1 2 3 4 5 6 7 8 9 10 11 12 13 14 15 16 17 18 19 20 21 22 23 24 25 26 27 28 29 30 31 32 33 34 35 36


ᠲᠣᠭᠠᠯᠠᠯᠭ᠎ᠠ ᠠᠷᠪᠠᠨ ᠳᠣᠯᠣᠭ᠎ᠠ
 ᠠᠷᠣᠨ ᠤ ᠲᠠᠶᠠᠭ ᠨᠠᠬᠢᠶᠠᠯᠠᠪᠠ

1 ᠶᠣᠬᠣᠸᠠ ᠮᠣᠰᠧ ᠳᠤ ᠠᠢᠯᠠᠳᠤᠨ᠄ 2 《ᠢᠰᠷᠧᠯᠴᠦᠳ ᠲᠦ ᠵᠠᠬᠢᠵᠤ᠂ ᠡᠴᠢᠭᠡ ᠡᠪᠦᠭᠡᠳ ᠦᠨ ᠬᠢᠨᠢ ᠣᠪᠣᠭ ᠤᠨ ᠳᠠᠭᠠᠤ ᠠᠷᠪᠠᠨ ᠬᠣᠶᠠᠷ ᠲᠠᠶᠠᠭ᠂ ᠲᠤᠬᠠᠢᠯᠠᠪᠠᠯ ᠣᠪᠣᠭ ᠪᠦᠷᠢ ᠶᠢᠨ ᠬᠢᠨᠢ ᠤᠳᠤᠷᠢᠳᠤᠭᠴᠢ ᠡᠴᠡ ᠨᠢᠭᠡ ᠲᠠᠶᠠᠭ ᠠᠪᠴᠤ᠂ ᠲᠠᠶᠠᠭ ᠪᠦᠷᠢ ᠳᠡᠭᠡᠷ᠎ᠡ ᠨᠡᠷ᠎ᠡ ᠶᠢ ᠨᠢ ᠪᠢᠴᠢ᠃ 3 ᠯᠧᠸᠢ ᠣᠪᠣᠭ ᠤᠨ ᠲᠠᠶᠠᠭ ᠳᠡᠭᠡᠷ᠎ᠡ ᠠᠷᠣᠨ ᠤ ᠨᠡᠷ᠎ᠡ ᠶᠢ ᠪᠢᠴᠢ᠂ ᠲᠡᠢᠨ ᠬᠦ ᠣᠪᠣᠭ ᠪᠦᠷᠢ ᠶᠢᠨ ᠲᠡᠷᠢᠭᠦᠨ ᠪᠣᠯᠭᠠᠨ ᠳᠤ ᠨᠢᠭᠡ ᠲᠠᠶᠠᠭ ᠪᠠᠢᠬᠤ ᠶᠣᠰᠣᠲᠠᠢ᠃ 4 ᠴᠢ ᠲᠡᠳᠡᠭᠡᠷ ᠲᠠᠶᠠᠭ ᠢ ᠠᠭᠤᠯᠵᠠᠯᠲᠠ ᠶᠢᠨ ᠴᠠᠴᠠᠷ ᠤᠨ ᠳᠣᠲᠣᠷ᠎ᠠ ᠮᠢᠨᠦ ᠴᠢᠮ᠎ᠠ ᠲᠠᠢ ᠠᠭᠤᠯᠵᠠᠳᠠᠭ ᠭᠡᠷᠡᠴᠢᠯᠡᠯ ᠦᠨ ᠠᠪᠳᠠᠷ᠎ᠠ ᠶᠢᠨ ᠡᠮᠦᠨ᠎ᠡ ᠲᠠᠯᠪᠢ᠃ 5 