1 2 3 4 5 6 7 8 9 10 11 12 13 14 15 16 17 18 19 20 21 22 23 24 25 26 27 28 29 30 31 32 33 34 35 36


ᠲᠣᠭᠠᠯᠠᠯᠭ᠎ᠠ ᠬᠣᠷᠢᠨ ᠨᠠᠢ᠌ᠮᠠ
 ᠡᠳᠦᠷ ᠪᠦᠷᠢ ᠶᠢᠨ ᠡᠷᠭᠦᠯ

1 ᠶᠣᠬᠣᠸᠠ ᠮᠣᠰᠧ ᠳᠤ ᠶᠠᠷᠢᠨ ᠠᠢᠯᠠᠳᠤᠭᠰᠠᠨ ᠨᠢ᠄ 2 《ᠢᠰᠷᠧᠯᠴᠦᠳ ᠲᠦ ᠲᠤᠰᠢᠶᠠᠨ ᠬᠡᠯᠡ᠄ ᠨᠠᠳᠠ ᠳᠤ ᠡᠷᠭᠦᠬᠦ ᠡᠷᠭᠦᠯ᠂ ᠨᠠᠳᠠ ᠳᠤ ᠡᠷᠭᠦᠬᠦ ᠭᠠᠯ ᠤᠨ ᠡᠷᠭᠦᠯ ᠦᠨ ᠢᠳᠡᠭᠡᠨ᠂ ᠨᠠᠳᠠ ᠳᠤ ᠲᠠᠭᠠᠯᠠᠭᠳᠠᠬᠤ ᠠᠩᠬᠢᠯᠤᠭᠤᠨ ᠦᠨᠦᠷ ᠢ ᠲᠠ ᠨᠠᠷ ᠲᠣᠪᠯᠠᠭᠰᠠᠨ ᠴᠠᠭ ᠲᠠᠭᠠᠨ ᠨᠠᠳᠠ ᠳᠤ ᠡᠷᠭᠦᠬᠦ ᠶᠢ ᠠᠩ᠋ᠬᠠᠷ᠃ 3 ᠲᠡᠳᠡᠨ ᠳᠦ ᠬᠡᠯᠡ᠂ ᠳᠠᠷᠠᠭᠠᠬᠢ ᠨᠢ ᠲᠠ ᠨᠠᠷ ᠤᠨ ᠶᠣᠬᠣᠸᠠ ᠳᠤ ᠡᠷᠭᠦᠬᠦ ᠭᠠᠯ ᠤᠨ ᠲᠠᠬᠢᠯ ᠶᠤᠮ᠄ ᠡᠳᠦᠷ ᠪᠦᠷᠢ ᠶᠢᠨ ᠪᠠᠢᠩ᠋ᠭᠤ ᠶᠢᠨ ᠰᠢᠲᠠᠭᠠᠯᠭᠠᠲᠤ ᠲᠠᠬᠢᠯ ᠳᠠᠭᠠᠨ ᠰᠣᠭᠣᠭ ᠦᠭᠡᠢ ᠬᠣᠶᠠᠷ ᠡᠷ᠎ᠡ ᠬᠤᠷᠠᠭ᠎ᠠ ᠡᠷᠭᠦᠭᠲᠦᠨ᠃ 4 ᠨᠢᠭᠡ ᠬᠤᠷᠠᠭ᠎ᠠ ᠶᠢ ᠨᠢ ᠥᠷᠯᠥᠭᠡ᠂ ᠨᠥᠭᠥᠭᠡ ᠬᠤᠷᠠᠭ᠎ᠠ ᠶᠢ ᠨᠢ ᠨᠠᠷᠠ ᠰᠢᠩᠭᠡᠬᠦ ᠶᠢᠨ ᠡᠮᠦᠨ᠎ᠡ 75 5 ᠾᠢᠨ ᠤ ᠳᠥᠷᠪᠡᠨ ᠦ ᠨᠢᠭᠡ 76  ᠶᠢᠨ ᠰᠢᠬᠠᠭᠰᠠᠨ ᠲᠣᠰᠣ ᠲᠠᠢ ᠪᠠᠭᠰᠤᠷᠠᠭᠰᠠᠨ ᠡᠹᠠ ᠶᠢᠨ ᠠᠷᠪᠠᠨ ᠤ ᠨᠢᠭᠡ 77  ᠶᠢᠨ ᠨᠠᠷᠢᠯᠢᠭ᠋ ᠭᠤᠯᠢᠷ ᠤᠨ ᠢᠳᠡᠭᠡᠨ ᠲᠠᠬᠢᠯ ᠲᠠᠢ ᠬᠠᠮᠲᠤ ᠡᠷᠭᠦᠭᠲᠦᠨ᠃ 6 ᠡᠨᠡ ᠨᠢ ᠰᠢᠨᠠᠢ ᠠᠭᠤᠯᠠᠨ ᠳᠡᠭᠡᠷ᠎ᠡ ᠲᠣᠭᠲᠠᠭᠠᠭᠳᠠᠭᠰᠠᠨ ᠪᠠᠢᠩ᠋ᠭᠤ ᠶᠢᠨ ᠰᠢᠲᠠᠭᠠᠯᠭᠠᠲᠤ ᠲᠠᠬᠢᠯ᠂ ᠶᠣᠬᠣᠸᠠ ᠳᠤ ᠲᠠᠭᠠᠯᠠᠭᠳᠠᠬᠤ ᠠᠩᠬᠢᠯᠤᠭᠤᠨ ᠦᠨᠦᠷ᠂ ᠭᠠᠯ ᠤᠨ ᠡᠷᠭᠦᠯ ᠶᠤᠮ᠃ 7 ᠮᠥᠨ ᠥᠨᠥᠬᠢ ᠬᠤᠷᠠᠭ᠎ᠠ ᠪᠦᠷᠢ ᠲᠠᠢ ᠬᠠᠮᠲᠤ ᠾᠢᠨ ᠤ ᠳᠥᠷᠪᠡᠨ ᠦ ᠨᠢᠭᠡ 78  ᠶᠢᠨ ᠠᠷᠢᠬᠢ ᠶᠢ ᠡᠷᠭᠦᠯ ᠪᠣᠯᠭᠠᠨ ᠡᠷᠭᠦ᠃ ᠲᠡᠷᠡ ᠤᠮᠳᠠᠭᠠᠨ ᠡᠷᠭᠦᠯ ᠢ ᠶᠣᠬᠣᠸᠠ ᠳᠤ ᠵᠣᠷᠢᠭᠤᠯᠤᠨ ᠠᠷᠢᠭᠤᠨ ᠭᠠᠵᠠᠷ ᠲᠤ ᠠᠰᠬᠠᠨ᠎ᠠ᠃ 8 ᠨᠥᠭᠥᠭᠡ ᠬᠤᠷᠠᠭ᠎ᠠ ᠶᠢ ᠨᠢ ᠨᠠᠷᠠ ᠰᠢᠩᠭᠡᠬᠦ ᠶᠢᠨ ᠡᠮᠦᠨ᠎ᠡ ᠥᠷᠯᠥᠭᠡᠨ ᠦ ᠬᠢ ᠲᠠᠢ ᠠᠳᠠᠯᠢ ᠢᠳᠡᠭᠡᠨ ᠡᠷᠭᠦᠯ ᠪᠣᠯᠣᠨ ᠤᠮᠳᠠᠭᠠᠨ ᠡᠷᠭᠦᠯ ᠲᠡᠢ ᠬᠠᠮᠲᠤ ᠶᠣᠬᠣᠸᠠ ᠳᠤ ᠲᠠᠭᠠᠯᠠᠭᠳᠠᠬᠤ ᠠᠩᠬᠢᠯᠤᠭᠤᠨ ᠦᠨᠦᠷ᠂ ᠭᠠᠯ ᠤᠨ ᠲᠠᠬᠢᠯ ᠪᠣᠯᠭᠠᠨ ᠡᠷᠭᠦᠭᠲᠦᠨ᠃
 ᠠᠮᠠᠷᠠᠯ ᠤᠨ ᠡᠳᠦᠷ ᠦᠨ ᠡᠷᠭᠦᠯ

9 ᠠᠮᠠᠷᠠᠯ ᠤᠨ ᠡᠳᠦᠷ ᠲᠦ ᠰᠣᠭᠣᠭ ᠦᠭᠡᠢ ᠬᠣᠶᠠᠷ ᠡᠷ᠎ᠡ ᠬᠤᠷᠠᠭ᠎ᠠ ᠶᠢ ᠲᠣᠰᠣ ᠲᠠᠢ ᠪᠠᠭᠰᠤᠷᠠᠭᠰᠠᠨ ᠡᠹᠠ ᠶᠢᠨ ᠠᠷᠪᠠᠨ ᠤ ᠬᠣᠶᠠᠷ 79  ᠤᠨ ᠨᠠᠷᠢᠯᠢᠭ᠋ ᠭᠤᠯᠢᠷ ᠤᠨ ᠢᠳᠡᠭᠡᠨ ᠲᠠᠬᠢᠯ ᠬᠢᠭᠡᠳ ᠤᠮᠳᠠᠭᠠᠨ ᠡᠷᠭᠦᠯ ᠲᠡᠢ ᠬᠠᠮᠲᠤ ᠡᠷᠭᠦᠭᠲᠦᠨ᠃ 10 ᠠᠮᠠᠷᠠᠯ ᠤᠨ ᠡᠳᠦᠷ ᠪᠣᠯᠭᠠᠨ ᠳᠤ ᠪᠠᠢᠩ᠋ᠭᠤ ᠶᠢᠨ ᠰᠢᠲᠠᠭᠠᠯᠭᠠᠲᠤ ᠲᠠᠬᠢᠯ ᠪᠣᠯᠣᠨ ᠲᠡᠭᠦᠨ ᠦ ᠤᠮᠳᠠᠭᠠᠨ ᠲᠠᠬᠢᠯ ᠠᠴᠠ ᠭᠠᠳᠠᠨ᠎ᠠ᠂ ᠡᠢᠮᠦᠷᠬᠦ ᠰᠢᠲᠠᠭᠠᠯᠭᠠᠲᠤ ᠲᠠᠬᠢᠯ ᠢ ᠡᠷᠭᠦᠬᠦ ᠶᠣᠰᠣᠲᠠᠢ᠃
 ᠰᠠᠷ᠎ᠠ ᠶᠢᠨ ᠡᠬᠢᠨ ᠤ ᠡᠷᠭᠦᠯ

11 ᠰᠠᠷ᠎ᠠ ᠶᠢᠨ ᠢᠶᠠᠨ ᠡᠬᠢᠨ ᠳᠤ ᠲᠠ ᠨᠠᠷ ᠶᠣᠬᠣᠸᠠ ᠳᠤ ᠰᠣᠭᠣᠭ ᠦᠭᠡᠢ ᠬᠣᠶᠠᠷ ᠪᠤᠬ᠎ᠠ᠂ ᠨᠢᠭᠡ ᠬᠤᠴᠠ᠂ ᠳᠣᠯᠣᠭᠠᠨ ᠡᠷ᠎ᠡ ᠬᠤᠷᠠᠭ᠎ᠠ ᠶᠢ ᠰᠢᠲᠠᠭᠠᠯᠭᠠᠲᠤ ᠲᠠᠬᠢᠯ ᠪᠣᠯᠭᠠᠨ ᠡᠷᠭᠦ᠃ 12 ᠪᠤᠬ᠎ᠠ ᠪᠦᠷᠢ ᠲᠠᠢ ᠬᠠᠮᠲᠤ ᠲᠣᠰᠣ ᠲᠠᠢ ᠪᠠᠭᠰᠤᠷᠠᠭᠰᠠᠨ ᠡᠹᠠ ᠶᠢᠨ ᠠᠷᠪᠠᠨ ᠤ ᠭᠤᠷᠪᠠ 80  ᠶᠢᠨ ᠨᠠᠷᠢᠯᠢᠭ᠋ ᠭᠤᠯᠢᠷ ᠤᠨ ᠢᠳᠡᠭᠡᠨ ᠲᠠᠬᠢᠯ᠂ ᠮᠥᠨ ᠬᠤᠴᠠ ᠪᠦᠷᠢ ᠲᠠᠢ ᠬᠠᠮᠲᠤ ᠲᠣᠰᠣ ᠲᠠᠢ ᠪᠠᠭᠰᠤᠷᠠᠭᠰᠠᠨ ᠡᠹᠠ ᠶᠢᠨ ᠠᠷᠪᠠᠨ ᠤ ᠬᠣᠶᠠᠷ 81  ᠤᠨ ᠨᠠᠷᠢᠯᠢᠭ᠋ ᠭᠤᠯᠢᠷ ᠤᠨ ᠢᠳᠡᠭᠡᠨ ᠲᠠᠬᠢᠯ᠂ 13 ᠪᠠᠰᠠ ᠬᠤᠷᠠᠭ᠎ᠠ ᠪᠦᠷᠢ ᠲᠠᠢ ᠬᠠᠮᠲᠤ ᠲᠣᠰᠣ ᠲᠠᠢ ᠪᠠᠭᠰᠤᠷᠠᠭᠰᠠᠨ ᠡᠹᠠ ᠶᠢᠨ ᠠᠷᠪᠠᠨ ᠤ ᠨᠢᠭᠡ 82  ᠶᠢᠨ ᠨᠠᠷᠢᠯᠢᠭ᠋ ᠭᠤᠯᠢᠷ ᠤᠨ ᠢᠳᠡᠭᠡᠨ ᠲᠠᠬᠢᠯ ᠢ ᠰᠢᠲᠠᠭᠠᠯᠭᠠᠲᠤ ᠲᠠᠬᠢᠯ ᠤᠨ ᠬᠤᠪᠢ ᠪᠠᠷ ᠶᠣᠬᠣᠸᠠ ᠳᠤ ᠲᠠᠭᠠᠯᠠᠭᠳᠠᠬᠤ ᠠᠩᠬᠢᠯᠤᠭᠤᠨ ᠦᠨᠦᠷ᠂ ᠭᠠᠯ ᠤᠨ ᠲᠠᠬᠢᠯ ᠪᠣᠯᠭᠠᠨ ᠡᠷᠭᠦᠭᠲᠦᠨ᠃ 14 ᠤᠮᠳᠠᠭᠠᠨ ᠲᠠᠬᠢᠯ ᠴᠤ ᠪᠤᠢ᠂ ᠪᠤᠬ᠎ᠠ ᠲᠠᠢ ᠬᠠᠮᠲᠤ ᠬᠠᠭᠠᠰ ᠾᠢᠨ 83 ᠦᠵᠦᠮ ᠦᠨ ᠳᠠᠷᠠᠰᠤ᠂ ᠬᠤᠴᠠ ᠲᠠᠢ ᠬᠠᠮᠲᠤ ᠾᠢᠨ ᠤ ᠭᠤᠷᠪᠠᠨ ᠤ ᠨᠢᠭᠡ 84  ᠶᠢᠨ ᠦᠵᠦᠮ ᠦᠨ ᠳᠠᠷᠠᠰᠤ᠂ ᠬᠤᠷᠠᠭ᠎ᠠ ᠲᠠᠢ ᠬᠠᠮᠲᠤ ᠾᠢᠨ ᠤ ᠳᠥᠷᠪᠡᠨ ᠦ ᠨᠢᠭᠡ 85  ᠶᠢᠨ ᠦᠵᠦᠮ ᠦᠨ ᠳᠠᠷᠠᠰᠤ ᠶᠢ ᠡᠷᠭᠦ᠃ ᠡᠨᠡ ᠨᠢ ᠵᠢᠯ ᠤᠨ ᠲᠤᠷᠰᠢ ᠰᠢᠨ᠎ᠡ ᠰᠠᠷ᠎ᠠ ᠪᠦᠷᠢ ᠳᠤ ᠡᠷᠭᠦᠬᠦ ᠰᠢᠲᠠᠭᠠᠯᠭᠠᠲᠤ ᠲᠠᠬᠢᠯ ᠶᠤᠮ᠃ 15 ᠪᠠᠢᠩ᠋ᠭᠤ ᠶᠢᠨ ᠰᠢᠲᠠᠭᠠᠯᠭᠠᠲᠤ ᠲᠠᠬᠢᠯ ᠪᠣᠯᠣᠨ ᠲᠡᠭᠦᠨ ᠦ ᠤᠮᠳᠠᠭᠠᠨ ᠡᠷᠭᠦᠯ ᠡᠴᠡ ᠭᠠᠳᠠᠨ᠎ᠠ᠂ ᠶᠣᠬᠣᠸᠠ ᠳᠤ ᠨᠢᠭᠦᠯ ᠦᠨ ᠲᠠᠬᠢᠯ ᠢᠶᠠᠷ ᠨᠢᠭᠡ ᠤᠬᠤᠨ᠎ᠠ ᠶᠢ ᠡᠷᠭᠦᠬᠦ ᠶᠣᠰᠣᠲᠠᠢ᠃
 ᠭᠡᠲᠦᠯᠭᠡᠭᠰᠡᠨ ᠦ ᠪᠠᠶᠠᠷ ᠤᠨ ᠡᠷᠭᠦᠯ

16 ᠡᠬᠢᠨ ᠰᠠᠷ᠎ᠠ ᠶᠢᠨ ᠠᠷᠪᠠᠨ ᠳᠥᠷᠪᠡᠨ ᠨᠢ ᠶᠣᠬᠣᠸᠠ ᠶᠢᠨ ᠭᠡᠲᠦᠯᠭᠡᠭᠰᠡᠨ ᠦ ᠪᠠᠶᠠᠷ ᠤᠨ ᠡᠳᠦᠷ ᠶᠤᠮ᠃ 17 ᠡᠨᠡ ᠰᠠᠷ᠎ᠠ ᠶᠢᠨ ᠠᠷᠪᠠᠨ ᠲᠠᠪᠤᠨ ᠠᠴᠠ ᠢᠰᠭᠡᠭᠡ ᠦᠭᠡᠢ ᠪᠣᠣᠪᠣ ᠶᠢᠨ ᠪᠠᠶᠠᠷ ᠡᠬᠢᠯᠡᠬᠦ ᠪᠥᠭᠡᠳ ᠲᠠ ᠨᠠᠷ ᠳᠣᠯᠣᠭᠠᠨ ᠡᠳᠦᠷ ᠦᠨ ᠲᠤᠷᠰᠢ ᠢᠰᠭᠡᠭᠡ ᠦᠭᠡᠢ ᠪᠣᠣᠪᠣ ᠢᠳᠡᠬᠦ ᠤᠴᠢᠷᠲᠠᠢ᠃ 18 ᠡᠬᠢᠨ ᠤ ᠡᠳᠦᠷ ᠨᠢ ᠠᠷᠢᠭᠤᠨ ᠴᠤᠭᠯᠠᠭᠠᠨ ᠲᠠᠢ᠂ ᠲᠠ ᠨᠠᠷ ᠶᠠᠮᠠᠷ ᠴᠤ ᠠᠵᠢᠯ ᠪᠦᠦ ᠬᠢ᠃ 19 ᠲᠠ ᠨᠠᠷ ᠰᠢᠲᠠᠭᠠᠯᠭᠠᠲᠤ ᠲᠠᠬᠢᠯ ᠪᠣᠯᠭᠠᠨ ᠰᠣᠭᠣᠭ ᠦᠭᠡᠢ ᠬᠣᠶᠠᠷ ᠪᠤᠬ᠎ᠠ᠂ ᠨᠢᠭᠡ ᠬᠤᠴᠠ᠂ ᠳᠣᠯᠣᠭᠠᠨ ᠡᠷ᠎ᠡ ᠬᠤᠷᠠᠭ᠎ᠠ ᠶᠢ ᠶᠣᠬᠣᠸᠠ ᠳᠤ ᠭᠠᠯ ᠤᠨ ᠲᠠᠬᠢᠯ ᠢᠶᠠᠷ ᠡᠷᠭᠦ᠃ 20 ᠢᠳᠡᠭᠡᠨ ᠲᠠᠬᠢᠯ ᠳᠤ ᠲᠣᠰᠣ ᠲᠠᠢ ᠪᠠᠭᠰᠤᠷᠠᠭᠰᠠᠨ ᠨᠠᠷᠢᠯᠢᠭ᠋ ᠭᠤᠯᠢᠷ ᠡᠷᠭᠦᠬᠦ ᠪᠥᠭᠡᠳ ᠪᠤᠬ᠎ᠠ ᠪᠦᠷᠢ ᠲᠠᠢ ᠬᠠᠮᠲᠤ ᠡᠹᠠ ᠶᠢᠨ ᠠᠷᠪᠠᠨ ᠤ ᠭᠤᠷᠪᠠ᠂ ᠬᠤᠴᠠ ᠲᠠᠢ ᠬᠠᠮᠲᠤ ᠡᠹᠠ ᠶᠢᠨ ᠠᠷᠪᠠᠨ ᠤ ᠬᠣᠶᠠᠷ᠂ 21 ᠳᠣᠯᠣᠭᠠᠨ ᠬᠤᠷᠠᠭ᠎ᠠ ᠶᠢᠨ ᠲᠤᠰ ᠪᠦᠷᠢ ᠲᠠᠢ ᠨᠢ ᠬᠠᠮᠲᠤ ᠡᠹᠠ ᠶᠢᠨ ᠠᠷᠪᠠᠨ ᠤ ᠨᠢᠭᠡ ᠶᠢ ᠪᠡᠯᠡᠳᠬᠡᠬᠦ ᠶᠣᠰᠣᠲᠠᠢ᠃ 22 ᠮᠥᠨ ᠨᠢᠭᠦᠯ ᠦᠨ ᠲᠠᠬᠢᠯ ᠳᠤ ᠨᠢᠭᠡ ᠤᠬᠤᠨ᠎ᠠ ᠡᠷᠭᠦᠵᠦ ᠥᠪᠡᠷᠰᠡᠳ ᠦᠨ ᠢᠶᠠᠨ ᠲᠥᠯᠥᠭᠡ ᠭᠡᠮ ᠦᠨ ᠬᠡᠯᠲᠦᠷᠢᠭᠦᠯᠦᠯᠭᠡ ᠶᠢ ᠬᠢ᠃ 23 ᠡᠳᠡᠭᠡᠷ ᠢ ᠲᠠ ᠨᠠᠷ ᠪᠠᠢᠩ᠋ᠭᠤ ᠶᠢᠨ ᠰᠢᠲᠠᠭᠠᠯᠭᠠᠲᠤ ᠲᠠᠬᠢᠯ ᠪᠣᠯᠬᠤ ᠥᠷᠯᠥᠭᠡᠨ ᠦ ᠰᠢᠲᠠᠭᠠᠯᠭᠠᠲᠤ ᠲᠠᠬᠢᠯ ᠠᠴᠠ ᠭᠠᠳᠠᠨ᠎ᠠ ᠪᠡᠯᠡᠳᠬᠡᠬᠦ ᠶᠣᠰᠣᠲᠠᠢ᠃ 24 ᠲᠡᠢᠨ ᠬᠦ ᠲᠠ ᠨᠠᠷ ᠳᠣᠯᠣᠭᠠᠨ ᠡᠳᠦᠷ ᠦᠨ ᠲᠤᠷᠰᠢ᠂ ᠡᠳᠦᠷ ᠪᠦᠷᠢ ᠶᠣᠬᠣᠸᠠ ᠳᠤ ᠲᠠᠭᠠᠯᠠᠭᠳᠠᠬᠤ ᠠᠩᠬᠢᠯᠤᠭᠤᠨ ᠦᠨᠦᠷ᠂ ᠭᠠᠯ ᠤᠨ ᠲᠠᠬᠢᠯ ᠤᠨ ᠢᠳᠡᠭᠡᠨ ᠢ ᠪᠡᠯᠡᠳᠬᠡᠬᠦ ᠪᠣᠯᠣᠨ᠎ᠠ᠃ ᠡᠭᠦᠨ ᠢ ᠪᠠᠢᠩ᠋ᠭᠤ ᠶᠢᠨ ᠰᠢᠲᠠᠭᠠᠯᠭᠠᠲᠤ ᠲᠠᠬᠢᠯ ᠪᠣᠯᠣᠨ ᠲᠡᠭᠦᠨ ᠦ ᠤᠮᠳᠠᠭᠠᠨ ᠡᠷᠭᠦᠯ ᠡᠴᠡ ᠭᠠᠳᠠᠨ᠎ᠠ ᠪᠡᠯᠡᠳᠬᠡᠬᠦ ᠶᠣᠰᠣᠲᠠᠢ᠃ 25 ᠳᠣᠯᠣᠳᠠᠬᠢ ᠡᠳᠦᠷ ᠴᠤ ᠠᠷᠢᠭᠤᠨ ᠴᠤᠭᠯᠠᠭᠠᠨ ᠲᠠᠢ᠂ ᠶᠠᠮᠠᠷ ᠴᠤ ᠠᠵᠢᠯ ᠪᠦᠦ ᠬᠢ᠃
 ᠳᠣᠯᠣᠭᠠᠨ ᠭᠠᠷᠠᠭ ᠤᠨ ᠪᠠᠶᠠᠷ ᠤᠨ ᠡᠷᠭᠦᠯ

26 ᠠᠩ᠋ᠬᠠᠨ ᠤ ᠦᠷ᠎ᠡ ᠵᠢᠮᠢᠰ ᠤᠨ ᠡᠳᠦᠷ᠂ ᠲᠤᠬᠠᠢᠯᠠᠪᠠᠯ ᠰᠢᠨ᠎ᠡ ᠢᠳᠡᠭᠡᠨ ᠲᠠᠬᠢᠯ ᠢ ᠶᠣᠬᠣᠸᠠ ᠳᠤ ᠠᠪᠴᠢᠷᠠᠬᠤ ᠳᠣᠯᠣᠭᠠᠨ ᠭᠠᠷᠠᠭ ᠤᠨ ᠪᠠᠶᠠᠷ ᠤᠨ ᠡᠳᠦᠷ ᠴᠤ ᠠᠷᠢᠭᠤᠨ ᠴᠤᠭᠯᠠᠭᠠᠨ ᠬᠢᠨ᠎ᠡ᠂ ᠶᠠᠮᠠᠷ ᠴᠤ ᠠᠵᠢᠯ ᠪᠦᠦ ᠬᠢ᠃ 27 ᠲᠠ ᠨᠠᠷ ᠰᠢᠲᠠᠭᠠᠯᠭᠠᠲᠤ ᠲᠠᠬᠢᠯ ᠳᠤ ᠬᠣᠶᠠᠷ ᠪᠤᠬ᠎ᠠ᠂ ᠨᠢᠭᠡ ᠬᠤᠴᠠ᠂ ᠳᠣᠯᠣᠭᠠᠨ ᠡᠷ᠎ᠡ ᠬᠤᠷᠠᠭ᠎ᠠ ᠶᠢ ᠶᠣᠬᠣᠸᠠ ᠳᠤ ᠲᠠᠭᠠᠯᠠᠮᠵᠢᠲᠤ ᠠᠩᠬᠢᠯᠤᠭᠤᠨ ᠦᠨᠦᠷ ᠪᠣᠯᠭᠠᠨ ᠡᠷᠭᠦᠵᠦ᠂ 28 ᠢᠳᠡᠭᠡᠨ ᠲᠠᠬᠢᠯ ᠳᠤ ᠲᠣᠰᠣ ᠲᠠᠢ ᠪᠠᠭᠰᠤᠷᠠᠭᠰᠠᠨ ᠨᠠᠷᠢᠯᠢᠭ᠋ ᠭᠤᠯᠢᠷ ᠡᠷᠭᠦᠭᠲᠦᠨ᠂ ᠪᠤᠬ᠎ᠠ ᠪᠦᠷᠢ ᠲᠠᠢ ᠬᠠᠮᠲᠤ ᠡᠹᠠ ᠶᠢᠨ ᠠᠷᠪᠠᠨ ᠤ ᠭᠤᠷᠪᠠ ᠶᠢ᠂ ᠬᠤᠴᠠ ᠪᠦᠷᠢ ᠲᠠᠢ ᠬᠠᠮᠲᠤ ᠠᠷᠪᠠᠨ ᠤ ᠬᠣᠶᠠᠷ ᠢ᠂ 29 ᠳᠣᠯᠣᠭᠠᠨ ᠬᠤᠷᠠᠭ᠎ᠠ ᠶᠢᠨ ᠲᠤᠰ ᠪᠦᠷᠢ ᠲᠠᠢ ᠨᠢ ᠬᠠᠮᠲᠤ ᠠᠷᠪᠠᠨ ᠤ ᠨᠢᠭᠡ ᠶᠢ ᠪᠡᠯᠡᠳᠬᠡᠬᠦ ᠶᠣᠰᠣᠲᠠᠢ᠃ 30 ᠮᠥᠨ ᠨᠢᠭᠡ ᠤᠬᠤᠨ᠎ᠠ ᠡᠷᠭᠦᠵᠦ᠂ ᠥᠪᠡᠷᠰᠡᠳ ᠦᠨ ᠢᠶᠠᠨ ᠲᠥᠯᠥᠭᠡ ᠭᠡᠮ ᠦᠨ ᠬᠡᠯᠲᠦᠷᠢᠭᠦᠯᠦᠯᠭᠡ ᠶᠢ ᠬᠢ᠃ 31 ᠡᠳᠡᠭᠡᠷ ᠲᠡᠢ ᠬᠠᠮᠲᠤ ᠡᠷᠭᠦᠬᠦ ᠤᠮᠳᠠᠭᠠᠨ ᠡᠷᠭᠦᠯ ᠨᠢ ᠪᠠᠢᠩ᠋ᠭᠤ ᠶᠢᠨ ᠰᠢᠲᠠᠭᠠᠯᠭᠠᠲᠤ ᠲᠠᠬᠢᠯ ᠪᠤᠶᠤ ᠲᠡᠭᠦᠨ ᠦ ᠢᠳᠡᠭᠡᠨ ᠲᠠᠬᠢᠯ ᠠᠴᠠ ᠭᠠᠳᠠᠨ᠎ᠠ ᠪᠡᠯᠡᠳᠬᠡᠭᠳᠡᠬᠦ ᠶᠣᠰᠣᠲᠠᠢ᠃ ᠲᠡᠳᠡᠭᠡᠷ ᠮᠠᠯ ᠨᠢ ᠰᠣᠭᠣᠭ ᠦᠭᠡᠢ ᠪᠠᠢᠬᠤ ᠶᠣᠰᠣᠲᠠᠢ᠃