1 2 3 4 5 6 7 8 9 10 11 12 13 14 15 16 17 18 19 20 21 22 23 24 25 26 27 28 29 30 31 32 33 34 35 36


ᠲᠣᠭᠠᠯᠠᠯᠭ᠎ᠠ ᠠᠷᠪᠠᠨ ᠲᠠᠪᠤ
 ᠨᠡᠮᠡᠯᠲᠡ ᠡᠷᠭᠦᠯ ᠤᠳ

1 ᠶᠣᠬᠣᠸᠠ ᠮᠣᠰᠧ ᠳᠤ ᠠᠢᠯᠠᠳᠤᠨ᠄ 2 《ᠢᠰᠷᠧᠯᠴᠦᠳ ᠲᠦ ᠵᠠᠬᠢ᠄ ᠮᠢᠨᠦ ᠲᠠ ᠨᠠᠷ ᠢ ᠠᠮᠢᠳᠤᠷᠠᠭᠤᠯᠬᠤ ᠪᠠᠷ ᠥᠭᠬᠦ ᠲᠡᠷᠡ ᠨᠤᠲᠤᠭ ᠲᠤ ᠲᠠ ᠨᠠᠷ ᠣᠷᠣᠭᠠᠳ 3 ᠰᠢᠲᠠᠭᠠᠯᠭᠠᠲᠤ ᠡᠷᠭᠦᠯ ᠪᠤᠶᠤ ᠲᠠᠬᠢᠯ ᠤᠨ ᠬᠤᠪᠢ ᠪᠠᠷ᠂ ᠠᠮᠠᠨ ᠥᠴᠢᠭ ᠢᠶᠠᠨ ᠪᠡᠶᠡᠯᠡᠭᠦᠯᠬᠦ᠂ ᠡᠰᠡᠪᠡᠯ ᠰᠠᠢᠨ ᠳᠤᠷ᠎ᠠ ᠶᠢᠨ ᠡᠷᠭᠦᠯ ᠪᠣᠯᠭᠠᠬᠤ᠂ ᠡᠰᠡᠪᠡᠯ ᠲᠣᠭᠲᠠᠭᠰᠠᠨ ᠪᠠᠶᠠᠷ ᠤᠳ ᠲᠠᠭᠠᠨ ᠡᠷᠭᠦᠬᠦ ᠭᠡᠵᠦ ᠦᠬᠡᠷ ᠦᠨ ᠰᠦᠷᠦᠭ᠂ ᠡᠰᠡᠪᠡᠯ ᠬᠣᠨᠢᠨ ᠰᠦᠷᠦᠭ ᠡᠴᠡ ᠲᠠᠬᠢᠯ ᠠᠪᠴᠤ ᠶᠣᠬᠣᠸᠠ ᠳᠤ ᠲᠠᠭᠠᠯᠠᠭᠳᠠᠬᠤ ᠠᠩᠬᠢᠯᠤᠭᠤᠨ ᠦᠨᠦᠷ ᠪᠣᠯᠭᠠᠨ ᠭᠠᠯ ᠤᠨ ᠲᠠᠬᠢᠯ ᠡᠷᠭᠦᠬᠦ ᠲᠣᠬᠢᠶᠠᠯᠳᠤᠯ ᠳᠤ᠂ 4 ᠶᠣᠬᠣᠸᠠ ᠳᠤ ᠡᠷᠭᠦᠯ ᠡᠷᠭᠦᠬᠦ ᠬᠥᠮᠦᠨ ᠨᠢ ᠾᠢᠨ ᠤ ᠳᠥᠷᠪᠡᠨ ᠦ ᠨᠢᠭᠡ 53  ᠶᠢᠨ ᠲᠣᠰᠣ ᠲᠠᠢ ᠪᠠᠭᠰᠤᠷᠠᠭᠰᠠᠨ ᠡᠹᠠ ᠶᠢᠨ ᠠᠷᠪᠠᠨ ᠤ ᠨᠢᠭᠡ 54  ᠶᠢᠨ ᠨᠠᠷᠢᠯᠢᠭ᠋ ᠭᠤᠯᠢᠷ ᠤᠨ ᠢᠳᠡᠭᠡᠨ ᠡᠷᠭᠦᠯ ᠢ ᠠᠪᠴᠢᠷᠠᠬᠤ ᠶᠣᠰᠣᠲᠠᠢ᠃ 5 ᠰᠢᠲᠠᠭᠠᠯᠭᠠᠲᠤ ᠡᠷᠭᠦᠯ ᠪᠤᠶᠤ ᠲᠠᠬᠢᠯ ᠳᠤ᠂ ᠨᠢᠭᠡ ᠬᠤᠷᠠᠭ᠎ᠠ ᠡᠷᠭᠦᠬᠦ ᠭᠡᠪᠡᠯ᠂ ᠾᠢᠨ ᠤ ᠳᠥᠷᠪᠡᠨ ᠦ ᠨᠢᠭᠡ 55  ᠶᠢᠨ ᠦᠵᠦᠮ ᠦᠨ ᠳᠠᠷᠠᠰᠤᠨ ᠤ ᠤᠮᠳᠠᠭᠠᠨ ᠡᠷᠭᠦᠯ ᠪᠡᠯᠡᠳᠬᠡᠬᠦ ᠶᠣᠰᠣᠲᠠᠢ᠂ 6 ᠨᠢᠭᠡ ᠬᠤᠴᠠ ᠡᠷᠭᠦᠬᠦ ᠭᠡᠪᠡᠯ᠂ ᠾᠢᠨ ᠤ ᠭᠤᠷᠪᠠᠨ ᠤ ᠨᠢᠭᠡ 56  ᠶᠢᠨ ᠲᠣᠰᠣ ᠲᠠᠢ ᠪᠠᠭᠰᠤᠷᠠᠭᠰᠠᠨ ᠡᠹᠠ ᠶᠢᠨ ᠠᠷᠪᠠᠨ ᠤ ᠬᠣᠶᠠᠷ 57  ᠤᠨ ᠨᠠᠷᠢᠯᠢᠭ᠋ ᠭᠤᠯᠢᠷ ᠤᠨ ᠢᠳᠡᠭᠡᠨ ᠲᠠᠬᠢᠯ᠂ 7 ᠾᠢᠨ ᠤ ᠭᠤᠷᠪᠠᠨ ᠤ ᠨᠢᠭᠡ 58  ᠶᠢᠨ ᠦᠵᠦᠮ ᠦᠨ ᠳᠠᠷᠠᠰᠤᠨ ᠤ ᠤᠮᠳᠠᠭᠠᠨ ᠲᠠᠬᠢᠯ ᠢ ᠪᠡᠯᠡᠳᠬᠡᠵᠦ ᠶᠣᠬᠣᠸᠠ ᠳᠤ ᠲᠠᠭᠠᠯᠠᠭᠳᠠᠬᠤ ᠠᠩᠬᠢᠯᠤᠭᠤᠨ ᠦᠨᠦᠷ ᠪᠣᠯᠭᠠᠨ ᠡᠷᠭᠦᠭᠲᠦᠨ᠃ 8 ᠲᠠᠩ᠋ᠭᠠᠷᠢᠭ ᠢᠶᠠᠨ ᠪᠡᠶᠡᠯᠡᠭᠦᠯᠬᠦ ᠪᠡᠷ᠂ ᠡᠰᠡᠪᠡᠯ ᠶᠣᠬᠣᠸᠠ ᠳᠤ ᠡᠪ ᠦᠨ ᠲᠠᠬᠢᠯ ᠡᠷᠭᠦᠬᠦ ᠪᠡᠷ ᠰᠢᠲᠠᠭᠠᠯᠭᠠᠲᠤ ᠡᠷᠭᠦᠯ ᠪᠤᠶᠤ ᠲᠠᠬᠢᠯ ᠳᠠᠭᠠᠨ ᠵᠠᠯᠠᠭᠤ ᠪᠤᠬ᠎ᠠ ᠡᠷᠭᠦᠬᠦ ᠭᠡᠪᠡᠯ᠂ 9 ᠵᠠᠯᠠᠭᠤ ᠪᠤᠬ᠎ᠠ ᠲᠠᠢ ᠬᠠᠮᠲᠤ ᠬᠠᠭᠠᠰ ᠾᠢᠨ 59 ᠲᠣᠰᠣ ᠲᠠᠢ ᠪᠠᠭᠰᠤᠷᠠᠭᠰᠠᠨ ᠡᠹᠠ ᠶᠢᠨ ᠠᠷᠪᠠᠨ ᠤ ᠭᠤᠷᠪᠠ 60  ᠶᠢᠨ ᠨᠠᠷᠢᠯᠢᠭ᠋ ᠭᠤᠯᠢᠷ ᠤᠨ ᠢᠳᠡᠭᠡᠨ ᠲᠠᠬᠢᠯ ᠢ 10 ᠬᠠᠭᠠᠰ ᠾᠢᠨ ᠦᠵᠦᠮ ᠦᠨ ᠳᠠᠷᠠᠰᠤ ᠶᠢᠨ ᠤᠮᠳᠠᠭᠠᠨ ᠲᠠᠬᠢᠯ 61  ᠲᠠᠢ ᠬᠠᠮᠲᠤ ᠡᠷᠭᠦ᠃ ᠡᠨᠡ ᠨᠢ ᠶᠣᠬᠣᠸᠠ ᠳᠤ ᠲᠠᠭᠠᠯᠠᠭᠳᠠᠬᠤ ᠠᠩᠬᠢᠯᠤᠭᠤᠨ ᠦᠨᠦᠷ᠂ ᠭᠠᠯ ᠤᠨ ᠡᠷᠭᠦᠯ ᠶᠤᠮ᠃

