ᠲᠣᠭᠠᠯᠠᠯᠭ᠎ᠠ ᠭᠤᠴᠢᠨ ᠬᠣᠶᠠᠷ
ᠶᠣᠷᠳᠠᠨ ᠤ ᠵᠡᠭᠦᠨ ᠲᠠᠯ᠎ᠠ ᠶᠢᠨ ᠣᠪᠣᠭ ᠤᠳ
1 ᠷᠧᠣᠪᠧᠨᠴᠤᠳ ᠪᠣᠯᠣᠨ ᠭᠠᠳ᠋ᠴᠤᠳ ᠮᠠᠰᠢ ᠣᠯᠠᠨ ᠮᠠᠯ ᠰᠦᠷᠦᠭ ᠲᠡᠢ ᠪᠠᠢᠯ᠎ᠠ᠃ ᠲᠡᠳᠡ ᠬᠠᠷᠠᠬᠤ ᠳᠤ᠂ ᠶᠠᠽᠧᠷ ᠤᠨ ᠨᠤᠲᠤᠭ ᠪᠣᠯᠣᠨ ᠭᠢᠯᠧᠶᠠᠳ᠋ ᠤᠨ ᠨᠤᠲᠤᠭ ᠨᠢ ᠮᠠᠯ ᠰᠦᠷᠦᠭ ᠲᠦ ᠶᠠᠭ ᠰᠠᠢᠬᠠᠨ ᠲᠣᠬᠢᠷᠠᠬᠤ ᠭᠠᠵᠠᠷ ᠪᠠᠢᠪᠠ︕ 2 ᠡᠢᠮᠦ ᠡᠴᠡ ᠲᠡᠳᠡ ᠮᠣᠰᠧ᠂ ᠲᠠᠬᠢᠯᠴᠢ ᠡᠯᠧᠶᠠᠽᠠᠷ ᠪᠣᠯᠣᠨ ᠨᠡᠢᠲᠡ ᠴᠢᠭᠤᠯᠭᠠᠨ ᠤ ᠤᠳᠤᠷᠢᠳᠤᠭᠴᠢᠳ ᠲᠤ ᠣᠴᠢᠨ᠄ 3 《ᠠᠲ᠋ᠠᠷᠣᠲ᠂ ᠳ᠋ᠢᠪᠣᠨ᠂ ᠶᠠᠽᠧᠷ᠂ ᠨᠢᠮᠷᠠ᠂ ᠾᠧᠱᠪᠣᠨ᠂ ᠡᠯᠧᠶᠠᠯᠧ᠂ ᠰᠧᠪᠠᠮ᠂ ᠨᠧᠪᠣ ᠪᠣᠯᠣᠨ ᠪᠧᠶᠣᠨ ᠵᠡᠷᠭᠡ 4 ᠢᠰᠷᠧᠯ ᠤᠨ ᠨᠡᠢᠲᠡ ᠴᠢᠭᠤᠯᠭᠠᠨ ᠤ ᠡᠮᠦᠨ᠎ᠡ ᠶᠣᠬᠣᠸᠠ ᠶᠢᠨ ᠡᠵᠡᠯᠡᠭᠰᠡᠨ ᠨᠤᠲᠤᠭ ᠨᠢ ᠮᠠᠯ ᠰᠦᠷᠦᠭ ᠲᠦ ᠲᠣᠬᠢᠷᠠᠬᠤ ᠨᠤᠲᠤᠭ ᠪᠢᠯᠡ᠃ ᠲᠠᠨ ᠤ ᠵᠠᠷᠤᠴᠠ ᠪᠢᠳᠡ ᠮᠠᠯ ᠰᠦᠷᠦᠭ ᠲᠡᠢ᠂ 5 ᠪᠢᠳᠡ ᠲᠠᠨ ᠤ ᠨᠢᠳᠦᠨ ᠳᠦ ᠲᠠᠭᠠᠯᠠᠭᠳᠠᠭᠰᠠᠨ ᠪᠣᠯ᠂ ᠡᠨᠡ ᠨᠤᠲᠤᠭ ᠢ ᠵᠠᠷᠤᠴᠠ ᠪᠢᠳᠡᠨ ᠳᠡᠭᠡᠨ ᠡᠵᠡᠮᠰᠢᠯ ᠪᠣᠯᠭᠠᠨ ᠥᠭᠭᠥᠨ᠎ᠡ ᠤᠤ︖ ᠪᠢᠳᠡᠨ ᠢ ᠶᠣᠷᠳᠠᠨ ᠭᠣᠣᠯ ᠤᠨ ᠴᠠᠭᠠᠨ᠎ᠠ ᠪᠦᠦ ᠠᠪᠴᠤ ᠶᠠᠪᠤ》 ᠭᠡᠵᠡᠢ᠃
