ᠲᠣᠭᠠᠯᠠᠯᠭ᠎ᠠ ᠬᠣᠷᠢᠨ ᠭᠤᠷᠪᠠ
ᠪᠠᠯᠠᠮ ᠤᠨ ᠠᠩ᠋ᠬᠠᠨ ᠤ ᠡᠰᠢ ᠦᠵᠡᠭᠦᠯᠦᠯᠭᠡ
1 ᠪᠠᠯᠠᠮ ᠪᠠᠯᠠᠺ ᠲᠤ᠄ 《ᠡ᠊ᠨᠳᠡ ᠳᠣᠯᠣᠭᠠᠨ ᠲᠠᠬᠢᠯ ᠤᠨ ᠰᠢᠷᠡᠭᠡ ᠪᠣᠰᠬᠠᠵᠤ᠂ ᠪᠠᠰᠠ ᠳᠣᠯᠣᠭᠠᠨ ᠪᠤᠬ᠎ᠠ᠂ ᠳᠣᠯᠣᠭᠠᠨ ᠬᠤᠴᠠ ᠪᠡᠯᠡᠳᠬᠡᠵᠦ ᠥᠭᠭᠥᠭᠡᠴᠢ》 ᠭᠡᠬᠦ ᠳᠦ᠂ 2 ᠪᠠᠯᠠᠺ ᠪᠠᠯᠠᠮ ᠤᠨ ᠬᠡᠯᠡᠭᠰᠡᠨ ᠶᠣᠰᠣᠭᠠᠷ ᠭᠦᠢᠴᠡᠳᠬᠡᠪᠡ᠃ ᠪᠠᠯᠠᠺ᠂ ᠪᠠᠯᠠᠮ ᠨᠠᠷ ᠲᠠᠬᠢᠯ ᠤᠨ ᠰᠢᠷᠡᠭᠡ ᠪᠦᠷᠢ ᠳᠡᠭᠡᠷ᠎ᠡ ᠨᠢᠭᠡ ᠪᠤᠬ᠎ᠠ᠂ ᠨᠢᠭᠡ ᠬᠤᠴᠠ ᠡᠷᠭᠦᠭᠰᠡᠨ ᠦ ᠳᠠᠷᠠᠭ᠎ᠠ᠂ 3 ᠪᠠᠯᠠᠮ ᠪᠠᠯᠠᠺ ᠲᠤ᠄ 《ᠲᠠ ᠰᠢᠲᠠᠭᠠᠯᠭᠠᠲᠤ ᠲᠠᠬᠢᠯ ᠤᠨ ᠢᠶᠠᠨ ᠳᠡᠷᠭᠡᠳᠡ ᠪᠠᠢᠵᠤ ᠪᠠᠢᠭᠠᠷᠠᠢ᠂ ᠪᠢ ᠲᠦᠷ ᠭᠠᠷᠤᠶ᠎ᠠ᠂ ᠶᠣᠬᠣᠸᠠ ᠨᠠᠳᠠ ᠲᠠᠢ ᠠᠭᠤᠯᠵᠠᠬᠤ ᠪᠠᠷ ᠢᠷᠡᠵᠦ ᠮᠠᠭᠠᠳ᠃ ᠲᠡᠭᠦᠨ ᠦ ᠨᠠᠳᠠ ᠳᠤ ᠦᠵᠡᠭᠦᠯᠬᠦ ᠪᠦᠬᠦᠨ ᠢ ᠪᠢ ᠲᠠᠨ ᠳᠤ ᠬᠡᠯᠡᠶ᠎ᠡ》 ᠬᠡᠮᠡᠭᠡᠳ ᠨᠢᠴᠦᠭᠦᠨ ᠲᠣᠯᠣᠭᠠᠳ ᠤᠷᠤᠭᠤ ᠣᠳᠴᠠᠢ᠃
4 ᠪᠤᠷᠬᠠᠨ ᠪᠠᠯᠠᠮ ᠳᠤ ᠬᠦᠷᠴᠦ ᠢᠷᠡᠪᠡ᠃ ᠪᠠᠯᠠᠮ ᠲᠡᠭᠦᠨ ᠳᠦ᠄ 《ᠪᠢ ᠳᠣᠯᠣᠭᠠᠨ ᠲᠠᠬᠢᠯ ᠤᠨ ᠰᠢᠷᠡᠭᠡ ᠪᠣᠰᠬᠠᠵᠤ᠂ ᠲᠠᠬᠢᠯ ᠤᠨ ᠰᠢᠷᠡᠭᠡ ᠪᠦᠷᠢ ᠳᠡᠭᠡᠷ᠎ᠡ ᠨᠢᠭᠡ ᠪᠤᠬ᠎ᠠ᠂ ᠨᠢᠭᠡ ᠬᠤᠴᠠ ᠡᠷᠭᠦᠪᠡ》 ᠭᠡᠯᠡ᠃ 5 ᠶᠣᠬᠣᠸᠠ ᠪᠠᠯᠠᠮ ᠤᠨ ᠠᠮᠠᠨ ᠳᠤ ᠦᠭᠡ ᠬᠢᠭᠡᠳ᠄ 《ᠪᠠᠯᠠᠺ ᠤᠷᠤᠭᠤ ᠡᠷᠭᠢᠵᠦ ᠣᠴᠢᠭᠠᠳ ᠡᠢᠨ ᠬᠦ ᠬᠡᠯᠡᠭᠡᠷᠡᠢ》 ᠭᠡᠵᠦ ᠠᠢᠯᠠᠳᠪᠠ᠃ 6 ᠲᠡᠷᠡ ᠪᠤᠴᠠᠵᠤ ᠣᠴᠢᠭᠠᠳ ᠬᠠᠷᠠᠬᠤ ᠳᠤ᠂ ᠪᠠᠯᠠᠺ ᠮᠣᠶᠠᠪ ᠤᠨ ᠪᠦᠬᠦ ᠨᠣᠶᠠᠨ ᠲᠠᠢ ᠬᠠᠮᠲᠤ ᠰᠢᠲᠠᠭᠠᠯᠭᠠᠲᠤ ᠲᠠᠬᠢᠯ ᠤᠨ ᠢᠶᠠᠨ ᠳᠡᠷᠭᠡᠳᠡ ᠵᠣᠭᠰᠣᠭᠰᠠᠭᠠᠷ ᠪᠠᠢᠯ᠎ᠠ︕ 7 ᠲᠡᠷᠡ ᠰᠢᠯᠦᠭ ᠡᠷᠭᠦᠵᠦ᠄ 《ᠮᠣᠶᠠᠪ ᠤᠨ ᠬᠠᠭᠠᠨ ᠪᠠᠯᠠᠺ ᠨᠠᠮᠠᠶᠢ ᠳᠠᠭᠤᠳᠠᠨ ᠠᠷᠠᠮ ᠤᠨ ᠨᠤᠲᠤᠭ᠂ ᠳᠣᠷᠣᠨᠠᠲᠤ ᠶᠢᠨ ᠠᠭᠤᠯᠠᠨ ᠠᠴᠠ ᠠᠪᠴᠢᠷᠠᠭᠠᠳ ᠥᠪᠡᠷ ᠦᠨ ᠢᠶᠠᠨ ᠲᠥᠯᠥᠭᠡ 〈ᠠᠯᠢ ᠪᠤᠢ᠂ ᠮᠢᠨᠦ ᠲᠥᠯᠥᠭᠡ ᠶᠠᠺᠣᠪ ᠢ ᠬᠠᠷᠢᠶ᠎ᠠ ᠠᠯᠢ ᠪᠤᠢ᠂ ᠢᠰᠷᠧᠯ ᠢ ᠭᠤᠲᠤᠭᠠ〉 ᠭᠡᠨ᠎ᠡ᠃
8 ᠪᠢ ᠶᠠᠭᠠᠬᠢᠨ ᠪᠤᠷᠬᠠᠨ ᠤ ᠬᠠᠷᠢᠶᠠᠭᠠ ᠦᠭᠡᠢ ᠶᠢ ᠬᠠᠷᠢᠶᠠᠨ᠎ᠠ ᠪᠤᠢ︖ ᠶᠣᠬᠣᠸᠠ ᠶᠢᠨ ᠭᠤᠲᠤᠭᠠᠭᠠ ᠦᠭᠡᠢ ᠶᠢ ᠭᠤᠲᠤᠭᠠᠨᠠ ᠪᠤᠢ︖