11 ᠦᠬᠡᠷ᠂ ᠬᠤᠴᠠ᠂ ᠬᠤᠷᠠᠭ᠎ᠠ᠂ ᠢᠮᠠᠭ᠎ᠠ ᠵᠡᠷᠭᠡ ᠡᠴᠡ ᠨᠢᠭᠡ ᠶᠢ ᠡᠷᠭᠦᠬᠦ ᠪᠣᠯᠭᠠᠨ ᠳᠤ ᠲᠡᠢᠨ ᠬᠦ ᠬᠢᠬᠦ ᠶᠣᠰᠣᠲᠠᠢ᠃ 12 ᠲᠠᠬᠢᠯ ᠤᠨ ᠲᠣᠭ᠎ᠠ ᠬᠡᠳᠦ ᠪᠠᠢᠭᠰᠠᠨ ᠴᠤ᠂ ᠲᠤᠰ ᠪᠦᠷᠢ ᠳᠦᠨᠢ ᠲᠡᠢᠨ ᠬᠦ ᠬᠢᠬᠦ ᠶᠣᠰᠣᠲᠠᠢ᠃ 13 ᠤᠤᠭᠠᠯ ᠨᠤᠲᠤᠭ ᠤᠨ ᠬᠢᠨ ᠪᠦᠭᠦᠳᠡᠭᠡᠷ ᠶᠣᠬᠣᠸᠠ ᠳᠤ ᠲᠠᠭᠠᠯᠠᠭᠳᠠᠬᠤ ᠠᠩᠬᠢᠯᠤᠭᠤᠨ ᠦᠨᠦᠷ᠂ ᠭᠠᠯ ᠤᠨ ᠲᠠᠬᠢᠯ ᠡᠷᠭᠦᠬᠦ ᠭᠡᠪᠡᠯ᠂ ᠡᠨᠡ ᠪᠦᠬᠦ ᠲᠣᠭᠲᠠᠭᠠᠯ ᠢ ᠳᠠᠭᠠᠬᠤ ᠶᠣᠰᠣᠲᠠᠢ᠃ 14 ᠲᠠ ᠨᠠᠷ ᠲᠠᠢ ᠬᠠᠮᠲᠤ ᠰᠠᠭᠤᠳᠠᠭ ᠬᠠᠷᠢ ᠶᠢᠨ ᠬᠢᠨ᠂ ᠡᠰᠡᠪᠡᠯ ᠦᠶ᠎ᠡ ᠳᠠᠮᠵᠢᠨ ᠲᠠ ᠨᠠᠷ ᠤᠨ ᠳᠤᠮᠳᠠ ᠰᠠᠭᠤᠳᠠᠭ ᠬᠡᠨ ᠨᠢᠭᠡᠨ ᠨᠢ ᠶᠣᠬᠣᠸᠠ ᠳᠤ ᠲᠠᠭᠠᠯᠠᠭᠳᠠᠬᠤ ᠠᠩᠬᠢᠯᠤᠭᠤᠨ ᠦᠨᠦᠷ᠂ ᠭᠠᠯ ᠤᠨ ᠲᠠᠬᠢᠯ ᠡᠷᠭᠦᠬᠦ ᠭᠡᠪᠡᠯ᠂ ᠲᠠ ᠨᠠᠷ ᠤᠨ ᠬᠢᠳᠡᠭ ᠦᠨ ᠶᠣᠰᠣᠭᠠᠷ ᠲᠡᠭᠦᠨᠴᠢᠯᠡᠨ ᠬᠢᠬᠦ ᠤᠴᠢᠷᠲᠠᠢ᠃ 15 ᠴᠢᠭᠤᠯᠭᠠᠨ ᠤ ᠳᠣᠲᠣᠷᠠᠬᠢ ᠲᠠ ᠨᠠᠷ ᠲᠤ ᠴᠤ᠂ ᠲᠠ ᠨᠠᠷ ᠤᠨ ᠳᠤᠮᠳᠠᠬᠢ ᠬᠠᠷᠢ ᠶᠢᠨ ᠬᠢᠨ ᠳᠤ ᠴᠤ ᠦᠶ᠎ᠡ ᠶᠢᠨ ᠦᠶ᠎ᠡ ᠳᠦ ᠮᠥᠩᠬᠡ ᠶᠢᠨ ᠵᠢᠷᠤᠮ ᠪᠣᠯᠬᠤ ᠭᠠᠭᠴᠠᠬᠠᠨ ᠵᠢᠷᠤᠮ ᠪᠠᠢᠬᠤ ᠪᠣᠯᠣᠨ᠎ᠠ᠃ ᠶᠣᠬᠣᠸᠠ ᠶᠢᠨ ᠡᠮᠦᠨ᠎ᠡ ᠲᠠ ᠨᠠᠷ ᠴᠤ᠂ ᠬᠠᠷᠢ ᠶᠢᠨ ᠬᠢᠨ ᠴᠤ ᠠᠳᠠᠯᠢ ᠪᠠᠢᠬᠤ ᠶᠣᠰᠣᠲᠠᠢ᠃ 16 ᠲᠠ ᠨᠠᠷ ᠲᠤ ᠴᠤ᠂ ᠲᠠ ᠨᠠᠷ ᠲᠠᠢ ᠬᠠᠮᠲᠤ ᠰᠠᠭᠤᠵᠤ ᠪᠠᠢᠭ᠎ᠠ ᠬᠠᠷᠢ ᠬᠥᠮᠦᠨ ᠳᠦ ᠴᠤ ᠠᠳᠠᠯᠢᠬᠠᠨ ᠭᠠᠭᠴᠠ ᠬᠠᠤᠯᠢ᠂ ᠭᠠᠭᠴᠠ ᠲᠣᠭᠲᠠᠭᠠᠯ ᠪᠠᠢᠬᠤ ᠶᠣᠰᠣᠲᠠᠢ》 ᠭᠡᠪᠡ᠃

17 ᠶᠣᠬᠣᠸᠠ ᠮᠣᠰᠧ ᠳᠤ ᠠᠢᠯᠠᠳᠤᠨ᠄ 18 《ᠢᠰᠷᠧᠯᠴᠦᠳ ᠲᠦ ᠵᠠᠬᠢ᠄ ᠮᠢᠨᠦ ᠠᠪᠠᠴᠢᠬᠤ ᠨᠤᠲᠤᠭ ᠲᠤ ᠣᠷᠣᠭᠠᠳ 19 ᠲᠡᠷᠡ ᠨᠤᠲᠤᠭ ᠤᠨ ᠢᠳᠡᠭᠡᠨ ᠢ ᠠᠮᠰᠠᠬᠤ ᠦᠶ᠎ᠡ ᠳᠡᠭᠡᠨ ᠲᠠ ᠨᠠᠷ ᠶᠣᠬᠣᠸᠠ ᠳᠤ ᠬᠠᠨᠳᠢᠪ ᠡᠷᠭᠦᠭᠲᠦᠨ᠃ 20 ᠲᠠ ᠨᠠᠷ ᠠᠩ᠋ᠬᠠᠨ ᠤ ᠭᠤᠯᠢᠷ ᠢᠶᠠᠷ ᠢᠶᠠᠨ ᠵᠢᠭᠤᠷᠠᠵᠤ ᠬᠢᠭᠰᠡᠨ ᠪᠣᠣᠪᠣ ᠶᠢ ᠬᠠᠨᠳᠢᠪ ᠪᠣᠯᠭᠠᠨ ᠡᠷᠭᠦ᠂ ᠡᠭᠦᠨ ᠢ ᠦᠲᠦᠷᠮ᠎ᠡ ᠡᠴᠡ ᠠᠪᠤᠭᠰᠠᠨ ᠬᠠᠨᠳᠢᠪ ᠪᠣᠯᠭᠠᠨ ᠡᠷᠭᠦ᠃ 21 ᠲᠠ ᠨᠠᠷ ᠦᠶ᠎ᠡ ᠤᠯᠠᠮᠵᠢᠯᠠᠨ ᠠᠩ᠋ᠬᠠᠨ ᠤ ᠭᠤᠯᠢᠷ ᠠᠴᠠ ᠪᠠᠨ ᠶᠣᠬᠣᠸᠠ ᠳᠤ ᠬᠠᠨᠳᠢᠪ ᠥᠭᠭᠥᠭᠲᠦᠨ᠃
 ᠰᠠᠨᠠᠮᠰᠠᠷ ᠦᠭᠡᠢ ᠨᠢᠭᠦᠯ ᠦᠨ ᠡᠷᠭᠦᠯ ᠤᠳ

22 ᠬᠠᠷᠢᠨ ᠲᠠ ᠨᠠᠷ ᠰᠠᠨᠠᠮᠰᠠᠷ ᠦᠭᠡᠢ ᠭᠡᠮ ᠦᠢᠯᠡᠳᠦᠨ ᠶᠣᠬᠣᠸᠠ ᠶᠢᠨ ᠮᠣᠰᠧ ᠳᠤ ᠠᠢᠯᠠᠳᠤᠭᠰᠠᠨ ᠡᠳᠡᠭᠡᠷ ᠪᠦᠬᠦ ᠲᠤᠰᠢᠶᠠᠯ᠂ 23 ᠲᠤᠬᠠᠢᠯᠠᠪᠠᠯ᠂ ᠶᠣᠬᠣᠸᠠ ᠶᠢᠨ ᠲᠤᠰᠢᠶᠠᠯ ᠢᠶᠠᠨ ᠥᠭᠭᠥᠭᠰᠡᠨ ᠲᠡᠷᠡ ᠡᠳᠦᠷ ᠡᠴᠡ ᠬᠣᠢᠰᠢᠬᠢ ᠦᠶ᠎ᠡ ᠶᠢᠨ ᠦᠶ᠎ᠡ ᠳᠦ ᠮᠣᠰᠧ ᠪᠠᠷ ᠳᠠᠮᠵᠢᠭᠤᠯᠤᠨ ᠶᠣᠬᠣᠸᠠ ᠶᠢᠨ ᠲᠠ ᠨᠠᠷ ᠲᠤ ᠲᠤᠰᠢᠶᠠᠭᠰᠠᠨ ᠪᠦᠬᠦᠨ ᠢ ᠡᠰᠡ ᠰᠠᠬᠢᠭᠰᠠᠨ ᠲᠣᠬᠢᠶᠠᠯᠳᠤᠯ ᠳᠤ᠂ 24 ᠬᠡᠷᠪᠡ ᠨᠡᠢᠲᠡ ᠴᠢᠭᠤᠯᠭᠠᠨ ᠮᠡᠳᠡᠯ ᠦᠭᠡᠢ ᠪᠠᠷ᠂ ᠰᠠᠨᠠᠮᠰᠠᠷ ᠦᠭᠡᠢ ᠪᠠᠷ ᠡᠰᠡ ᠰᠠᠬᠢᠭᠰᠠᠨ ᠪᠣᠯ᠂ ᠨᠡᠢᠲᠡ ᠴᠢᠭᠤᠯᠭᠠᠨ ᠴᠥᠮ ᠢᠶᠡᠷ ᠢᠶᠠᠨ ᠨᠢᠭᠡ ᠵᠠᠯᠠᠭᠤ ᠪᠤᠬ᠎ᠠ ᠶᠢ ᠶᠣᠬᠣᠸᠠ ᠳᠤ ᠲᠠᠭᠠᠯᠠᠭᠳᠠᠬᠤ ᠠᠩᠬᠢᠯᠤᠭᠤᠨ ᠦᠨᠦᠷᠲᠦ ᠰᠢᠲᠠᠭᠠᠯᠭᠠᠲᠤ ᠲᠠᠬᠢᠯ ᠪᠣᠯᠭᠠᠵᠤ᠂ ᠲᠣᠭᠲᠠᠭᠠᠯ ᠶᠣᠰᠣᠭᠠᠷ ᠡᠭᠦᠨ ᠲᠡᠢ ᠬᠠᠮᠲᠤ ᠢᠳᠡᠭᠡᠨ ᠡᠷᠭᠦᠯ᠂ ᠤᠮᠳᠠᠭᠠᠨ ᠡᠷᠭᠦᠯ ᠪᠠ ᠨᠢᠭᠦᠯ ᠦᠨ ᠲᠠᠬᠢᠯ ᠪᠣᠯᠬᠤ ᠨᠢᠭᠡ ᠤᠬᠤᠨ᠎ᠠ ᠶᠢ ᠡᠷᠭᠦᠬᠦ ᠶᠣᠰᠣᠲᠠᠢ᠃ 25 ᠲᠠᠬᠢᠯᠴᠢ ᠲᠡᠢᠨ ᠬᠦ ᠪᠦᠬᠦ ᠢᠰᠷᠧᠯ ᠤᠨ ᠨᠡᠢᠲᠡ ᠴᠢᠭᠤᠯᠭᠠᠨ ᠤ ᠲᠥᠯᠥᠭᠡ ᠭᠡᠮ ᠦᠨ ᠬᠡᠯᠲᠦᠷᠢᠭᠦᠯᠦᠯᠭᠡ ᠶᠢ ᠬᠢᠪᠡᠯ᠂ ᠲᠡᠳᠡ ᠠᠭᠤᠴᠢᠯᠠᠭᠳᠠᠬᠤ ᠪᠣᠯᠣᠨ᠎ᠠ᠃ ᠤᠴᠢᠷ ᠨᠢ ᠲᠡᠳᠡ ᠰᠠᠨᠠᠮᠰᠠᠷ ᠦᠭᠡᠢ ᠭᠡᠮ ᠬᠢᠭᠰᠡᠨ ᠪᠠ ᠰᠠᠨᠠᠮᠰᠠᠷ ᠦᠭᠡᠢ ᠬᠢᠭᠰᠡᠨ ᠭᠡᠮ ᠦᠨ ᠢᠶᠠᠨ ᠲᠥᠯᠥᠭᠡ ᠭᠠᠯ ᠤᠨ ᠲᠠᠬᠢᠯ ᠪᠠ ᠥᠪᠡᠷᠰᠡᠳ ᠦᠨ ᠨᠢᠭᠦᠯ ᠦᠨ ᠲᠠᠬᠢᠯ ᠢ ᠶᠣᠬᠣᠸᠠ ᠳᠤ ᠠᠪᠴᠢᠷᠠᠭᠰᠠᠨ ᠤᠴᠢᠷ ᠠᠴᠠ 26 ᠲᠡᠢᠨ ᠬᠦ ᠰᠠᠨᠠᠮᠰᠠᠷ ᠦᠭᠡᠢ ᠭᠡᠮ ᠬᠢᠭᠰᠡᠨ ᠪᠦᠬᠦ ᠠᠷᠠᠳ ᠲᠦᠮᠡᠨ᠂ ᠢᠰᠷᠧᠯᠴᠦᠳ ᠦᠨ ᠨᠡᠢᠲᠡ ᠴᠢᠭᠤᠯᠭᠠᠨ ᠪᠠ ᠲᠡᠳᠡᠨ ᠦ ᠳᠤᠮᠳᠠ ᠰᠠᠭᠤᠵᠤ ᠪᠤᠢ ᠬᠠᠷᠢ ᠶᠢᠨ ᠬᠢᠨ ᠴᠤ ᠠᠭᠤᠴᠢᠯᠠᠭᠳᠠᠬᠤ ᠪᠣᠯᠣᠨ᠎ᠠ᠃

27 ᠬᠡᠷᠪᠡ ᠬᠥᠮᠦᠨ ᠰᠠᠨᠠᠮᠰᠠᠷ ᠦᠭᠡᠢ ᠨᠢᠭᠦᠯ ᠦᠢᠯᠡᠳᠪᠡᠯ᠂ ᠲᠡᠷᠡ ᠪᠡᠷ ᠨᠢᠭᠦᠯ ᠦᠨ ᠲᠠᠬᠢᠯ ᠳᠤ ᠵᠣᠷᠢᠭᠤᠯᠤᠨ ᠥᠬᠢᠨ ᠢᠰᠢᠭᠡ ᠠᠪᠴᠢᠷᠠᠬᠤ ᠶᠣᠰᠣᠲᠠᠢ᠃ 28 ᠰᠠᠨᠠᠮᠰᠠᠷ ᠦᠭᠡᠢ ᠨᠢᠭᠦᠯ ᠦᠢᠯᠡᠳᠦᠭᠰᠡᠨ ᠭᠡᠮᠲᠡᠨ ᠦ ᠲᠥᠯᠥᠭᠡ ᠲᠠᠬᠢᠯᠴᠢ ᠶᠣᠬᠣᠸᠠ ᠶᠢᠨ ᠡᠮᠦᠨ᠎ᠡ ᠭᠡᠮ ᠦᠨ ᠬᠡᠯᠲᠦᠷᠢᠭᠦᠯᠦᠯᠭᠡ ᠶᠢ ᠬᠢᠬᠦ ᠪᠥᠭᠡᠳ ᠲᠡᠷᠡ ᠬᠥᠮᠦᠨ ᠦ ᠲᠥᠯᠥᠭᠡ ᠭᠡᠮ ᠦᠨ ᠬᠡᠯᠲᠦᠷᠢᠭᠦᠯᠦᠯ ᠢ ᠬᠢᠭᠰᠡᠨ ᠢᠶᠡᠷ ᠲᠡᠷᠡ ᠠᠭᠤᠴᠢᠯᠠᠭᠳᠠᠬᠤ ᠪᠣᠯᠣᠨ᠎ᠠ᠃ 29 ᠰᠠᠨᠠᠮᠰᠠᠷ ᠦᠭᠡᠢ ᠭᠡᠮ ᠦᠢᠯᠡᠳᠦᠭᠴᠢ ᠶᠢᠨ ᠲᠠᠯ᠎ᠠ ᠪᠠᠷ ᠢᠰᠷᠧᠯᠴᠦᠳ ᠦᠨ ᠳᠤᠮᠳᠠᠬᠢ ᠨᠤᠲᠤᠭ ᠤᠨ ᠤᠤᠭᠠᠯ ᠳᠤ ᠴᠤ᠂ ᠲᠡᠳᠡᠨ ᠦ ᠳᠤᠮᠳᠠ ᠰᠠᠭᠤᠵᠤ ᠪᠤᠢ ᠬᠠᠷᠢ ᠶᠢᠨ ᠬᠢᠨ ᠳᠤ ᠭᠠᠭᠴᠠᠬᠠᠨ ᠬᠠᠤᠯᠢ ᠪᠠᠢᠬᠤ ᠶᠣᠰᠣᠲᠠᠢ᠃ 30 ᠭᠡᠪᠡᠴᠦ ᠵᠣᠷᠢᠭᠤᠳᠠ ᠵᠥᠷᠢᠴᠡᠭᠴᠢ ᠶᠢᠨ ᠬᠤᠪᠢ ᠳᠤ᠂ ᠨᠤᠲᠤᠭ ᠤᠨ ᠤᠤᠭᠠᠯ ᠬᠥᠮᠦᠨ ᠴᠤ᠂ ᠬᠠᠷᠢ ᠶᠢᠨ ᠬᠢᠨ ᠴᠤ ᠶᠣᠬᠣᠸᠠ ᠶᠢ ᠳᠣᠷᠣᠮᠵᠢᠯᠠᠭᠰᠠᠨ ᠬᠡᠷᠡᠭ᠃ ᠲᠡᠷᠡ ᠬᠥᠮᠦᠨ ᠠᠷᠠᠳ ᠲᠦᠮᠡᠨ ᠡᠴᠡ ᠪᠡᠨ ᠲᠠᠰᠤᠯᠤᠭᠳᠠᠬᠤ ᠶᠣᠰᠣᠲᠠᠢ᠃ 31 ᠶᠣᠬᠣᠸᠠ ᠶᠢᠨ ᠦᠭᠡ ᠶᠢ ᠪᠠᠰᠤᠮᠵᠢᠯᠠᠨ᠂ ᠲᠡᠭᠦᠨ ᠦ ᠲᠤᠰᠢᠶᠠᠯ ᠢ ᠵᠥᠷᠢᠴᠡᠭᠰᠡᠨ ᠲᠤᠯᠠ ᠲᠡᠷᠡ ᠬᠥᠮᠦᠨ ᠵᠠᠪᠠᠯ ᠲᠠᠰᠤᠯᠤᠭᠳᠠᠬᠤ ᠶᠣᠰᠣᠲᠠᠢ᠃ ᠶᠠᠯ᠎ᠠ ᠰᠢᠳᠬᠡᠯ ᠨᠢ ᠥᠪᠡᠷ ᠳᠡᠭᠡᠷ᠎ᠡ ᠨᠢ ᠪᠠᠭᠤᠬᠤ ᠪᠣᠯᠣᠨ᠎ᠠ》 ᠭᠡᠪᠡ᠃
 ᠠᠮᠠᠷᠠᠯ ᠤᠨ ᠡᠳᠦᠷ ᠢ ᠵᠥᠷᠢᠴᠡᠭᠴᠢ ᠴᠠᠭᠠᠵᠠᠯᠠᠭᠳᠠᠪᠠ

32 ᠢᠰᠷᠧᠯᠴᠦᠳ ᠴᠥᠯ ᠳᠤ ᠪᠠᠢᠬᠤ ᠦᠶ᠎ᠡ ᠳᠡᠭᠡᠨ ᠠᠮᠠᠷᠠᠯ ᠤᠨ ᠡᠳᠦᠷ ᠢᠶᠡᠷ ᠭᠡᠰᠢᠭᠦᠦ ᠲᠡᠭᠦᠵᠦ ᠪᠤᠢ ᠬᠥᠮᠦᠨ ᠢ ᠣᠯᠪᠠ᠃ 33 ᠲᠡᠭᠦᠨ ᠢ ᠭᠡᠰᠢᠭᠦᠦ ᠲᠡᠭᠦᠵᠦ ᠪᠠᠢᠬᠤ ᠳᠤᠨᠢ ᠣᠯᠵᠤ ᠠᠪᠤᠭᠰᠠᠨ ᠬᠥᠮᠦᠰ ᠮᠣᠰᠧ᠂ ᠠᠷᠣᠨ ᠪᠣᠯᠣᠨ ᠨᠡᠢᠲᠡ ᠴᠢᠭᠤᠯᠭᠠᠨ ᠳᠡᠭᠡᠷ᠎ᠡ ᠲᠡᠭᠦᠨ ᠢ ᠠᠪᠴᠢᠷᠠᠵᠠᠢ᠃ 34 ᠲᠡᠷᠡ ᠬᠥᠮᠦᠨ ᠢ ᠶᠠᠭᠠᠬᠢᠬᠤ ᠶᠣᠰᠣᠲᠠᠢ ᠨᠢ ᠮᠡᠳᠡᠭᠳᠡᠭᠡ ᠦᠭᠡᠢ ᠪᠣᠯᠬᠣᠷ ᠲᠡᠳᠡ ᠲᠡᠭᠦᠨ ᠢ ᠬᠣᠷᠢᠭᠰᠠᠨ ᠪᠠᠢᠪᠠ᠃ 35 ᠶᠣᠬᠣᠸᠠ ᠮᠣᠰᠧ ᠳᠤ ᠠᠢᠯᠠᠳᠤᠨ᠄ 《ᠲᠡᠷᠡ ᠬᠥᠮᠦᠨ ᠵᠠᠪᠠᠯ ᠦᠬᠦᠬᠦ ᠶᠣᠰᠣᠲᠠᠢ᠃ ᠨᠡᠢᠲᠡ ᠴᠢᠭᠤᠯᠭᠠᠨ ᠪᠦᠬᠦᠯᠢ ᠳᠡᠭᠡᠨ ᠬᠤᠸᠠᠷᠠᠨ ᠤ ᠭᠠᠳᠠᠨ᠎ᠠ ᠲᠡᠭᠦᠨ ᠤᠷᠤᠭᠤ ᠴᠢᠯᠠᠭᠤ ᠰᠢᠳᠡᠭᠲᠦᠨ》 