6 ᠮᠣᠰᠧ ᠭᠠᠳ᠋ᠴᠤᠳ ᠪᠣᠯᠣᠨ ᠷᠧᠣᠪᠧᠨᠴᠤᠳ ᠲᠤ᠄ 《ᠠᠬ᠎ᠠ ᠳᠡᠭᠦᠦᠰ ᠴᠢᠨᠢ ᠪᠠᠢᠯᠳᠤᠬᠤ ᠪᠠᠷ ᠶᠠᠪᠤᠬᠤ ᠭᠡᠵᠦ ᠪᠠᠢᠲᠠᠯ᠎ᠠ ᠲᠠ ᠨᠠᠷ ᠡ᠊ᠨᠳᠡ ᠰᠠᠭᠤᠨ᠎ᠠ ᠭᠡᠵᠢ ᠤᠤ︖ 7 ᠲᠠ ᠨᠠᠷ ᠶᠠᠭᠤᠨ ᠳᠤ ᠶᠣᠬᠣᠸᠠ ᠶᠢᠨ ᠥᠭᠭᠥᠭᠰᠡᠨ ᠨᠤᠲᠤᠭ ᠤᠷᠤᠭᠤ ᠭᠠᠲᠤᠯᠤᠨ ᠣᠴᠢᠬᠤ ᠭᠡᠵᠦ ᠪᠤᠢ ᠢᠰᠷᠧᠯᠴᠦᠳ ᠦᠨ ᠵᠢᠷᠦᠬᠡ ᠶᠢ ᠮᠣᠬᠣᠭᠠᠨᠠ ᠪᠤᠢ︖ 8 ᠲᠠᠨ ᠤ ᠡᠴᠢᠭᠡᠴᠦᠦᠯ ᠴᠤ ᠲᠡᠭᠡᠭᠰᠡᠨ᠃ ᠲᠡᠷᠡ ᠭᠠᠵᠠᠷ ᠢ ᠲᠠᠩᠨᠠᠭᠤᠯᠬᠤ ᠪᠠᠷ ᠺᠠᠳᠧᠱ ᠪᠠᠷᠨᠧᠶ᠎ᠠ ᠠᠴᠠ ᠲᠡᠳᠡᠨ ᠢ ᠶᠠᠪᠤᠭᠤᠯᠬᠤ ᠳᠤ᠂ 9 ᠲᠡᠳᠡ ᠡᠱᠺᠣᠯ ᠤᠨ ᠬᠥᠨᠳᠡᠢ ᠬᠦᠷᠲᠡᠯ᠎ᠡ ᠶᠠᠪᠤᠵᠤ ᠲᠡᠷᠡ ᠨᠤᠲᠤᠭ ᠢ ᠦᠵᠡᠭᠰᠡᠨ ᠦ ᠪᠠᠨ ᠳᠠᠷᠠᠭ᠎ᠠ᠂ ᠢᠰᠷᠧᠯᠴᠦᠳ ᠦᠨ ᠵᠢᠷᠦᠬᠡ ᠶᠢ ᠮᠣᠬᠣᠭᠠᠭᠰᠠᠨ ᠢᠶᠠᠷ ᠲᠡᠳᠡ ᠶᠣᠬᠣᠸᠠ ᠶᠢᠨ ᠥᠭᠭᠥᠭᠰᠡᠨ ᠨᠤᠲᠤᠭ ᠲᠤ ᠣᠷᠣᠵᠤ ᠴᠢᠳᠠᠭᠰᠠᠨ ᠦᠭᠡᠢ ᠪᠢᠯᠡ᠃ 10 ᠲᠡᠷᠡ ᠦᠶ᠎ᠡ ᠳᠦ ᠶᠣᠬᠣᠸᠠ ᠠᠭᠤᠷᠯᠠᠵᠤ ᠲᠠᠩ᠋ᠭᠠᠷᠢᠭᠯᠠᠨ᠄ 11 〈ᠨᠠᠮᠠᠶᠢ ᠪᠦᠷᠢᠨ ᠳᠠᠭᠠᠭ᠎ᠠ ᠦᠭᠡᠢ ᠲᠤᠯᠠ ᠶᠧᠵᠢᠫᠲ ᠡᠴᠡ ᠭᠠᠷᠴᠤ ᠢᠷᠡᠭᠰᠡᠨ ᠬᠥᠮᠦᠰ ᠦᠨ ᠳᠣᠲᠣᠷᠠᠬᠢ ᠬᠣᠷᠢ ᠪᠠ ᠲᠡᠭᠦᠨ ᠡᠴᠡ ᠳᠡᠭᠡᠭᠰᠢ ᠨᠠᠰᠤᠨ ᠤ ᠬᠥᠮᠦᠰ ᠮᠢᠨᠦ ᠠᠪᠷᠠᠬᠠᠮ᠂ ᠢᠰᠠᠺ᠂ ᠶᠠᠺᠣᠪ ᠲᠤ ᠠᠮᠠᠯᠠᠭᠰᠠᠨ ᠲᠡᠷᠡ ᠨᠤᠲᠤᠭ ᠢ ᠬᠠᠷᠠᠬᠤ ᠦᠭᠡᠢ᠂ 12 ᠬᠠᠷᠢᠨ ᠺᠧᠨᠢᠽ ᠬᠥᠮᠦᠨ ᠶᠧᠹᠦ᠋ᠨᠧ ᠶᠢᠨ ᠬᠦᠦ ᠺᠠᠯᠧᠪ᠂ ᠨᠦᠨ ᠦ ᠬᠦᠦ ᠶᠣᠱᠦ᠋ᠶ᠎ᠠ ᠯᠠ ᠶᠣᠬᠣᠸᠠ ᠶᠢ ᠪᠦᠷᠢᠨ ᠳᠠᠭᠠᠭᠰᠠᠨ ᠤᠴᠢᠷ ᠠᠴᠠ ᠬᠠᠷᠠᠬᠤ ᠪᠣᠯᠣᠨ᠎ᠠ〉 ᠭᠡᠰᠡᠨ᠃ 13 ᠲᠡᠢᠨ ᠬᠦ ᠶᠣᠬᠣᠸᠠ ᠢᠰᠷᠧᠯ ᠳᠤ ᠠᠭᠤᠷᠯᠠᠵᠤ᠂ ᠥᠪᠡᠷ ᠦᠨ ᠬᠢᠨᠢ ᠮᠡᠯᠮᠡᠢ ᠳᠦ ᠮᠠᠭᠤ ᠶᠢ ᠦᠢᠯᠡᠳᠦᠭᠰᠡᠨ ᠦᠶ᠎ᠡ ᠶᠢᠨ ᠬᠢᠨ ᠪᠦᠭᠦᠳᠡᠭᠡᠷ ᠢᠶᠡᠨ ᠤᠰᠠᠳᠬᠤ ᠬᠦᠷᠲᠡᠯ᠎ᠡ ᠲᠡᠳᠡᠨ ᠢ ᠴᠥᠯ ᠳᠤ ᠳᠥᠴᠢᠨ ᠵᠢᠯ ᠲᠡᠨᠦᠭᠦᠴᠢᠯᠡᠭᠦᠯᠦᠭᠰᠡᠨ ᠶᠤᠮ᠃ 14 ᠣᠳᠣ ᠨᠢᠭᠦᠯᠲᠦ ᠬᠥᠮᠦᠰ ᠦᠨ ᠦᠷ᠎ᠡ ᠤᠳᠤᠮ ᠲᠠ ᠨᠠᠷ ᠡᠴᠢᠭᠡᠴᠦᠦᠯ ᠦᠨ ᠢᠶᠠᠨ ᠬᠣᠢᠨ᠎ᠠ ᠠᠴᠠ ᠣᠷᠣᠭᠰᠠᠨ ᠪᠠᠢᠨ᠎ᠠ︕ ᠡᠢᠨ ᠬᠦ ᠲᠠ ᠨᠠᠷ ᠢᠰᠷᠧᠯ ᠤᠨ ᠡᠰᠡᠷᠭᠦ ᠰᠢᠲᠠᠵᠤ ᠪᠤᠢ ᠶᠣᠬᠣᠸᠠ ᠶᠢᠨ ᠠᠭᠤᠷ ᠬᠢᠯᠢᠩ ᠢ ᠤᠯᠠᠮ ᠶᠡᠬᠡ ᠪᠡᠷ ᠰᠢᠷᠦᠭᠦᠰᠭᠡᠵᠦ ᠪᠠᠢᠨ᠎ᠠ᠃ 15 ᠬᠡᠷᠪᠡ ᠲᠠ ᠨᠠᠷ ᠲᠡᠭᠦᠨ ᠢ ᠳᠠᠭᠠᠬᠤ ᠠᠴᠠ ᠡᠷᠭᠢᠪᠡᠯ᠂ ᠲᠡᠷᠡ ᠳᠠᠬᠢᠨ ᠡᠨᠡ ᠪᠦᠬᠦ ᠠᠷᠠᠳ ᠲᠦᠮᠡᠨ ᠢ ᠴᠥᠯ ᠳᠤ ᠬᠠᠶᠠᠬᠤ ᠪᠥᠭᠡᠳ ᠲᠡᠳᠡ ᠪᠦᠭᠦᠳᠡ ᠲᠠ ᠨᠠᠷ ᠤᠨ ᠤᠯᠠᠮ ᠢᠶᠠᠷ ᠤᠰᠠᠳᠬᠤ ᠪᠣᠯᠣᠨ᠎ᠠ》 ᠭᠡᠯᠡ᠃