ᠮᠢᠨᠦ ᠰᠣᠩ᠋ᠭᠣᠬᠤ ᠬᠥᠮᠦᠨ ᠦ ᠲᠠᠶᠠᠭ ᠨᠠᠬᠢᠶᠠᠯᠠᠬᠤ ᠪᠣᠯᠣᠨ᠎ᠠ᠃ ᠲᠡᠢᠨ ᠬᠦ ᠪᠢ ᠲᠠ ᠨᠠᠷ ᠤᠨ ᠡᠰᠡᠷᠭᠦ ᠪᠣᠰᠳᠠᠭ ᠢᠰᠷᠧᠯᠴᠦᠳ ᠦᠨ ᠪᠣᠰᠣᠯᠭ᠎ᠠ ᠶᠢ ᠨᠠᠮᠵᠢᠭᠠᠶ᠎ᠠ》 ᠭᠡᠪᠡ᠃ 6 ᠮᠣᠰᠧ ᠡᠭᠦᠨ ᠢ ᠢᠰᠷᠧᠯᠴᠦᠳ ᠲᠦ ᠬᠡᠯᠡᠭᠰᠡᠨ ᠳᠦ᠂ ᠣᠪᠣᠭ ᠤᠨ ᠤᠳᠤᠷᠢᠳᠤᠭᠴᠢ ᠪᠦᠷᠢ ᠨᠢᠭᠡ ᠨᠢᠭᠡ ᠶᠢ᠂ ᠨᠡᠢᠲᠡ ᠠᠷᠪᠠᠨ ᠬᠣᠶᠠᠷ ᠲᠠᠶᠠᠭ ᠢ ᠲᠡᠭᠦᠨ ᠳᠦ ᠥᠭᠭᠥᠭᠰᠡᠨ ᠪᠠᠢᠨ᠎ᠠ᠃ ᠲᠠᠶᠠᠭ ᠤᠳ ᠤᠨ ᠬᠢᠨᠢ ᠳᠤᠮᠳᠠ ᠠᠷᠣᠨ ᠤ ᠲᠠᠶᠠᠭ ᠴᠤ ᠪᠠᠢᠪᠠ᠃ 7 ᠮᠣᠰᠧ ᠲᠠᠶᠠᠭ ᠤᠳ ᠢ ᠭᠡᠷᠡᠴᠢᠯᠡᠯ ᠦᠨ ᠴᠠᠴᠠᠷ ᠤᠨ ᠳᠣᠲᠣᠷ᠎ᠠ ᠶᠣᠬᠣᠸᠠ ᠶᠢᠨ ᠡᠮᠦᠨ᠎ᠡ ᠲᠠᠯᠪᠢᠭᠰᠠᠨ ᠪᠠᠢᠨ᠎ᠠ᠃

8 ᠳᠠᠷᠠᠭ᠎ᠠ ᠡᠳᠦᠷ ᠨᠢ ᠮᠣᠰᠧ ᠭᠡᠷᠡᠴᠢᠯᠡᠯ ᠦᠨ ᠴᠠᠴᠠᠷ ᠳᠣᠲᠣᠷ᠎ᠠ ᠣᠷᠣᠭᠠᠳ ᠬᠠᠷᠠᠲᠠᠯ᠎ᠠ ᠯᠧᠸᠢ ᠶᠢᠨ ᠭᠡᠷ ᠦᠨ ᠠᠷᠣᠨ ᠤ ᠲᠠᠶᠠᠭ ᠨᠠᠬᠢᠶᠠᠯᠠᠵᠤ᠂ ᠭᠥᠯᠦᠭᠡᠯᠡᠵᠦ᠂ ᠴᠡᠴᠡᠭ ᠳᠡᠯᠭᠡᠷᠡᠵᠦ ᠪᠤᠢᠯᠠᠰᠤ ᠶᠢᠨ ᠵᠢᠮᠢᠰ ᠰᠠᠭᠤᠭᠰᠠᠨ ᠪᠠᠢᠯ᠎ᠠ︕ 9 ᠮᠣᠰᠧ ᠪᠦᠬᠦ ᠲᠠᠶᠠᠭ ᠢ ᠶᠣᠬᠣᠸᠠ ᠶᠢᠨ ᠣᠷᠣᠰᠢᠬᠤᠢ ᠠᠴᠠ ᠪᠦᠬᠦ ᠢᠰᠷᠧᠯᠴᠦᠳ ᠦᠨ ᠡᠮᠦᠨ᠎ᠡ ᠠᠪᠴᠢᠷᠠᠭᠰᠠᠨ ᠳᠤ᠂ ᠲᠡᠳᠡ ᠬᠠᠷᠠᠭᠠᠳ ᠬᠥᠮᠦᠨ ᠪᠦᠷᠢ ᠲᠠᠶᠠᠭ ᠢᠶᠠᠨ ᠠᠪᠤᠪᠠ᠃ 10 ᠶᠣᠬᠣᠸᠠ ᠮᠣᠰᠧ ᠳᠤ ᠠᠢᠯᠠᠳᠤᠨ᠄ 《ᠴᠢ ᠠᠷᠣᠨ ᠤ ᠲᠠᠶᠠᠭ ᠢ ᠭᠡᠷᠡᠴᠢᠯᠡᠯ ᠦᠨ ᠠᠪᠳᠠᠷ᠎ᠠ ᠶᠢᠨ ᠡᠮᠦᠨ᠎ᠡ ᠪᠤᠴᠠᠭᠠᠨ ᠲᠠᠯᠪᠢᠵᠤ᠂ ᠲᠡᠷᠰᠯᠡᠭᠴᠢᠳ ᠲᠤ ᠲᠡᠮᠳᠡᠭ ᠪᠣᠯᠭᠠᠨ ᠬᠠᠳᠠᠭᠠᠯᠠ᠃ ᠡᠢᠨ ᠬᠦ ᠨᠠᠮᠠᠶᠢ ᠡᠰᠡᠷᠭᠦᠴᠡᠬᠦ ᠲᠡᠳᠡᠨ ᠦ ᠪᠣᠰᠣᠯᠭ᠎ᠠ ᠵᠣᠭᠰᠣᠵᠤ᠂ ᠲᠡᠳᠡ ᠡᠭᠦᠨ ᠢᠶᠡᠷ ᠦᠬᠦᠬᠦ ᠦᠭᠡᠢ ᠪᠣᠯᠣᠨ᠎ᠠ》 ᠭᠡᠪᠡ᠃ 11 ᠮᠣᠰᠧ ᠶᠣᠬᠣᠸᠠ ᠶᠢᠨ ᠥᠪᠡᠷ ᠲᠤᠨᠢ ᠲᠤᠰᠢᠶᠠᠭᠰᠠᠨ ᠶᠣᠰᠣᠭᠠᠷ ᠲᠡᠢᠨ ᠬᠦ ᠦᠢᠯᠡᠳᠪᠡ᠃

12 ᠢᠰᠷᠧᠯᠴᠦᠳ ᠮᠣᠰᠧ ᠳᠤ᠄ 《ᠬᠠᠷᠠ᠂ ᠪᠢᠳᠡ ᠴᠤ ᠰᠦᠢᠷᠡᠬᠦ ᠨᠢ ᠡ᠃ ᠪᠢᠳᠡ ᠪᠦᠭᠦᠳᠡ ᠦᠬᠦᠵᠦ ᠤᠰᠠᠳᠬᠤ ᠪᠣᠯᠣᠯ᠎ᠠ︕ 13 ᠶᠣᠬᠣᠸᠠ ᠶᠢᠨ ᠣᠷᠣᠰᠢᠬᠤᠢ ᠶᠢᠨ ᠴᠠᠴᠠᠷ ᠲᠤ ᠣᠢᠷᠠᠲᠤᠵᠤ ᠣᠴᠢᠭᠰᠠᠨ ᠬᠥᠮᠦᠨ ᠪᠦᠷᠢ ᠦᠬᠦᠴᠢᠭᠡᠳᠡᠭ᠃ ᠪᠢᠳᠡ ᠪᠦᠭᠦᠳᠡ ᠢᠩᠭᠢᠵᠦ ᠰᠦᠢᠷᠡᠬᠦ ᠨᠢ ᠤᠤ︖》 ᠭᠡᠵᠡᠭᠡᠪᠡ᠃