ᠭᠡᠵᠡᠢ᠃ 36 ᠶᠣᠬᠣᠸᠠ ᠶᠢᠨ ᠮᠣᠰᠧ ᠳᠤ ᠲᠤᠰᠢᠶᠠᠭᠰᠠᠨ ᠶᠣᠰᠣᠭᠠᠷ ᠨᠡᠢᠲᠡ ᠴᠢᠭᠤᠯᠭᠠᠨ ᠲᠡᠭᠦᠨ ᠢ ᠬᠤᠸᠠᠷᠠᠨ ᠠᠴᠠ ᠭᠠᠷᠭᠠᠨ᠂ ᠲᠡᠭᠦᠨ ᠤᠷᠤᠭᠤ ᠴᠢᠯᠠᠭᠤ ᠰᠢᠳᠡᠭᠰᠡᠨ ᠳᠦ᠂ ᠲᠡᠷᠡ ᠦᠬᠦᠵᠡᠢ᠃
 ᠬᠤᠪᠴᠠᠰᠤᠨ ᠤ ᠰᠠᠴᠤᠭ

37 ᠶᠣᠬᠣᠸᠠ ᠮᠣᠰᠧ ᠳᠤ ᠠᠢᠯᠠᠳᠤᠨ᠄ 38 《ᠢᠰᠷᠧᠯᠴᠦᠳ ᠲᠦ ᠵᠠᠬᠢ᠄ ᠲᠠ ᠨᠠᠷ ᠦᠶ᠎ᠡ ᠤᠯᠠᠮᠵᠢᠯᠠᠨ ᠬᠤᠪᠴᠠᠰᠤᠨ ᠤ ᠪᠠᠨ ᠬᠥᠪᠡᠭᠡ ᠪᠡᠷ ᠰᠠᠴᠤᠭ ᠬᠢ᠂ ᠮᠥᠨ ᠥᠨᠴᠥᠭ ᠪᠣᠯᠭᠠᠨ ᠤ ᠰᠠᠴᠤᠭ ᠳᠡᠭᠡᠷ᠎ᠡ ᠬᠥᠬᠡ ᠤᠶᠠᠭᠠᠰᠤ ᠣᠷᠣᠭᠤᠯ᠃ 39 ᠰᠠᠴᠤᠭ ᠪᠠᠢᠭᠰᠠᠨ ᠢᠶᠠᠷ ᠲᠠ ᠨᠠᠷ ᠡᠭᠦᠨ ᠢ ᠬᠠᠷᠠᠭᠠᠳ ᠶᠣᠬᠣᠸᠠ ᠶᠢᠨ ᠪᠦᠬᠦ ᠲᠤᠰᠢᠶᠠᠯ ᠢ ᠰᠠᠨᠠᠨ ᠪᠡᠶᠡᠯᠡᠭᠦᠯᠬᠦ ᠪᠥᠭᠡᠳ ᠰᠠᠳᠤᠷ ᠰᠠᠮᠠᠭᠤᠨ ᠳᠤ ᠬᠦᠷᠭᠡᠬᠦ ᠵᠢᠷᠦᠬᠡ ᠪᠣᠯᠣᠨ ᠨᠢᠳᠦᠨ ᠦ ᠲᠠᠴᠢᠶᠠᠯ ᠢᠶᠠᠨ ᠦᠯᠦ ᠳᠠᠭᠠᠬᠤ ᠪᠣᠯᠣᠨ᠎ᠠ᠃ 40 ᠲᠠ ᠨᠠᠷ ᠲᠡᠢᠨ ᠬᠦ ᠮᠢᠨᠦ ᠪᠦᠬᠦ ᠲᠤᠰᠢᠶᠠᠯ ᠢ ᠰᠠᠨᠠᠨ ᠪᠡᠶᠡᠯᠡᠭᠦᠯᠵᠦ ᠪᠤᠷᠬᠠᠨ ᠳᠠᠭᠠᠨ ᠠᠷᠢᠭᠤᠨ ᠪᠠᠢᠬᠤ ᠶᠣᠰᠣᠲᠠᠢ᠃ 41 ᠲᠠ ᠨᠠᠷ ᠤᠨ ᠪᠤᠷᠬᠠᠨ ᠶᠣᠬᠣᠸᠠ ᠪᠢ ᠲᠠ ᠨᠠᠷ ᠤᠨ ᠪᠤᠷᠬᠠᠨ ᠪᠣᠯᠬᠤ ᠶᠢᠨ ᠲᠤᠯᠠᠳᠠ ᠲᠠ ᠨᠠᠷ ᠢ ᠶᠧᠵᠢᠫᠲ ᠡᠴᠡ ᠭᠠᠷᠭᠠᠭᠰᠠᠨ᠂ ᠲᠠ ᠨᠠᠷ ᠤᠨ ᠪᠤᠷᠬᠠᠨ ᠪᠣᠯ ᠶᠣᠬᠣᠸᠠ ᠪᠢ》 ᠭᠡᠪᠡ᠃