16 ᠲᠡᠳᠡ ᠮᠣᠰᠧ ᠤᠷᠤᠭᠤ ᠳᠥᠭᠥᠨ ᠢᠷᠡᠵᠦ᠄ 《ᠪᠢᠳᠡ ᠡ᠊ᠨᠳᠡ ᠵᠥᠪᠬᠡᠨ ᠮᠠᠯ ᠰᠦᠷᠦᠭ ᠲᠡᠭᠡᠨ ᠬᠠᠰᠢᠶ᠎ᠠ ᠪᠠᠷᠢᠵᠤ᠂ ᠪᠠᠭᠠᠴᠤᠳ ᠲᠠᠭᠠᠨ ᠬᠣᠲᠠ ᠪᠣᠰᠬᠠᠨ᠎ᠠ᠃ 17 ᠡᠭᠦᠨ ᠦ ᠳᠠᠷᠠᠭ᠎ᠠ ᠪᠢᠳᠡ ᠵᠡᠪᠰᠡᠭᠯᠡᠵᠦ᠂ ᠢᠰᠷᠧᠯᠴᠦᠳ ᠦᠨ ᠲᠦᠷᠦᠭᠦᠨ ᠳᠦ ᠶᠠᠪᠤᠬᠤ ᠳᠤ ᠪᠡᠯᠡᠨ ᠪᠠᠢᠬᠤ ᠪᠣᠯᠣᠨ᠎ᠠ᠃ ᠬᠠᠷᠢᠨ ᠪᠢᠳᠡ ᠢᠰᠷᠧᠯᠴᠦᠳ ᠢ ᠰᠠᠭᠤᠬᠤ ᠭᠠᠵᠠᠷ ᠲᠤᠨᠢ ᠠᠪᠠᠴᠢᠬᠤ ᠬᠦᠷᠲᠡᠯ᠎ᠡ᠂ ᠡᠨᠡ ᠨᠤᠲᠤᠭ ᠤᠨ ᠤᠤᠭᠠᠯᠢ ᠬᠥᠮᠦᠰ ᠦᠨ ᠳᠤᠮᠳᠠ ᠮᠠᠨ ᠤ ᠪᠠᠭᠠᠴᠤᠳ ᠪᠡᠬᠢᠯᠡᠭᠳᠡᠭᠰᠡᠨ ᠬᠣᠲᠠ ᠶᠢᠨ ᠳᠣᠲᠣᠷ᠎ᠠ ᠰᠠᠭᠤᠬᠤ ᠪᠣᠯᠣᠨ᠎ᠠ᠃ 18 ᠢᠰᠷᠧᠯ ᠤᠨ ᠬᠥᠮᠦᠨ ᠪᠦᠷᠢ ᠥᠪ ᠢᠶᠡᠨ ᠡᠵᠡᠮᠰᠢᠲᠡᠯᠡ ᠪᠢᠳᠡ ᠭᠡᠷ ᠣᠷᠣᠨ ᠤᠷᠤᠭᠤ ᠪᠠᠨ ᠪᠤᠴᠠᠬᠤ ᠴᠤ ᠦᠭᠡᠢ᠂ 19 ᠶᠣᠷᠳᠠᠨ ᠤ ᠨᠥᠭᠥᠭᠡ ᠲᠠᠯ᠎ᠠ ᠳᠤ ᠲᠡᠳᠡᠨ ᠲᠡᠢ ᠬᠠᠮᠲᠤ ᠥᠪ ᠡᠵᠡᠮᠰᠢᠬᠦ ᠴᠤ ᠦᠭᠡᠢ᠃ ᠤᠴᠢᠷ ᠨᠢ ᠪᠢᠳᠡᠨ ᠳᠦ ᠨᠣᠭᠳᠠᠭᠰᠠᠨ ᠥᠪ ᠶᠣᠷᠳᠠᠨ ᠤ ᠨᠠᠭᠠᠳᠤ ᠲᠠᠯ᠎ᠠ᠂ ᠨᠠᠷᠠ ᠮᠠᠨᠳᠤᠬᠤ ᠳᠣᠷᠣᠨ᠎ᠠ ᠵᠦᠭ ᠲᠦ ᠪᠠᠢᠬᠤ ᠶᠤᠮ》 ᠭᠡᠯᠡ᠃
20 ᠮᠣᠰᠧ ᠲᠡᠳᠡᠨ ᠳᠦ᠄ 《ᠬᠡᠷᠪᠡ ᠲᠠ ᠨᠠᠷ ᠲᠡᠢᠨ ᠬᠦ ᠦᠢᠯᠡᠳᠦᠨ᠂ ᠳᠠᠢᠨ ᠳᠤ ᠶᠠᠪᠤᠬᠤ ᠪᠠᠷ ᠶᠣᠬᠣᠸᠠ ᠶᠢᠨ ᠡᠮᠦᠨ᠎ᠡ ᠵᠡᠪᠰᠡᠭᠯᠡᠵᠦ᠂ 21 ᠲᠠᠨ ᠤ ᠵᠡᠪᠰᠡᠭᠯᠡᠭᠰᠡᠨ ᠬᠥᠮᠦᠨ ᠪᠦᠬᠦᠨ ᠶᠣᠬᠣᠸᠠ ᠶᠢᠨ ᠡᠮᠦᠨ᠎ᠡ ᠶᠣᠷᠳᠠᠨ ᠢ ᠭᠠᠲᠤᠯᠤᠨ ᠶᠠᠪᠤᠵᠤ᠂ ᠶᠣᠬᠣᠸᠠ ᠳᠠᠢᠰᠤᠨ ᠨᠤᠭᠤᠳ ᠢᠶᠠᠨ ᠡᠮᠦᠨ᠎ᠡ ᠡᠴᠡ ᠪᠡᠨ ᠬᠥᠭᠡᠭᠡᠨ ᠵᠠᠢᠯᠠᠭᠤᠯᠬᠤ ᠬᠦᠷᠲᠡᠯ᠎ᠡ᠂ 22 ᠶᠣᠬᠣᠸᠠ ᠳᠤ ᠲᠡᠷᠡ ᠨᠤᠲᠤᠭ ᠵᠠᠬᠢᠷᠤᠭᠳᠠᠬᠤ ᠬᠦᠷᠲᠡᠯ᠎ᠡ ᠳᠠᠢᠲᠤᠪᠠᠯ᠂ ᠲᠠ ᠨᠠᠷ ᠶᠣᠬᠣᠸᠠ ᠶᠢᠨ ᠡᠮᠦᠨ᠎ᠡ ᠴᠤ᠂ ᠢᠰᠷᠧᠯ ᠤᠨ ᠡᠮᠦᠨ᠎ᠡ ᠴᠤ ᠭᠡᠮ ᠪᠤᠷᠤᠭᠤ ᠦᠭᠡᠢ ᠪᠠᠷ ᠪᠤᠴᠠᠵᠤ ᠢᠷᠡᠬᠦ ᠪᠥᠭᠡᠳ ᠡᠨᠡ ᠨᠤᠲᠤᠭ ᠴᠤ ᠶᠣᠬᠣᠸᠠ ᠶᠢᠨ ᠡᠮᠦᠨ᠎ᠡ ᠲᠠ ᠨᠠᠷ ᠤᠨ ᠡᠵᠡᠮᠰᠢᠯ ᠪᠣᠯᠣᠨ᠎ᠠ᠃ 23 ᠭᠡᠪᠡᠴᠦ ᠲᠠ ᠨᠠᠷ ᠢᠩᠭᠢᠬᠦ ᠦᠭᠡᠢ ᠪᠣᠯ ᠶᠣᠬᠣᠸᠠ ᠶᠢᠨ ᠡᠮᠦᠨ᠎ᠡ ᠨᠢᠭᠦᠯ ᠦᠢᠯᠡᠳᠦᠭᠰᠡᠨ ᠪᠣᠯᠬᠤ ᠪᠥᠭᠡᠳ ᠨᠢᠭᠦᠯ ᠴᠢᠨᠢ ᠲᠠ ᠨᠠᠷ ᠢ ᠣᠯᠵᠤ ᠠᠪᠤᠨ᠎ᠠ ᠭᠡᠳᠡᠭ ᠢ ᠮᠡᠳᠡᠲᠦᠭᠡᠢ᠃ 24 ᠲᠠ ᠨᠠᠷ ᠪᠠᠭᠠᠴᠤᠳ ᠲᠠᠭᠠᠨ ᠬᠣᠲᠠ ᠪᠣᠰᠬᠠᠵᠤ᠂ ᠮᠠᠯ ᠰᠦᠷᠦᠭ ᠲᠡᠭᠡᠨ ᠬᠠᠰᠢᠶ᠎ᠠ ᠪᠠᠷᠢᠵᠤ ᠪᠣᠯᠣᠨ᠎ᠠ᠂ ᠭᠡᠪᠡᠴᠦ ᠠᠮᠠᠯᠠᠭᠰᠠᠨ ᠢᠶᠠᠨ ᠪᠡᠶᠡᠯᠡᠭᠦᠯᠬᠦ ᠶᠣᠰᠣᠲᠠᠢ》 ᠭᠡᠪᠡ᠃
25 ᠭᠠᠳ᠋ᠴᠤᠳ ᠪᠠ ᠷᠧᠣᠪᠧᠨᠴᠤᠳ ᠮᠣᠰᠧ ᠳᠤ ᠬᠠᠷᠢᠭᠤᠯᠤᠨ᠄ 《ᠲᠠᠨ ᠤ ᠵᠠᠷᠤᠴᠠ ᠪᠢᠳᠡ ᠡᠵᠡᠨᠲᠡᠨ ᠲᠠᠨ ᠤ ᠲᠤᠰᠢᠶᠠᠭᠰᠠᠨ ᠶᠣᠰᠣᠭᠠᠷ ᠪᠡᠶᠡᠯᠡᠭᠦᠯᠦᠨ᠎ᠡ᠃ 26 ᠮᠠᠨ ᠤ ᠡᠬᠡᠨᠡᠷ ᠬᠡᠦᠬᠡᠳ᠂ ᠮᠠᠯ ᠰᠦᠷᠦᠭ ᠪᠦᠭᠦᠳᠡᠭᠡᠷ ᠡ᠊ᠨᠳᠡ ᠭᠢᠯᠧᠶᠠᠳ᠋ ᠤᠨ ᠬᠣᠲᠠ ᠨᠤᠭᠤᠳ ᠲᠤ ᠦᠯᠡᠳᠡᠨ᠎ᠡ᠃ 27 ᠬᠠᠷᠢᠨ ᠲᠠᠨ ᠤ ᠵᠠᠷᠤᠴᠠ ᠪᠢᠳᠡ ᠡᠵᠡᠨᠲᠡᠨ ᠲᠠᠨ ᠤ ᠬᠡᠯᠡᠭᠰᠡᠨ ᠶᠣᠰᠣᠭᠠᠷ ᠬᠥᠮᠦᠨ ᠪᠦᠷᠢ ᠳᠠᠢᠨ ᠳᠤ ᠵᠡᠪᠰᠡᠭᠯᠡᠭᠡᠳ ᠭᠠᠲᠤᠯᠤᠨ ᠶᠠᠪᠤᠵᠤ ᠶᠣᠬᠣᠸᠠ ᠶᠢᠨ ᠡᠮᠦᠨ᠎ᠡ ᠳᠠᠢᠲᠤᠶᠠ》 ᠭᠡᠯᠡ᠃
28 ᠡᠢᠮᠦ ᠡᠴᠡ ᠮᠣᠰᠧ ᠲᠡᠳᠡᠨ ᠦ ᠲᠤᠬᠠᠢ ᠲᠠᠬᠢᠯᠴᠢ ᠡᠯᠧᠶᠠᠽᠠᠷ᠂ ᠨᠦᠨ ᠦ ᠬᠦᠦ ᠶᠣᠱᠦ᠋ᠶ᠎ᠠ ᠪᠣᠯᠣᠨ ᠢᠰᠷᠧᠯ ᠤᠨ ᠣᠪᠣᠭ᠂ ᠪᠦᠯᠢ ᠶᠢᠨ ᠤᠳᠤᠷᠢᠳᠤᠭᠴᠢᠳ ᠲᠤ ᠲᠤᠰᠢᠶᠠᠯ ᠭᠠᠷᠭᠠᠪᠠ᠃ 29 ᠮᠣᠰᠧ ᠲᠡᠳᠡᠨ ᠳᠦ᠄ 《ᠭᠠᠳ᠋ᠴᠤᠳ ᠪᠣᠯᠣᠨ ᠷᠧᠣᠪᠧᠨᠴᠤᠳ ᠤᠨ ᠬᠥᠮᠦᠨ ᠪᠦᠷᠢ ᠳᠠᠢᠨ ᠳᠤ ᠵᠡᠪᠰᠡᠭᠯᠡᠨ ᠶᠣᠬᠣᠸᠠ ᠶᠢᠨ ᠡᠮᠦᠨ᠎ᠡ ᠲᠠ ᠨᠠᠷ ᠲᠠᠢ ᠬᠠᠮᠲᠤ ᠶᠣᠷᠳᠠᠨ ᠢ ᠭᠠᠲᠤᠯᠤᠭᠠᠳ ᠲᠡᠷᠡ ᠨᠤᠲᠤᠭ ᠲᠠ ᠨᠠᠷ ᠲᠤ ᠵᠠᠬᠢᠷᠤᠭᠳᠠᠪᠠᠯ᠂ ᠲᠠ ᠨᠠᠷ ᠲᠡᠳᠡᠨ ᠳᠦ ᠭᠢᠯᠧᠶᠠᠳ᠋ ᠤᠨ ᠨᠤᠲᠤᠭ ᠢ ᠡᠵᠡᠮᠰᠢᠯ ᠪᠣᠯᠭᠠᠨ ᠥᠭᠭᠥᠭᠡᠷᠡᠢ᠃ 30 ᠬᠡᠷᠪᠡ ᠲᠡᠳᠡ ᠵᠡᠪᠰᠡᠭᠯᠡᠨ ᠲᠠ ᠨᠠᠷ ᠲᠠᠢ ᠬᠠᠮᠲᠤ ᠭᠠᠲᠤᠯᠬᠤ ᠦᠭᠡᠢ ᠪᠣᠯ᠂ ᠲᠡᠳᠡ ᠺᠠᠨᠠᠨ ᠨᠤᠲᠤᠭ ᠲᠤ ᠲᠠ ᠨᠠᠷ ᠲᠠᠢ ᠬᠠᠮᠲᠤ ᠥᠪ ᠢᠶᠡᠨ ᠬᠦᠷᠲᠡᠬᠦ ᠪᠣᠯᠣᠨ᠎ᠠ》 ᠭᠡᠪᠡ᠃ 31 ᠭᠠᠳ᠋ᠴᠤᠳ ᠪᠣᠯᠣᠨ ᠷᠧᠣᠪᠧᠨᠴᠤᠳ ᠬᠠᠷᠢᠭᠤᠯᠤᠨ᠄ 《ᠲᠠᠨ ᠤ ᠵᠠᠷᠤᠴᠠ ᠪᠢᠳᠡ ᠶᠣᠬᠣᠸᠠ ᠶᠢᠨ ᠠᠢᠯᠠᠳᠤᠭᠰᠠᠨ ᠶᠣᠰᠣᠭᠠᠷ ᠲᠡᠢᠨ ᠬᠦ ᠦᠢᠯᠡᠳᠬᠦ ᠪᠣᠯᠣᠨ᠎ᠠ᠃ 32 ᠪᠢᠳᠡ ᠵᠡᠪᠰᠡᠭᠯᠡᠭᠡᠳ ᠶᠣᠬᠣᠸᠠ ᠶᠢᠨ ᠡᠮᠦᠨ᠎ᠡ ᠺᠠᠨᠠᠨ ᠨᠤᠲᠤᠭ ᠤᠷᠤᠭᠤ ᠭᠠᠲᠤᠯᠤᠨ ᠣᠴᠢᠬᠤ ᠪᠣᠯᠣᠨ᠎ᠠ᠃ ᠭᠡᠪᠡᠴᠦ ᠪᠢᠳᠡᠨ ᠦ ᠡᠵᠡᠮᠰᠢᠬᠦ ᠥᠪ ᠶᠣᠷᠳᠠᠨ ᠤ ᠨᠠᠭᠠᠳᠤ ᠲᠠᠯ᠎ᠠ ᠳᠤ ᠬᠡᠪ ᠢᠶᠡᠷ ᠢᠶᠠᠨ ᠪᠠᠢᠬᠤ ᠪᠣᠯᠣᠨ᠎ᠠ》 ᠭᠡᠵᠡᠭᠡᠯ᠎ᠡ᠃
33 ᠢᠩᠭᠢᠭᠡᠳ ᠮᠣᠰᠧ ᠭᠠᠳ᠋ᠴᠤᠳ᠂ ᠷᠧᠣᠪᠧᠨᠴᠤᠳ ᠪᠣᠯᠣᠨ ᠶᠣᠰᠧᠹ ᠤᠨ ᠬᠦᠦ ᠮᠠᠨᠠᠰᠧ ᠶᠢᠨ ᠣᠪᠣᠭ ᠤᠨ ᠬᠠᠭᠠᠰ ᠲᠤ ᠠᠮᠣᠷᠢᠴᠤᠳ ᠤᠨ ᠬᠠᠭᠠᠨ ᠰᠢᠬᠣᠨ ᠤ ᠬᠠᠭᠠᠨᠴᠢᠯᠠᠯ᠂ ᠮᠥᠨ ᠪᠠᠱᠠᠨ ᠤ ᠬᠠᠭᠠᠨ ᠣᠭ ᠤᠨ ᠬᠠᠭᠠᠨᠴᠢᠯᠠᠯ ᠤᠨ ᠪᠦᠬᠦ ᠨᠤᠲᠤᠭ ᠳᠡᠪᠢᠰᠬᠡᠷ ᠳᠣᠲᠣᠷᠠᠬᠢ ᠬᠣᠲᠠ ᠨᠤᠭᠤᠳ ᠢ ᠬᠣᠲᠠ ᠶᠢᠨ ᠡᠷᠭᠢᠨ ᠲᠣᠭᠣᠷᠢᠨ ᠤ ᠬᠢᠨᠢ ᠭᠠᠵᠠᠷ ᠲᠠᠢ ᠬᠠᠮᠲᠤ ᠥᠭᠴᠡᠢ᠃ 34 ᠭᠠᠳ᠋ᠴᠤᠳ ᠤᠨ ᠪᠣᠰᠬᠠᠭᠰᠠᠨ ᠬᠣᠲᠠ ᠨᠤᠭᠤᠳ ᠨᠢ ᠳ᠋ᠢᠪᠣᠨ᠂ ᠠᠲ᠋ᠠᠷᠣᠲ᠂ ᠠᠷᠣᠶᠧᠷ᠂ 35 ᠠᠲ᠋ᠷᠣᠲ ᠱᠣᠹᠠᠨ᠂ ᠶᠠᠽᠧᠷ᠂ ᠶᠣᠭᠪᠧᠬᠠ᠂ 36 ᠪᠧᠲ ᠨᠢᠮᠷᠠ᠂ ᠪᠧᠲ ᠾᠠᠷᠠᠨ ᠵᠡᠷᠭᠡ ᠪᠡᠬᠢᠯᠡᠯᠲᠡᠲᠦ ᠬᠣᠲᠠ ᠨᠤᠭᠤᠳ ᠶᠤᠮ᠃ ᠲᠡᠳᠡ ᠮᠠᠯ ᠰᠦᠷᠦᠭ ᠲᠡᠭᠡᠨ ᠴᠤ ᠬᠠᠰᠢᠶ᠎ᠠ ᠪᠠᠷᠢᠪᠠ᠃ 37 ᠷᠧᠣᠪᠧᠨᠴᠤᠳ ᠤᠨ ᠪᠣᠰᠬᠠᠭᠰᠠᠨ ᠬᠣᠲᠠ ᠨᠤᠭᠤᠳ ᠨᠢ ᠾᠧᠱᠪᠣᠨ᠂ ᠡᠯᠧᠶᠠᠯᠧ᠂ ᠺᠢᠷᠢᠶᠠᠲ᠋ᠠᠢᠮ᠂ 38 ᠨᠧᠪᠣ᠂ ᠪᠠᠯ ᠮᠧᠶᠣᠨ᠂ ᠰᠢᠪᠮᠠ ᠵᠡᠷᠭᠡ ᠶᠤᠮ᠃ ᠬᠣᠵᠢᠮ ᠨᠢ ᠲᠡᠳᠡ ᠡᠳᠡᠭᠡᠷ ᠬᠣᠲᠠ ᠶᠢ ᠪᠣᠰᠬᠠᠭᠰᠠᠨ ᠤ ᠳᠠᠷᠠᠭ᠎ᠠ᠂ ᠰᠢᠨ᠎ᠡ ᠨᠡᠷ᠎ᠡ ᠥᠭᠭᠥᠭᠰᠡᠨ ᠤᠴᠢᠷ ᠠᠴᠠ ᠬᠣᠲᠠ ᠶᠢᠨ ᠨᠡᠷᠡᠰ ᠥᠭᠡᠷᠡᠴᠢᠯᠡᠭᠳᠡᠭᠰᠡᠨ ᠪᠠᠢᠨ᠎ᠠ᠃ 39 ᠮᠠᠨᠠᠰᠧ ᠶᠢᠨ ᠬᠦᠦ ᠮᠠᠺᠢᠷ ᠤᠨ ᠦᠷ᠎ᠡ ᠤᠳᠤᠮ ᠭᠢᠯᠧᠶᠠᠳ᠋ ᠤᠷᠤᠭᠤ ᠶᠠᠪᠤᠵᠤ᠂ ᠲᠡᠭᠦᠨ ᠢ ᠡᠵᠡᠯᠡᠨ᠂ ᠲᠡᠨᠳᠡ ᠪᠠᠢᠭᠰᠠᠨ ᠠᠮᠣᠷᠢᠴᠤᠳ ᠢ ᠬᠥᠭᠡᠭᠡᠨ ᠵᠠᠢᠯᠠᠭᠤᠯᠪᠠ᠃ 40 ᠡᠢᠮᠦ ᠡᠴᠡ ᠮᠣᠰᠧ ᠮᠠᠨᠠᠰᠧ ᠶᠢᠨ ᠦᠷ᠎ᠡ ᠤᠳᠤᠮ ᠮᠠᠺᠢᠷᠴᠤᠳ ᠲᠤ ᠭᠢᠯᠧᠶᠠᠳ᠋ ᠢ ᠥᠭᠭᠥᠭᠰᠡᠨ ᠳᠦ᠂ ᠲᠡᠳᠡ ᠲᠡᠨᠳᠡ ᠰᠠᠭᠤᠷᠢᠰᠢᠪᠠ᠃ 41 ᠮᠠᠨᠠᠰᠧ ᠶᠢᠨ ᠤᠳᠤᠮ ᠶᠠᠢᠷ ᠴᠤ ᠶᠠᠪᠤᠭᠠᠳ ᠲᠡᠨᠳᠡᠬᠢ ᠶᠢᠨ ᠲᠣᠰᠬᠣᠳ ᠢ ᠡᠵᠡᠯᠡᠨ᠂ ᠲᠡᠳᠡᠭᠡᠷ ᠢ ᠬᠠᠸᠣᠲ ᠶᠠᠢᠷ 89 ᠭᠡᠵᠦ ᠨᠡᠷᠡᠯᠡᠪᠡ᠃ 42 ᠮᠥᠨ ᠨᠣᠪᠠ ᠴᠤ ᠶᠠᠪᠤᠵᠤ᠂ ᠺᠧᠨᠠᠲ ᠪᠣᠯᠣᠨ ᠲᠡᠭᠦᠨ ᠦ ᠡᠷᠭᠢᠨ ᠲᠣᠭᠣᠷᠢᠨ ᠳᠠᠬᠢ ᠲᠣᠰᠬᠣᠳ ᠢ ᠡᠵᠡᠯᠡᠭᠡᠳ ᠥᠪᠡᠷ ᠦᠨ ᠢᠶᠠᠨ ᠨᠡᠷ᠎ᠡ ᠪᠡᠷ ᠨᠣᠪᠠ ᠭᠡᠵᠦ ᠨᠡᠷᠡᠯᠡᠭᠰᠡᠨ ᠪᠠᠢᠨ᠎ᠠ᠃