᠰᠢ᠂ ᠬᠠᠷᠢᠨ ᠶᠣᠬᠣᠸᠠ ᠨᠠᠮᠠᠶᠢ ᠢᠯᠡᠭᠡᠵᠦ ᠬᠢᠯᠭᠡᠭᠰᠡᠨ ᠭᠡᠳᠡᠭ ᠢ ᠲᠠ ᠨᠠᠷ ᠡᠭᠦᠨ ᠢᠶᠡᠷ ᠮᠡᠳᠡᠬᠦ ᠪᠣᠯᠣᠨ᠎ᠠ᠃ 29 ᠬᠡᠷᠪᠡ ᠡᠳᠡᠭᠡᠷ ᠬᠥᠮᠦᠰ ᠪᠤᠰᠤᠳ ᠬᠥᠮᠦᠰ ᠦᠨ ᠦᠬᠦᠳᠡᠭ ᠲᠡᠢ ᠠᠳᠠᠯᠢ ᠦᠬᠦᠵᠦ᠂ ᠪᠤᠰᠤᠳ ᠬᠥᠮᠦᠰ ᠦᠨ ᠬᠦᠯᠢᠶᠡᠬᠦ ᠰᠢᠳᠬᠡᠯ ᠲᠡᠢ ᠠᠳᠠᠯᠢ ᠰᠢᠳᠬᠡᠭᠳᠡᠪᠡᠯ ᠶᠣᠬᠣᠸᠠ ᠨᠠᠮᠠᠶᠢ ᠢᠯᠡᠭᠡᠭᠰᠡᠨ ᠪᠢᠰᠢ᠂ 30 ᠬᠠᠷᠢᠨ ᠶᠣᠬᠣᠸᠠ ᠴᠣ᠋ ᠰᠢᠨ᠎ᠡ ᠵᠦᠢᠯ ᠢ ᠡᠭᠦᠰᠭᠡᠵᠦ᠂ ᠭᠠᠵᠠᠷ ᠠᠮᠠ ᠪᠠᠨ ᠨᠡᠭᠡᠭᠡᠵᠦ᠂ ᠡᠳᠡᠭᠡᠷ ᠬᠥᠮᠦᠰ ᠢ ᠪᠦᠬᠦ ᠡᠳ᠋ ᠵᠦᠢᠯᠡᠰ ᠦᠨ ᠬᠢᠨᠢ ᠬᠠᠮᠲᠤ ᠵᠠᠯᠭᠢᠨ᠂ ᠠᠮᠢᠳᠤ ᠪᠠᠷ ᠨᠢ ᠦᠬᠦᠭᠰᠡᠳ ᠦᠨ ᠣᠷᠣᠨ ᠤᠷᠤᠭᠤ ᠣᠷᠣᠭᠤᠯᠪᠠᠯ᠂ ᠡᠨᠡ ᠬᠥᠮᠦᠰ ᠶᠣᠬᠣᠸᠠ ᠶᠢ ᠪᠠᠰᠤᠮᠵᠢᠯᠠᠭᠰᠠᠨ ᠭᠡᠳᠡᠭ ᠢ ᠲᠠ ᠨᠠᠷ ᠮᠡᠳᠡᠬᠦ ᠪᠣᠯᠣᠨ᠎ᠠ》 ᠭᠡᠪᠡ᠃
31 ᠲᠡᠷᠡ ᠪᠡᠷ ᠡᠨᠡ ᠪᠦᠬᠦ ᠦᠭᠡ ᠶᠢ ᠬᠡᠯᠡᠵᠦ ᠳᠠᠭᠤᠰᠤᠩ᠋ᠭᠤᠲᠠ ᠲᠡᠳᠡᠨ ᠦ ᠳᠣᠣᠷᠠᠬᠢ ᠭᠠᠵᠠᠷ ᠬᠠᠭᠠᠷᠠᠵᠤ 32 ᠠᠮᠠ ᠪᠠᠨ ᠨᠡᠭᠡᠭᠡᠨ᠂ ᠲᠡᠳᠡᠨ ᠢ ᠪᠣᠯᠣᠨ ᠭᠡᠷ ᠦᠨ ᠬᠢᠨ ᠢ ᠨᠢ᠂ ᠮᠥᠨ ᠺᠣᠷᠠ ᠲᠠᠢ ᠬᠠᠮᠰᠠᠭᠰᠠᠨ ᠪᠦᠬᠦᠨ ᠢ ᠡᠳ᠋ ᠬᠥᠷᠥᠩᠭᠡ ᠲᠠᠢ ᠨᠢ ᠬᠠᠮᠲᠤ ᠵᠠᠯᠭᠢᠯ᠎ᠠ᠃ 33 ᠡᠢᠨ ᠬᠦ ᠲᠡᠳᠡ ᠬᠠᠮᠰᠠᠭᠰᠠᠨ ᠪᠦᠬᠦᠨ ᠲᠡᠢ ᠪᠡᠨ ᠦᠬᠦᠭᠰᠡᠳ ᠦᠨ ᠣᠷᠣᠨ ᠤᠷᠤᠭᠤ ᠠᠮᠢᠳᠤ ᠪᠠᠷ ᠢᠶᠠᠨ ᠣᠷᠣᠭᠰᠠᠨ ᠳᠤ᠂ ᠭᠠᠵᠠᠷ ᠲᠡᠳᠡᠨ ᠦ ᠳᠡᠭᠡᠷ᠎ᠡ ᠬᠠᠭᠠᠭᠳᠠᠵᠤ᠂ ᠲᠡᠳᠡ ᠴᠢᠭᠤᠯᠭᠠᠨ ᠤ ᠳᠤᠮᠳᠠ ᠠᠴᠠ ᠵᠠᠮᠬᠠᠷᠠᠵᠠᠢ᠃ 34 ᠡᠷᠭᠢᠨ ᠲᠣᠭᠣᠷᠢᠨ ᠳᠤᠨᠢ ᠪᠠᠢᠭᠰᠠᠨ ᠢᠰᠷᠧᠯᠴᠦᠳ ᠲᠡᠳᠡᠨ ᠦ ᠬᠠᠰᠬᠢᠷᠬᠤ ᠳᠠᠭᠤ ᠶᠢ ᠰᠣᠨᠣᠰᠣᠭᠠᠳ ᠪᠦᠭᠦᠳᠡᠭᠡᠷ ᠢᠶᠡᠨ᠄ 《ᠭᠠᠵᠠᠷ ᠪᠢᠳᠡᠨ ᠢ ᠴᠤ ᠵᠠᠯᠭᠢᠬᠤ ᠨᠢ ᠡ》 ᠭᠡᠵᠡᠭᠡᠨ ᠵᠢᠭᠤᠲᠠᠵᠠᠭᠠᠪᠠ᠃ 35 ᠶᠣᠬᠣᠸᠠ ᠠᠴᠠ ᠭᠠᠯ ᠭᠠᠷᠴᠤ ᠢᠷᠡᠭᠡᠳ ᠤᠲᠤᠯᠭ᠎ᠠ ᠶᠢ ᠡᠷᠭᠦᠵᠦ ᠪᠠᠢᠭ᠎ᠠ ᠬᠣᠶᠠᠷ ᠵᠠᠭᠤ ᠲᠠᠪᠢᠨ ᠬᠥᠮᠦᠨ ᠢ ᠰᠢᠲᠠᠭᠠᠪᠠ᠃
36 ᠶᠣᠬᠣᠸᠠ ᠮᠣᠰᠧ ᠳᠤ ᠠᠢᠯᠠᠳᠤᠨ᠄ 37 《ᠲᠠᠬᠢᠯᠴᠢ ᠠᠷᠣᠨ ᠤ ᠬᠦᠦ ᠡᠯᠧᠶᠠᠽᠠᠷ ᠲᠤ ᠵᠠᠬᠢᠨ᠂ ᠰᠢᠲᠠᠵᠤ ᠪᠤᠢ ᠭᠠᠵᠠᠷ ᠠᠴᠠ ᠪᠣᠢᠫᠣᠷ ᠤᠳ ᠢ ᠭᠠᠷᠭᠠᠨ ᠠᠪᠴᠤ ᠳᠣᠲᠣᠷᠠᠬᠢ ᠭᠠᠯ ᠢ ᠨᠢ ᠭᠠᠳᠠᠭᠰᠢ ᠰᠠᠴᠤᠵᠤ ᠬᠠᠶᠠ ᠭᠡᠵᠦ ᠬᠡᠯᠡ᠃ ᠬᠠᠷᠢᠨ ᠲᠡᠷᠡ ᠪᠣᠢᠫᠣᠷ ᠤᠳ ᠠᠷᠢᠭᠤᠨ ᠪᠣᠯᠬᠣᠷ 38 ᠨᠢᠭᠦᠯ ᠦᠢᠯᠡᠳᠴᠦ ᠠᠮᠢ ᠪᠠᠨ ᠠᠯᠳᠠᠭᠰᠠᠨ ᠲᠡᠷᠡ ᠬᠥᠮᠦᠰ ᠦᠨ ᠪᠣᠢᠫᠣᠷ ᠤᠳ ᠢ ᠳᠠᠪᠲᠠᠵᠤ ᠲᠡᠨᠢᠢᠯᠭᠡᠭᠡᠳ ᠲᠠᠬᠢᠯ ᠤᠨ ᠰᠢᠷᠡᠭᠡ ᠶᠢ ᠪᠦᠷᠢᠬᠦ ᠢᠯᠲᠠᠰᠤ ᠪᠣᠯᠭ᠎ᠠ᠃ ᠡᠳᠡᠭᠡᠷ ᠨᠢ ᠶᠣᠬᠣᠸᠠ ᠶᠢᠨ ᠡᠮᠦᠨ᠎ᠡ ᠡᠷᠭᠦᠭᠳᠡᠵᠦ ᠠᠷᠢᠭᠤᠰᠤᠭᠰᠠᠨ ᠪᠥᠭᠡᠳ ᠢᠰᠷᠧᠯᠴᠦᠳ ᠲᠦ ᠰᠤᠷᠭᠠᠮᠵᠢ ᠪᠣᠯᠬᠤ ᠶᠤᠮ》 ᠭᠡᠯᠡ᠃ 39 ᠡᠢᠮᠦ ᠡᠴᠡ ᠲᠠᠬᠢᠯᠴᠢ ᠡᠯᠧᠶᠠᠽᠠᠷ ᠰᠢᠲᠠᠭᠰᠠᠨ ᠬᠥᠮᠦᠰ ᠦᠨ ᠡᠷᠭᠦᠵᠦ ᠪᠠᠢᠭᠰᠠᠨ ᠬᠦᠷᠡᠯ ᠪᠣᠢᠫᠣᠷ ᠤᠳ ᠢ ᠬᠤᠷᠢᠶᠠᠵᠤ ᠳᠠᠪᠲᠠᠭᠤᠯᠤᠭᠠᠳ ᠲᠠᠬᠢᠯ ᠤᠨ ᠰᠢᠷᠡᠭᠡ ᠶᠢ ᠪᠦᠷᠢᠬᠦ ᠢᠯᠲᠠᠰᠤ ᠪᠣᠯᠭᠠᠭᠰᠠᠨ ᠳᠤ᠂ 40 ᠡᠨᠡ ᠨᠢ ᠠᠷᠣᠨ ᠤ ᠦᠷ᠎ᠡ ᠤᠳᠤᠮ ᠤᠨ ᠪᠤᠰᠤ ᠭᠠᠳᠠᠨ᠎ᠠ ᠶᠢᠨ ᠬᠥᠮᠦᠨ ᠤᠲᠤᠯᠭᠠᠲᠤ ᠲᠠᠬᠢᠯ ᠢ ᠰᠢᠲᠠᠭᠠᠬᠤ ᠪᠠᠷ ᠶᠣᠬᠣᠸᠠ ᠶᠢᠨ ᠡᠮᠦᠨ᠎ᠡ ᠣᠢᠷᠠᠲᠤᠨ ᠣᠴᠢᠵᠤ ᠪᠣᠯᠬᠤ ᠦᠭᠡᠢ ᠶᠢ᠂ ᠮᠥᠨ ᠺᠣᠷᠠ ᠪᠣᠯᠣᠨ ᠲᠡᠭᠦᠨ ᠦ ᠪᠦᠯᠦᠭ ᠦᠨ ᠬᠢᠨ ᠤ ᠠᠳᠠᠯᠢ ᠦᠢᠯᠡᠳᠴᠦ ᠪᠣᠯᠬᠤ ᠦᠭᠡᠢ ᠶᠢ ᠢᠰᠷᠧᠯᠴᠦᠳ ᠲᠦ ᠰᠠᠨᠠᠭᠤᠯᠬᠤ ᠲᠡᠮᠳᠡᠭ ᠪᠣᠯᠪᠠ᠃ ᠲᠡᠢᠨ ᠬᠦ ᠡᠯᠧᠶᠠᠽᠠᠷ ᠶᠣᠬᠣᠸᠠ ᠶᠢᠨ ᠮᠣᠰᠧ ᠪᠠᠷ ᠳᠠᠮᠵᠢᠭᠤᠯᠤᠨ ᠥᠪᠡᠷ ᠲᠤᠨᠢ ᠠᠢᠯᠠᠳᠤᠭᠰᠠᠨ ᠶᠣᠰᠣᠭᠠᠷ ᠦᠢᠯᠡᠳᠪᠡ᠃
41 ᠳᠠᠷᠠᠭ᠎ᠠ ᠶᠢᠨ ᠡᠳᠦᠷ ᠨᠢ ᠢᠰᠷᠧᠯᠴᠦᠳ ᠦᠨ ᠨᠡᠢᠲᠡ ᠴᠢᠭᠤᠯᠭᠠᠨ ᠪᠦᠬᠦᠯᠢ ᠳᠡᠭᠡᠨ ᠮᠣᠰᠧ᠂ ᠠᠷᠣᠨ ᠨᠠᠷ ᠤᠨ ᠡᠰᠡᠷᠭᠦ ᠪᠣᠰᠴᠤ᠄ 《ᠲᠠ ᠨᠠᠷ ᠶᠣᠬᠣᠸᠠ ᠶᠢᠨ ᠠᠷᠠᠳ ᠲᠦᠮᠡᠨ ᠢ ᠠᠯᠠᠭᠰᠠᠨ》 ᠭᠡᠵᠡᠭᠡᠪᠡ᠃ 42 ᠨᠡᠢᠲᠡ ᠴᠢᠭᠤᠯᠭᠠᠨ ᠮᠣᠰᠧ᠂ ᠠᠷᠣᠨ ᠨᠠᠷ ᠢ ᠡᠰᠡᠷᠭᠦᠴᠡᠨ ᠴᠤᠭᠯᠠᠷᠠᠵᠤ᠂ ᠠᠭᠤᠯᠵᠠᠯᠲᠠ ᠶᠢᠨ ᠴᠠᠴᠠᠷ ᠤᠷᠤᠭᠤ ᠡᠷᠭᠢᠵᠦ ᠬᠠᠷᠠᠲᠠᠯ᠎ᠠ᠂ ᠴᠠᠴᠠᠷ ᠢ ᠡᠭᠦᠯᠡ ᠪᠦᠷᠬᠦᠵᠦ᠂ ᠶᠣᠬᠣᠸᠠ ᠶᠢᠨ ᠴᠣᠭ ᠵᠢᠪᠬᠤᠯᠠᠩ ᠦᠵᠡᠭᠳᠡᠪᠡ︕ 43 ᠮᠣᠰᠧ᠂ ᠠᠷᠣᠨ ᠨᠠᠷ ᠠᠭᠤᠯᠵᠠᠯᠲᠠ ᠶᠢᠨ ᠴᠠᠴᠠᠷ ᠤᠨ ᠡᠮᠦᠨ᠎ᠡ ᠣᠴᠢᠬᠤ ᠳᠤ᠂ 44 ᠶᠣᠬᠣᠸᠠ ᠮᠣᠰᠧ ᠳᠤ ᠠᠢᠯᠠᠳᠤᠨ᠄ 45 《ᠲᠠ ᠨᠠᠷ ᠡᠨᠡ ᠨᠡᠢᠲᠡ ᠴᠢᠭᠤᠯᠭᠠᠨ ᠠᠴᠠ ᠵᠠᠢᠯᠠ᠂ ᠪᠢ ᠡᠳᠡ ᠨᠠᠷ ᠢ ᠣᠳᠣᠬᠠᠨ ᠤᠰᠠᠳᠬᠠᠬᠤ ᠪᠣᠯᠣᠨ᠎ᠠ》 ᠭᠡᠬᠦ ᠳᠦ᠂ ᠲᠡᠷᠡ ᠬᠣᠶᠠᠷ ᠨᠢᠭᠤᠷ ᠢᠶᠠᠨ ᠭᠠᠵᠠᠷ ᠲᠤ ᠬᠦᠷᠭᠡᠨ ᠪᠥᠬᠥᠢᠪᠡ᠃ 46 ᠮᠣᠰᠧ ᠠᠷᠣᠨ ᠳᠤ᠄ 《ᠪᠣᠢᠫᠣᠷ ᠢᠶᠠᠨ ᠠᠪᠴᠤ᠂ ᠳᠣᠲᠣᠷ᠎ᠠ ᠨᠢ ᠲᠠᠬᠢᠯ ᠤᠨ ᠰᠢᠷᠡᠭᠡᠨ ᠦ ᠭᠠᠯ ᠠᠴᠠ ᠬᠢᠭᠡᠳ ᠳᠡᠭᠡᠷ᠎ᠡ ᠨᠢ ᠤᠲᠤᠯᠭ᠎ᠠ ᠲᠠᠯᠪᠢᠵᠤ ᠨᠡᠢᠲᠡ ᠴᠢᠭᠤᠯᠭᠠᠨ ᠳᠡᠭᠡᠷ᠎ᠡ ᠬᠤᠷᠳᠤᠬᠠᠨ ᠠᠪᠠᠴᠢᠵᠤ᠂ ᠲᠡᠳᠡᠨ ᠦ ᠲᠥᠯᠥᠭᠡ ᠭᠡᠮ ᠦᠨ ᠬᠡᠯᠲᠦᠷᠢᠭᠦᠯᠦᠯᠭᠡ ᠶᠢ ᠬᠢ᠃ ᠶᠣᠬᠣᠸᠠ ᠶᠢᠨ ᠠᠭᠤᠷ ᠬᠢᠯᠢᠩ ᠪᠠᠭᠤᠨ ᠢᠷᠡᠵᠦ ᠭᠠᠮᠰᠢᠭ ᠨᠢᠭᠡᠨᠲᠡ ᠡᠬᠢᠯᠡᠯ᠎ᠡ》 ᠭᠡᠪᠡ᠃ 47 ᠮᠣᠰᠧ ᠶᠢᠨ ᠬᠡᠯᠡᠭᠰᠡᠨ ᠶᠣᠰᠣᠭᠠᠷ ᠠᠷᠣᠨ ᠪᠣᠢᠫᠣᠷ ᠢᠶᠠᠨ ᠠᠪᠴᠤ᠂ ᠴᠢᠭᠤᠯᠭᠠᠨ ᠤ ᠳᠤᠮᠳᠠ ᠭᠦᠶᠦᠨ ᠣᠴᠢᠵᠤ ᠦᠵᠡᠬᠦ ᠳᠦ᠂ ᠠᠷᠠᠳ ᠣᠯᠠᠨ ᠤ ᠳᠤᠮᠳᠠ ᠭᠠᠮᠰᠢᠭ ᠡᠬᠢᠯᠡᠴᠢᠬᠡᠭᠰᠡᠨ ᠪᠠᠢᠯ᠎ᠠ︕ ᠠᠷᠣᠨ ᠤᠲᠤᠯᠭ᠎ᠠ ᠶᠢ ᠲᠠᠯᠪᠢᠨ᠂ ᠠᠷᠠᠳ ᠣᠯᠠᠨ ᠤ ᠲᠥᠯᠥᠭᠡ ᠭᠡᠮ ᠦᠨ ᠬᠡᠯᠲᠦᠷᠢᠭᠦᠯᠦᠯᠭᠡ ᠶᠢ ᠬᠢᠵᠦ᠂ 48 ᠠᠮᠢᠳᠤ ᠪᠠᠢᠭᠰᠠᠳ ᠪᠣᠯᠣᠨ ᠦᠬᠦᠭᠰᠡᠳ ᠦᠨ ᠬᠣᠭᠣᠷᠣᠨᠳᠣ ᠵᠣᠭᠰᠣᠭᠰᠠᠨ ᠳᠤ᠂ ᠭᠠᠮᠰᠢᠭ ᠵᠣᠭᠰᠣᠯ᠎ᠠ᠃ 49 ᠺᠣᠷᠠ ᠶᠢᠨ ᠶᠠᠪᠤᠳᠠᠯ ᠢᠶᠠᠷ ᠦᠬᠦᠭᠰᠡᠳ ᠡᠴᠡ ᠭᠠᠳᠠᠨ᠎ᠠ ᠭᠠᠮᠰᠢᠭ ᠢᠶᠠᠷ ᠦᠬᠦᠭᠰᠡᠳ ᠨᠢ ᠲᠦᠮᠡ ᠳᠥᠷᠪᠡᠨ ᠮᠢᠩ᠋ᠭ᠎ᠠ ᠳᠣᠯᠣᠭᠠᠨ ᠵᠠᠭᠤ ᠪᠠᠢᠯ᠎ᠠ᠃ 50 ᠭᠠᠮᠰᠢᠭ ᠵᠣᠭᠰᠣᠭᠰᠠᠨ ᠤ ᠳᠠᠷᠠᠭ᠎ᠠ ᠠᠷᠣᠨ ᠠᠭᠤᠯᠵᠠᠯᠲᠠ ᠶᠢᠨ ᠴᠠᠴᠠᠷ ᠤᠨ ᠡᠭᠦᠳᠡᠨ ᠳᠠᠬᠢ ᠮᠣᠰᠧ ᠤᠷᠤᠭᠤ ᠪᠤᠴᠠᠵᠤ ᠢᠷᠡᠪᠡ᠃