9 ᠲᠡᠳᠡᠨ ᠢ ᠪᠢ ᠬᠠᠯᠢᠯ ᠬᠠᠳᠠᠨ ᠤ ᠣᠷᠭᠢᠯ ᠠᠴᠠ ᠠᠭᠤᠯᠠ ᠶᠢᠨ ᠣᠷᠣᠢ ᠳᠡᠭᠡᠷ᠎ᠡ ᠡᠴᠡ ᠬᠠᠷᠠᠨ᠎ᠠ᠂ ᠬᠠᠷ᠎ᠠ᠂ ᠡᠨᠡ ᠠᠷᠠᠳ ᠲᠦᠮᠡᠨ ᠲᠤᠰᠠᠭᠠᠷ ᠠᠮᠢᠳᠤᠷᠠᠬᠤ ᠪᠣᠯᠣᠨ᠎ᠠ ᠥᠭᠡᠷ᠎ᠡ ᠦᠨᠳᠦᠰᠦᠲᠡᠨ ᠨᠦᠭᠦᠳ ᠦᠨ ᠨᠢᠭᠡᠨ ᠳᠦ ᠦᠯᠦ ᠲᠣᠭᠠᠴᠠᠭᠳᠠᠨ᠎ᠠ᠃
10 ᠶᠠᠺᠣᠪ ᠤᠨ ᠲᠣᠭᠣᠰᠣ ᠰᠢᠷᠣᠢ ᠮᠡᠲᠦ ᠦᠷ᠎ᠡ ᠤᠳᠤᠮ ᠢ ᠢᠰᠷᠧᠯ ᠤᠨ ᠠᠷᠠᠳ ᠲᠦᠮᠡᠨ ᠦ ᠳᠥᠷᠪᠡᠨ ᠦ ᠨᠢᠭᠡ ᠶᠢ ᠬᠡᠨ ᠲᠣᠭᠠᠯᠠᠵᠤ ᠴᠢᠳᠠᠬᠤ ᠪᠤᠢ︖ ᠮᠢᠨᠦ ᠦᠬᠦᠯ ᠵᠥᠪᠲᠦ ᠬᠥᠮᠦᠰ ᠦᠨ ᠠᠳᠠᠯᠢ ᠮᠢᠨᠦ ᠲᠡᠭᠦᠰᠬᠡᠯ ᠲᠡᠷᠡ ᠦᠨᠳᠦᠰᠦᠲᠡᠨ ᠦ ᠠᠳᠠᠯᠢ ᠪᠠᠢᠬᠤ ᠪᠣᠯᠲᠤᠭᠠᠢ》 ᠭᠡᠯᠡ᠃
11 ᠪᠠᠯᠠᠺ ᠪᠠᠯᠠᠮ ᠳᠤ᠄ 《ᠨᠠᠳᠠ ᠳᠤ ᠶᠠᠭᠤ ᠬᠢᠴᠢᠬᠡᠬᠦ ᠨᠢ ᠡᠨᠡ ᠪᠤᠢ ᠲᠠ︖ ᠳᠠᠢᠰᠤᠨ ᠢᠶᠠᠨ ᠵᠦᠬᠡᠭᠦᠯᠬᠦ ᠭᠡᠵᠦ ᠪᠢ ᠲᠠᠨ ᠢ ᠠᠪᠴᠢᠷᠠᠭᠰᠠᠨ᠂ ᠬᠠᠷᠢᠨ ᠲᠠ ᠲᠡᠳᠡᠨ ᠢ ᠶᠡᠬᠡᠪᠡᠷ ᠢᠷᠥᠭᠡᠭᠰᠡᠨ ᠪᠠᠢᠨ᠎ᠠ︕》 ᠭᠡᠪᠡ᠃ 12 ᠪᠠᠯᠠᠮ ᠬᠠᠷᠢᠭᠤ ᠳᠤᠨᠢ᠄ 《ᠶᠣᠬᠣᠸᠠ ᠶᠢᠨ ᠠᠮᠠᠨ ᠳᠤ ᠮᠢᠨᠢ ᠬᠢᠭᠰᠡᠨ ᠦᠭᠡ ᠶᠢ ᠯᠠ ᠶᠠᠷᠢᠬᠤ ᠶᠢ ᠬᠢᠴᠢᠶᠡᠬᠦ ᠶᠣᠰᠣᠲᠠᠢ ᠪᠢᠰᠢ ᠤᠤ︖》 ᠭᠡᠯᠡ᠃
ᠪᠠᠯᠠᠮ ᠤᠨ ᠬᠣᠶᠠᠳᠠᠬᠢ ᠡᠰᠢ ᠦᠵᠡᠭᠦᠯᠦᠯᠭᠡ
