ᠲᠣᠭᠠᠯᠠᠯᠭ᠎ᠠ ᠬᠣᠶᠠᠷ
ᠣᠪᠣᠭ ᠤᠳ ᠤᠨ ᠬᠤᠸᠠᠷᠠᠨ ᠤ ᠪᠠᠢᠷᠢᠰᠢᠯ
1 ᠶᠣᠬᠣᠸᠠ ᠮᠣᠰᠧ᠂ ᠠᠷᠣᠨ ᠨᠠᠷ ᠲᠤ ᠠᠢᠯᠠᠳᠤᠨ᠄ 2 《ᠢᠰᠷᠧᠯᠴᠦᠳ ᠠᠭᠤᠯᠵᠠᠯᠲᠠ ᠶᠢᠨ ᠴᠠᠴᠠᠷ ᠤᠷᠤᠭᠤ ᠬᠠᠷᠠᠨ ᠲᠡᠭᠦᠨ ᠦ ᠲᠣᠭᠣᠷᠢᠨ ᠳᠤ ᠮᠠᠢᠬᠠᠨ ᠢᠶᠠᠨ ᠪᠣᠰᠬᠠᠵᠤ᠂ ᠬᠥᠮᠦᠨ ᠪᠦᠷᠢ ᠭᠡᠷ ᠪᠦᠯᠢ ᠶᠢᠨ ᠢᠶᠠᠨ ᠳᠠᠯᠪᠠᠭ᠎ᠠ ᠶᠢᠨ ᠬᠠᠵᠠᠭᠤ ᠳᠤ ᠥᠪᠡᠷ ᠦᠨ ᠢᠶᠠᠨ ᠲᠤᠭ ᠤᠨ ᠳᠣᠣᠷ᠎ᠠ ᠪᠠᠭᠤᠳᠠᠯᠯᠠᠬᠤ ᠶᠣᠰᠣᠲᠠᠢ᠃ 3 ᠨᠠᠷᠠ ᠮᠠᠨᠳᠤᠬᠤ ᠵᠡᠭᠦᠨ ᠵᠦᠭ ᠲᠦ ᠶᠦᠳᠠ ᠶᠢᠨ ᠬᠤᠸᠠᠷᠠᠨ ᠲᠤᠭ ᠤᠨ ᠢᠶᠠᠨ ᠳᠣᠣᠷ᠎ᠠ ᠳᠠᠢᠴᠢᠳ ᠤᠨ ᠪᠠᠭ ᠤᠳ ᠢᠶᠠᠷ ᠢᠶᠠᠨ ᠪᠠᠭᠤᠳᠠᠯᠯᠠᠨᠠ᠃ ᠶᠦᠳᠠᠴᠤᠳ ᠤᠨ ᠤᠳᠤᠷᠢᠳᠤᠭᠴᠢ ᠨᠢ ᠠᠮᠢᠨᠠᠳᠠᠪ ᠤᠨ ᠬᠦᠦ ᠨᠠᠾᠱᠣᠨ ᠪᠥᠭᠡᠳ 4 ᠳᠠᠢᠴᠢᠳ ᠤᠨ ᠲᠣᠭ᠎ᠠ ᠨᠢ ᠳᠣᠯᠣᠭᠠᠨ ᠲᠦᠮᠡ ᠳᠥᠷᠪᠡᠨ ᠮᠢᠩ᠋ᠭ᠎ᠠ ᠵᠢᠷᠭᠤᠭᠠᠨ ᠵᠠᠭᠤ ᠶᠤᠮ᠃ 5 ᠲᠡᠭᠦᠨ ᠦ ᠳᠡᠷᠭᠡᠳᠡ ᠢᠰᠠᠺᠠᠷ ᠣᠪᠣᠭ ᠪᠠᠭᠤᠳᠠᠯᠯᠠᠬᠤ ᠪᠣᠯᠣᠨ᠎ᠠ᠃ ᠢᠰᠠᠺᠠᠷᠴᠤᠳ ᠤᠨ ᠤᠳᠤᠷᠢᠳᠤᠭᠴᠢ ᠨᠢ ᠽᠦᠶᠠᠷ ᠤᠨ ᠬᠦᠦ ᠨᠧᠲ᠋ᠠᠨᠧᠯ ᠪᠥᠭᠡᠳ 6 ᠳᠠᠢᠴᠢᠳ ᠤᠨ ᠲᠣᠭ᠎ᠠ ᠨᠢ ᠲᠠᠪᠤᠨ ᠲᠦᠮᠡ ᠳᠥᠷᠪᠡᠨ ᠮᠢᠩ᠋ᠭ᠎ᠠ ᠳᠥᠷᠪᠡᠨ ᠵᠠᠭᠤ ᠶᠤᠮ᠃ 7 ᠳᠡᠷᠭᠡᠳᠡ ᠨᠢ ᠽᠧᠪᠦ᠋ᠯᠣᠨ ᠣᠪᠣᠭ ᠪᠠᠢᠬᠤ ᠶᠣᠰᠣᠲᠠᠢ᠃ ᠽᠧᠪᠦ᠋ᠯᠣᠨᠴᠤᠳ ᠤᠨ ᠤᠳᠤᠷᠢᠳᠤᠭᠴᠢ ᠨᠢ ᠾᠧᠯᠣᠨ ᠤ ᠬᠦᠦ ᠡᠯᠢᠶᠠᠪ ᠪᠥᠭᠡᠳ 8 ᠳᠠᠢᠴᠢᠳ ᠤᠨ ᠲᠣᠭ᠎ᠠ ᠨᠢ ᠲᠠᠪᠤᠨ ᠲᠦᠮᠡ ᠳᠣᠯᠣᠭᠠᠨ ᠮᠢᠩ᠋ᠭ᠎ᠠ ᠳᠥᠷᠪᠡᠨ ᠵᠠᠭᠤ ᠶᠤᠮ᠃ 9 ᠲᠡᠢᠨ ᠬᠦ ᠶᠦᠳᠠ ᠶᠢᠨ ᠬᠤᠸᠠᠷᠠᠨ ᠤ ᠬᠠᠮᠤᠭ ᠳᠠᠢᠴᠢᠳ ᠤᠨ ᠲᠣᠭ᠎ᠠ ᠠᠷᠪᠠᠨ ᠨᠠᠢ᠌ᠮᠠᠨ ᠲᠦᠮᠡ ᠵᠢᠷᠭᠤᠭᠠᠨ ᠮᠢᠩ᠋ᠭ᠎ᠠ ᠳᠥᠷᠪᠡᠨ ᠵᠠᠭᠤ᠂ ᠲᠡᠳᠡ ᠪᠤᠰᠤᠳ ᠤᠨ ᠲᠦᠷᠦᠭᠦᠨ ᠳᠦ ᠬᠥᠳᠡᠯᠬᠦ ᠪᠣᠯᠣᠨ᠎ᠠ᠃
10 ᠡᠮᠦᠨ᠎ᠡ ᠲᠠᠯ᠎ᠠ ᠳᠤᠨᠢ ᠷᠧᠣᠪᠧᠨ ᠤ ᠬᠤᠸᠠᠷᠠᠨ ᠲᠤᠭ ᠤᠨ ᠢᠶᠠᠨ ᠳᠣᠣᠷ᠎ᠠ ᠳᠠᠢᠴᠢᠳ ᠤᠨ ᠪᠠᠭ ᠤᠳ ᠢᠶᠠᠷ ᠢᠶᠠᠨ ᠪᠠᠭᠤᠳᠠᠯᠯᠠᠨᠠ᠃ ᠷᠧᠣᠪᠧᠨᠴᠤᠳ ᠤᠨ ᠤᠳᠤᠷᠢᠳᠤᠭᠴᠢ ᠨᠢ ᠱᠧᠳᠧᠣᠷ ᠤᠨ ᠬᠦᠦ ᠡᠯᠢᠽᠦ᠋ᠷ ᠪᠥᠭᠡᠳ 11 ᠳᠠᠢᠴᠢᠳ ᠤᠨ ᠲᠣᠭ᠎ᠠ ᠨᠢ ᠳᠥᠷᠪᠡᠨ ᠲᠦᠮᠡ ᠵᠢᠷᠭᠤᠭᠠᠨ ᠮᠢᠩ᠋ᠭ᠎ᠠ ᠲᠠᠪᠤᠨ ᠵᠠᠭᠤ ᠶᠤᠮ᠃ 12 ᠲᠡᠭᠦᠨ ᠦ ᠳᠡᠷᠭᠡᠳᠡ ᠰᠢᠮᠧᠶᠣᠨ ᠣᠪᠣᠭ ᠪᠠᠭᠤᠳᠠᠯᠯᠠᠬᠤ ᠪᠣᠯᠣᠨ᠎ᠠ᠃ ᠰᠢᠮᠧᠶᠣᠨᠴᠤᠳ ᠤᠨ ᠤᠳᠤᠷᠢᠳᠤᠭᠴᠢ ᠨᠢ ᠽᠦᠷᠢᠱᠠᠳᠠᠢ ᠶᠢᠨ ᠬᠦᠦ ᠱᠧᠯᠦ᠋ᠮᠢᠶᠧᠯ ᠪᠥᠭᠡᠳ 13 ᠳᠠᠢᠴᠢᠳ ᠤᠨ ᠲᠣᠭ᠎ᠠ ᠨᠢ ᠲᠠᠪᠤᠨ ᠲᠦᠮᠡ ᠶᠢᠰᠦᠨ ᠮᠢᠩ᠋ᠭ᠎ᠠ ᠭᠤᠷᠪᠠᠨ ᠵᠠᠭᠤ ᠶᠤᠮ᠃ 14 ᠳᠡᠷᠭᠡᠳᠡ ᠨᠢ ᠭᠠᠳ᠋ ᠣᠪᠣᠭ ᠪᠠᠢᠬᠤ ᠶᠣᠰᠣᠲᠠᠢ᠃ ᠭᠠᠳ᠋ᠴᠤᠳ ᠤᠨ ᠤᠳᠤᠷᠢᠳᠤᠭᠴᠢ ᠨᠢ ᠳ᠋ᠧᠣᠶᠧᠯ ᠤᠨ ᠬᠦᠦ ᠡᠯᠢᠶᠠᠰᠠᠹ ᠪᠥᠭᠡᠳ 15 ᠳᠠᠢᠴᠢᠳ ᠤᠨ ᠲᠣᠭ᠎ᠠ ᠨᠢ ᠳᠥᠷᠪᠡᠨ ᠲᠦᠮᠡ ᠲᠠᠪᠤᠨ ᠮᠢᠩ᠋ᠭ᠎ᠠ ᠵᠢᠷᠭᠤᠭᠠᠨ ᠵᠠᠭᠤ ᠲᠠᠪᠢ ᠶᠤᠮ᠃ 16 ᠲᠡᠢᠨ ᠬᠦ ᠷᠧᠣᠪᠧᠨ ᠤ ᠬᠤᠸᠠᠷᠠᠨ ᠤ ᠬᠠᠮᠤᠭ ᠳᠠᠢᠴᠢᠳ ᠤᠨ ᠲᠣᠭ᠎ᠠ ᠠᠷᠪᠠᠨ ᠲᠠᠪᠤᠨ ᠲᠦᠮᠡ ᠨᠢᠭᠡᠨ ᠮᠢᠩ᠋ᠭ᠎ᠠ ᠳᠥᠷᠪᠡᠨ ᠵᠠᠭᠤ ᠲᠠᠪᠢ᠂ ᠲᠡᠳᠡ ᠬᠣᠶᠠᠳᠤᠭᠠᠷ ᠲᠤ ᠬᠥᠳᠡᠯᠬᠦ ᠪᠣᠯᠣᠨ᠎ᠠ᠃
17 ᠳᠠᠷᠠᠭ᠎ᠠ ᠨᠢ ᠯᠧᠸᠢᠴᠦᠳ ᠦᠨ ᠬᠤᠸᠠᠷᠠᠨ ᠲᠠᠢ ᠬᠠᠮᠲᠤ ᠠᠭᠤᠯᠵᠠᠯᠲᠠ ᠶᠢᠨ ᠴᠠᠴᠠᠷ ᠬᠤᠸᠠᠷᠠᠨ ᠨᠤᠭᠤᠳ ᠤᠨ ᠭᠣᠣᠯ ᠳᠤᠮᠳᠠᠭᠤᠷ ᠬᠥᠳᠡᠯᠬᠦ ᠪᠣᠯᠣᠨ᠎ᠠ᠃ ᠣᠪᠣᠭ ᠪᠦᠷᠢ ᠪᠠᠭᠤᠳᠠᠯᠯᠠᠭᠰᠠᠨ ᠶᠣᠰᠣᠭᠠᠷ ᠢᠶᠠᠨ ᠥᠪᠡᠷ ᠦᠨ ᠢᠶᠠᠨ ᠲᠤᠭ ᠤᠨ ᠳᠣᠣᠷ᠎ᠠ ᠪᠠᠢᠷᠢᠨ ᠳᠠᠭᠠᠨ ᠪᠠᠢᠭᠰᠠᠭᠠᠷ ᠬᠥᠳᠡᠯᠬᠦ ᠪᠣᠯᠣᠨ᠎ᠠ᠃
18 ᠪᠠᠷᠠᠭᠤᠨ ᠲᠠᠯ᠎ᠠ ᠳᠤᠨᠢ ᠡᠹᠷᠠᠢᠮ ᠤᠨ ᠬᠤᠸᠠᠷᠠᠨ ᠲᠤᠭ ᠤᠨ ᠢᠶᠠᠨ ᠳᠣᠣᠷ᠎ᠠ ᠳᠠᠢᠴᠢᠳ ᠤᠨ ᠪᠠᠭ ᠤᠳ ᠢᠶᠠᠷ ᠢᠶᠠᠨ ᠪᠠᠭᠤᠳᠠᠯᠯᠠᠨᠠ᠃ ᠡᠹᠷᠠᠢᠮᠴᠤᠳ ᠤᠨ ᠤᠳᠤᠷᠢᠳᠤᠭᠴᠢ ᠨᠢ ᠠᠮᠢᠾᠦ᠋ᠳ᠋ ᠤᠨ ᠬᠦᠦ ᠡᠯᠢᠱᠠᠮᠠ ᠪᠥᠭᠡᠳ 19 ᠳᠠᠢᠴᠢᠳ ᠤᠨ ᠲᠣᠭ᠎ᠠ ᠨᠢ ᠳᠥᠷᠪᠡᠨ ᠲᠦᠮᠡ ᠨᠢᠭᠡ ᠮᠢᠩ᠋ᠭ᠎ᠠ ᠲᠠᠪᠤᠨ ᠵᠠᠭᠤ ᠶᠤᠮ᠃ 20 ᠲᠡᠭᠦᠨ ᠦ ᠳᠡᠷᠭᠡᠳᠡ ᠮᠠᠨᠠᠰᠧ ᠣᠪᠣᠭ ᠪᠠᠭᠤᠳᠠᠯᠯᠠᠬᠤ ᠪᠣᠯᠣᠨ᠎ᠠ᠃ ᠮᠠᠨᠠᠰᠧᠴᠤᠳ ᠤᠨ ᠤᠳᠤᠷᠢᠳᠤᠭᠴᠢ ᠨᠢ ᠫᠧᠳᠠᠽᠦ᠋ᠷ ᠤᠨ ᠬᠦᠦ ᠭᠠᠮᠠᠯᠢᠶᠧᠯ ᠪᠥᠭᠡᠳ 21 ᠳᠠᠢᠴᠢᠳ ᠤᠨ ᠲᠣᠭ᠎ᠠ ᠨᠢ ᠭᠤᠷᠪᠠᠨ ᠲᠦᠮᠡ ᠬᠣᠶᠠᠷ ᠮᠢᠩ᠋ᠭ᠎ᠠ ᠬᠣᠶᠠᠷ ᠵᠠᠭᠤ ᠶᠤᠮ᠃ 22 ᠳᠡᠷᠭᠡᠳᠡ ᠨᠢ ᠪᠢᠨᠶᠠᠮᠢᠨ ᠣᠪᠣᠭ ᠪᠠᠢᠬᠤ ᠶᠣᠰᠣᠲᠠᠢ᠃ ᠪᠢᠨᠶᠠᠮᠢᠨᠴᠤᠳ ᠤᠨ ᠤᠳᠤᠷᠢᠳᠤᠭᠴᠢ ᠨᠢ ᠭᠢᠳᠧᠶᠣᠨᠢ ᠶᠢᠨ ᠬᠦᠦ ᠠᠪᠢᠳᠠᠨ ᠪᠥᠭᠡᠳ 23 ᠳᠠᠢᠴᠢᠳ ᠤᠨ ᠲᠣᠭ᠎ᠠ ᠨᠢ ᠭᠤᠷᠪᠠᠨ ᠲᠦᠮᠡ ᠲᠠᠪᠤᠨ ᠮᠢᠩ᠋ᠭ᠎ᠠ ᠳᠥᠷᠪᠡᠨ ᠵᠠᠭᠤ ᠶᠤᠮ᠃ 24 ᠲᠡᠢᠨ ᠬᠦ ᠡᠹᠷᠠᠢᠮ ᠤᠨ ᠬᠤᠸᠠᠷᠠᠨ ᠤ ᠬᠠᠮᠤᠭ ᠳᠠᠢᠴᠢᠳ ᠤᠨ ᠲᠣᠭ᠎ᠠ ᠠᠷᠪᠠᠨ ᠲᠦᠮᠡ ᠨᠠᠢ᠌ᠮᠠᠨ ᠮᠢᠩ᠋ᠭ᠎ᠠ ᠨᠢᠭᠡ ᠵᠠᠭᠤ᠂ ᠲᠡᠳᠡ ᠭᠤᠷᠪᠠᠳᠤᠭᠠᠷ ᠲᠤ ᠬᠥᠳᠡᠯᠬᠦ ᠪᠣᠯᠣᠨ᠎ᠠ᠃
25 ᠬᠣᠢᠨ᠎ᠠ ᠲᠠᠯ᠎ᠠ ᠳᠤᠨᠢ ᠳ᠋ᠠᠨ ᠤ ᠬᠤᠸᠠᠷᠠᠨ ᠲᠤᠭ ᠤᠨ ᠢᠶᠠᠨ ᠳᠣᠣᠷ᠎ᠠ ᠳᠠᠢᠴᠢᠳ ᠤᠨ ᠪᠠᠭ ᠤᠳ ᠢᠶᠠᠷ ᠢᠶᠠᠨ ᠪᠠᠭᠤᠳᠠᠯᠯᠠᠨᠠ᠃ ᠳ᠋ᠠᠨᠴᠤᠳ ᠤᠨ ᠤᠳᠤᠷᠢᠳᠤᠭᠴᠢ ᠨᠢ ᠠᠮᠢᠱᠠᠳᠠᠢ ᠶᠢᠨ ᠬᠦᠦ ᠠᠾᠢᠶᠧᠽᠧᠷ ᠪᠥᠭᠡᠳ 26 ᠳᠠᠢᠴᠢᠳ ᠤᠨ ᠲᠣᠭ᠎ᠠ ᠨᠢ ᠵᠢᠷᠭᠤᠭᠠᠨ ᠲᠦᠮᠡ ᠬᠣᠶᠠᠷ ᠮᠢᠩ᠋ᠭ᠎ᠠ ᠳᠣᠯᠣᠭᠠᠨ ᠵᠠᠭᠤ ᠶᠤᠮ᠃ 27 ᠲᠡᠭᠦᠨ ᠦ ᠳᠡᠷᠭᠡᠳᠡ ᠠᠱᠧᠷ ᠣᠪᠣᠭ ᠪᠠᠭᠤᠳᠠᠯᠯᠠᠬᠤ ᠪᠣᠯᠣᠨ᠎ᠠ᠃ ᠠᠱᠧᠷᠴᠤᠳ ᠤᠨ ᠤᠳᠤᠷᠢᠳᠤᠭᠴᠢ ᠨᠢ ᠣᠬᠷᠠᠨ ᠤ ᠬᠦᠦ ᠫᠠᠭᠢᠶᠧᠯ ᠪᠥᠭᠡᠳ 28 ᠳᠠᠢᠴᠢᠳ ᠤᠨ ᠲᠣᠭ᠎ᠠ ᠨᠢ ᠳᠥᠷᠪᠡᠨ ᠲᠦᠮᠡ ᠨᠢᠭᠡᠨ ᠮᠢᠩ᠋ᠭ᠎ᠠ ᠲᠠᠪᠤᠨ ᠵᠠᠭᠤ ᠶᠤᠮ᠃ 29 ᠳᠡᠷᠭᠡᠳᠡ ᠨᠢ ᠨᠠᠹᠲ᠋ᠠᠯᠢ ᠣᠪᠣᠭ ᠪᠠᠢᠬᠤ ᠶᠣᠰᠣᠲᠠᠢ᠃ ᠨᠠᠹᠲ᠋ᠠᠯᠢᠴᠤᠳ ᠤᠨ ᠤᠳᠤᠷᠢᠳᠤᠭᠴᠢ ᠨᠢ ᠡᠨᠠᠨ ᠤ ᠬᠦᠦ ᠠᠾᠢᠷᠠ ᠪᠥᠭᠡᠳ 30 ᠳᠠᠢᠴᠢᠳ ᠤᠨ ᠲᠣᠭ᠎ᠠ ᠨᠢ ᠲᠠᠪᠤᠨ ᠲᠦᠮᠡ ᠭᠤᠷᠪᠠᠨ ᠮᠢᠩ᠋ᠭ᠎ᠠ ᠳᠥᠷᠪᠡᠨ ᠵᠠᠭᠤ ᠶᠤᠮ᠃ 31 ᠲᠡᠢᠨ ᠬᠦ ᠳ᠋ᠠᠨ ᠤ ᠬᠤᠸᠠᠷᠠᠨ ᠤ ᠬᠠᠮᠤᠭ ᠳᠠᠢᠴᠢᠳ ᠤᠨ ᠲᠣᠭ᠎ᠠ ᠠᠷᠪᠠᠨ ᠲᠠᠪᠤᠨ ᠲᠦᠮᠡ ᠳᠣᠯᠣᠭᠠᠨ ᠮᠢᠩ᠋ᠭ᠎ᠠ ᠵᠢᠷᠭᠤᠭᠠᠨ ᠵᠠᠭᠤ᠂ ᠲᠡᠳᠡ ᠰᠡᠭᠦᠯ ᠳᠦ ᠲᠤᠭ ᠤᠨ ᠢᠶᠠᠨ ᠳᠣᠣᠷ᠎ᠠ ᠬᠥᠳᠡᠯᠬᠦ ᠪᠣᠯᠣᠨ᠎ᠠ》 ᠭᠡᠯᠡ᠃
32 ᠡᠳᠡ ᠨᠠᠷ ᠪᠣᠯ ᠭᠡᠷ ᠪᠦᠯᠢ ᠶᠢᠨ ᠢᠶᠠᠨ ᠳᠠᠭᠠᠤ ᠲᠣᠭᠠᠯᠠᠭᠤᠯᠤᠭᠰᠠᠨ ᠢᠰᠷᠧᠯᠴᠦᠳ ᠶᠤᠮ᠃ ᠬᠤᠸᠠᠷᠠᠨ ᠳᠤ ᠳᠠᠢᠴᠢᠳ ᠤᠨ ᠪᠠᠭ ᠤᠳ ᠢᠶᠠᠷ ᠢᠶᠠᠨ ᠲᠣᠭᠠᠯᠠᠭᠤᠯᠤᠭᠰᠠᠨ ᠡᠷᠡᠴᠦᠳ ᠪᠦᠭᠦᠳᠡ ᠵᠢᠷᠠᠨ ᠲᠦᠮᠡ ᠭᠤᠷᠪᠠᠨ ᠮᠢᠩ᠋ᠭ᠎ᠠ ᠲᠠᠪᠤᠨ ᠵᠠᠭᠤ ᠲᠠᠪᠢ ᠪᠠᠢᠪᠠ᠃ 33 ᠬᠠᠷᠢᠨ ᠯᠧᠸᠢᠴᠦᠳ ᠨᠢ ᠢᠰᠷᠧᠯᠴᠦᠳ ᠦᠨ ᠳᠤᠮᠳᠠ ᠲᠣᠭᠠᠯᠠᠭᠤᠯᠤᠭᠰᠠᠨ ᠦᠭᠡᠢ᠃ ᠡᠨᠡ ᠨᠢ ᠶᠣᠬᠣᠸᠠ ᠶᠢᠨ ᠮᠣᠰᠧ ᠳᠤ ᠲᠤᠰᠢᠶᠠᠭᠰᠠᠨ ᠶᠣᠰᠣᠭᠠᠷ ᠪᠣᠯᠵᠠᠢ᠃
34 ᠲᠡᠢᠨ ᠬᠦ ᠢᠰᠷᠧᠯᠴᠦᠳ ᠶᠣᠬᠣᠸᠠ ᠶᠢᠨ ᠮᠣᠰᠧ ᠳᠤ ᠲᠤᠰᠢᠶᠠᠭᠰᠠᠨ ᠪᠦᠬᠦᠨ ᠦ ᠳᠠᠭᠠᠤ ᠦᠢᠯᠡᠳᠴᠦ᠂ ᠲᠡᠭᠦᠨ ᠦ ᠳᠠᠭᠠᠤ ᠬᠥᠮᠦᠨ ᠪᠣᠯᠭᠠᠨ ᠲᠤᠭ ᠤᠨ ᠢᠶᠠᠨ ᠳᠣᠣᠷ᠎ᠠ ᠥᠪᠡᠷ ᠦᠨ ᠢᠶᠠᠨ ᠣᠪᠣᠭ᠂ ᠥᠪᠡᠷ ᠦᠨ ᠢᠶᠠᠨ ᠭᠡᠷ ᠪᠦᠯᠢ ᠪᠠᠷ ᠢᠶᠠᠨ ᠪᠠᠭᠤᠳᠠᠯᠯᠠᠵᠤ᠂ ᠲᠡᠭᠦᠨ ᠦ ᠳᠠᠭᠠᠤ ᠬᠥᠳᠡᠯᠦᠨ ᠶᠠᠪᠤᠳᠠᠭ ᠪᠠᠢᠪᠠ᠃