13 ᠪᠠᠯᠠᠺ ᠲᠡᠭᠦᠨ ᠡᠴᠡ ᠭᠤᠶᠤᠨ᠄ 《ᠲᠡᠳᠡᠨ ᠢ ᠬᠠᠷᠠᠵᠤ ᠪᠣᠯᠬᠤ ᠥᠭᠡᠷ᠎ᠡ ᠭᠠᠵᠠᠷ ᠤᠷᠤᠭᠤ ᠬᠠᠮᠲᠤ ᠶᠠᠪᠤᠵᠠᠭᠠᠶ᠎ᠠ᠃ ᠲᠠ ᠲᠡᠳᠡᠨ ᠢ ᠪᠦᠬᠦᠯᠢ ᠳᠦᠨᠢ ᠪᠢᠰᠢ᠂ ᠵᠥᠪᠬᠡᠨ ᠲᠡᠳᠡᠨ ᠦ ᠨᠠᠭᠠᠳᠤ ᠵᠠᠬ᠎ᠠ ᠶᠢ ᠨᠢ ᠯᠠ ᠬᠠᠷᠠᠬᠤ ᠶᠤᠮ᠃ ᠲᠡᠨᠳᠡ ᠡᠴᠡ ᠲᠠ ᠮᠢᠨᠦ ᠲᠥᠯᠥᠭᠡ ᠲᠡᠳᠡᠨ ᠢ ᠵᠦᠬᠡᠭᠡᠴᠢ》 ᠭᠡᠯᠡ᠃
14 ᠲᠡᠢᠨ ᠬᠦ ᠪᠠᠯᠠᠺ ᠲᠡᠭᠦᠨ ᠢ ᠽᠣᠹᠢᠮ ᠤᠨ ᠬᠡᠭᠡᠷ᠎ᠡ ᠲᠠᠯ᠎ᠠ ᠪᠠᠷ ᠫᠢᠰᠭᠠ ᠠᠭᠤᠯᠠ ᠶᠢᠨ ᠣᠷᠣᠢ ᠥᠭᠡᠳᠡ ᠠᠪᠠᠴᠢᠵᠤ ᠳᠣᠯᠣᠭᠠᠨ ᠲᠠᠬᠢᠯ ᠤᠨ ᠰᠢᠷᠡᠭᠡ ᠪᠣᠰᠬᠠᠨ᠂ ᠲᠠᠬᠢᠯ ᠤᠨ ᠰᠢᠷᠡᠭᠡ ᠪᠦᠷᠢ ᠳᠡᠭᠡᠷ᠎ᠡ ᠨᠢᠭᠡ ᠪᠤᠬ᠎ᠠ᠂ ᠨᠢᠭᠡ ᠬᠤᠴᠠ ᠡᠷᠭᠦᠪᠡ᠃
15 ᠪᠠᠯᠠᠮ ᠪᠠᠯᠠᠺ ᠲᠤ᠄ 《ᠲᠠ ᠡ᠊ᠨᠳᠡ ᠰᠢᠲᠠᠭᠠᠯᠭᠠᠲᠤ ᠲᠠᠬᠢᠯ ᠤᠨ ᠢᠶᠠᠨ ᠳᠡᠷᠭᠡᠳᠡ ᠪᠠᠢᠵᠤ ᠪᠠᠢᠭᠠᠷᠠᠢ᠃ ᠪᠢ ᠲᠡᠨᠳᠡ ᠶᠣᠬᠣᠸᠠ ᠲᠠᠢ ᠠᠭᠤᠯᠵᠠᠬᠤ ᠶᠣᠰᠣᠲᠠᠢ》 ᠭᠡᠪᠡ᠃
16 ᠶᠣᠬᠣᠸᠠ ᠪᠠᠯᠠᠮ ᠲᠠᠢ ᠠᠭᠤᠯᠵᠠᠵᠤ᠂ ᠲᠡᠭᠦᠨ ᠦ ᠠᠮᠠᠨ ᠳᠤ ᠦᠭᠡ ᠬᠢᠭᠡᠳ᠄ 《ᠪᠠᠯᠠᠺ ᠤᠷᠤᠭᠤ ᠡᠷᠭᠢᠵᠦ ᠣᠴᠢᠭᠠᠳ ᠡᠢᠨ ᠬᠦ ᠬᠡᠯᠡᠭᠡᠷᠡᠢ》 ᠭᠡᠵᠦ ᠠᠢᠯᠠᠳᠪᠠ᠃
17 ᠲᠡᠷᠡ ᠪᠤᠴᠠᠵᠤ ᠣᠴᠢᠭᠠᠳ ᠬᠠᠷᠠᠬᠤ ᠳᠤ᠂ ᠪᠠᠯᠠᠺ ᠮᠣᠶᠠᠪ ᠤᠨ ᠪᠦᠬᠦ ᠨᠣᠶᠠᠨ ᠲᠠᠢ ᠬᠠᠮᠲᠤ ᠰᠢᠲᠠᠭᠠᠯᠭᠠᠲᠤ ᠲᠠᠬᠢᠯ ᠤᠨ ᠢᠶᠠᠨ ᠳᠡᠷᠭᠡᠳᠡ ᠵᠣᠭᠰᠣᠭᠰᠠᠭᠠᠷ ᠪᠠᠢᠯ᠎ᠠ︕ ᠪᠠᠯᠠᠺ ᠲᠡᠭᠦᠨ ᠡᠴᠡ᠄ 《ᠶᠣᠬᠣᠸᠠ ᠶᠠᠭᠤ ᠠᠢᠯᠠᠳᠪᠠ︖》 ᠭᠡᠵᠦ ᠠᠰᠠᠭᠤᠬᠤ ᠳᠤ᠂
18 ᠪᠠᠯᠠᠮ ᠡᠰᠢ ᠦᠵᠡᠭᠦᠯᠦᠨ ᠰᠢᠯᠦᠭᠯᠡᠵᠦ᠄ 《ᠪᠠᠯᠠᠺ ᠡ᠂ ᠪᠣᠰᠣᠭᠠᠳ ᠰᠣᠨᠣᠰᠣᠭᠲᠤᠨ ᠽᠢᠫᠣᠷ ᠤᠨ ᠬᠦᠦ᠂ ᠨᠠᠳᠠ ᠤᠷᠤᠭᠤ ᠴᠢᠬᠢ ᠲᠠᠯᠪᠢᠭᠲᠤᠨ᠂
19 ᠪᠤᠷᠬᠠᠨ ᠬᠥᠮᠦᠨ ᠪᠢᠰᠢ ᠪᠣᠯᠬᠣᠷ ᠬᠤᠳᠠᠯ ᠶᠠᠷᠢᠳᠠᠭ ᠦᠭᠡᠢ ᠬᠥᠮᠦᠨ ᠦ ᠬᠦᠦ ᠪᠢᠰᠢ ᠪᠣᠯᠬᠣᠷ ᠰᠠᠨᠠᠭ᠎ᠠ ᠪᠠᠨ ᠥᠭᠡᠷᠡᠴᠢᠯᠡᠳᠡᠭ᠌ ᠦᠭᠡᠢ ᠲᠡᠷᠡ ᠠᠢᠯᠠᠳᠤᠭᠰᠠᠨ ᠢᠶᠠᠨ ᠪᠡᠶᠡᠯᠡᠭᠦᠯᠬᠦ ᠦᠭᠡᠢ ᠭᠡᠵᠢ ᠤᠤ︖ ᠬᠡᠯᠡᠭᠰᠡᠨ ᠢᠶᠡᠨ ᠭᠦᠢᠴᠡᠳᠬᠡᠬᠦ ᠦᠭᠡᠢ ᠭᠡᠵᠢ ᠤᠤ︖
20 ᠶᠠᠭᠠᠬᠢᠬᠤ ᠪᠤᠢ᠂ ᠢᠷᠥᠭᠡᠬᠦ ᠲᠤᠰᠢᠶᠠᠯ ᠢ ᠠᠪᠤᠭᠰᠠᠨ ᠳᠠ ᠶᠣᠬᠣᠸᠠ ᠢᠷᠥᠭᠡᠭᠰᠡᠨ ᠲᠤᠯᠠ ᠪᠢ ᠥᠭᠡᠷᠡᠴᠢᠯᠡᠵᠦ ᠴᠢᠳᠠᠬᠤ ᠦᠭᠡᠢ ᠨᠢ ᠡ᠃
21 ᠶᠠᠺᠣᠪ ᠤᠨ ᠬᠢᠨ ᠳᠤ ᠭᠡᠮ ᠪᠤᠷᠤᠭᠤ ᠣᠯᠳᠠᠳᠠᠭ ᠦᠭᠡᠢ ᠢᠰᠷᠧᠯ ᠳᠤ ᠭᠠᠢ ᠵᠣᠪᠠᠯᠠᠩ ᠬᠠᠷᠠᠭᠳᠠᠳᠠᠭ ᠦᠭᠡᠢ ᠲᠡᠳᠡᠨ ᠦ ᠪᠤᠷᠬᠠᠨ ᠶᠣᠬᠣᠸᠠ ᠲᠡᠳᠡᠨ ᠲᠡᠢ ᠬᠠᠮᠲᠤ ᠲᠡᠭᠦᠨ ᠢ 〈ᠬᠠᠭᠠᠨ〉 ᠭᠡᠵᠡᠭᠡᠬᠦ ᠤᠤᠬᠠᠢ ᠲᠡᠳᠡᠨ ᠦ ᠳᠤᠮᠳᠠ᠂
22 ᠲᠡᠳᠡᠨ ᠢ ᠶᠧᠵᠢᠫᠲ ᠡᠴᠡ ᠭᠠᠷᠭᠠᠭᠰᠠᠨ ᠪᠤᠷᠬᠠᠨ ᠲᠡᠳᠡᠨ ᠳᠦ ᠵᠡᠷᠯᠢᠭ ᠦᠬᠡᠷ ᠦᠨ ᠡᠪᠡᠷ ᠮᠡᠲᠦ᠂
23 ᠶᠠᠺᠣᠪ ᠢ ᠳᠡᠢᠯᠬᠦ ᠶᠧᠯᠸᠢ ᠵᠢᠯᠪᠢ ᠭᠡᠵᠦ ᠦᠭᠡᠢ ᠢᠰᠷᠧᠯ ᠢ ᠳᠡᠢᠯᠬᠦ ᠷᠢᠳᠢ ᠰᠢᠳᠢ ᠴᠤ ᠦᠭᠡᠢ ᠡᠳᠦᠭᠡ ᠬᠥᠮᠦᠰ ᠶᠠᠺᠣᠪ ᠪᠣᠯᠣᠨ ᠢᠰᠷᠧᠯ ᠤᠨ ᠲᠤᠬᠠᠢ ᠪᠤᠷᠬᠠᠨ ᠤ ᠬᠢᠭᠰᠡᠨ ᠢ ᠬᠠᠷ᠎ᠠ︕ ᠭᠡᠬᠦ ᠪᠣᠯᠣᠨ᠎ᠠ
24 ᠡᠮ᠎ᠡ ᠠᠷᠰᠯᠠᠨ ᠮᠡᠲᠦ ᠥᠨᠳᠡᠢᠬᠦ ᠲᠡᠷᠡ ᠦᠨᠳᠦᠰᠦᠲᠡᠨ ᠠᠷᠰᠯᠠᠨ ᠮᠡᠲᠦ ᠪᠣᠰᠬᠤ ᠲᠡᠳᠡ ᠣᠯᠣᠭᠰᠠᠨ ᠣᠯᠵᠠ ᠪᠠᠨ ᠵᠠᠯᠭᠢᠲᠠᠯᠠ ᠪᠠᠨ ᠠᠯᠠᠭᠳᠠᠭᠰᠠᠳ ᠤᠨ ᠴᠢᠰᠤᠨ ᠠᠴᠠ ᠤᠤᠭᠤᠲᠠᠯᠠ ᠪᠠᠨ ᠲᠡᠳᠡ ᠦᠯᠦ ᠬᠡᠪᠲᠡᠨ᠎ᠡ》 ᠭᠡᠯᠡ᠃
25 ᠪᠠᠯᠠᠺ ᠪᠠᠯᠠᠮ ᠳᠤ᠄ 《ᠵᠠ᠂ ᠲᠡᠳᠡᠨ ᠢ ᠵᠦᠬᠡᠬᠦ ᠴᠤ ᠬᠡᠷᠡᠭ ᠦᠭᠡᠢ᠂ ᠢᠷᠥᠭᠡᠬᠦ ᠴᠤ ᠬᠡᠷᠡᠭ ᠦᠭᠡᠢ》 ᠭᠡᠪᠡ᠃ 26 ᠪᠠᠯᠠᠮ ᠬᠠᠷᠢᠭᠤ ᠳᠤᠨᠢ᠄ 《〈ᠶᠣᠬᠣᠸᠠ ᠶᠢᠨ ᠠᠢᠯᠠᠳᠬᠤ ᠪᠦᠬᠦᠨ ᠢ ᠯᠠ ᠪᠢ ᠬᠢᠬᠦ ᠶᠣᠰᠣᠲᠠᠢ〉 ᠭᠡᠵᠦ ᠲᠠᠨ ᠳᠤ ᠬᠡᠯᠡᠭᠰᠡᠨ ᠪᠢᠰᠢ ᠤᠤ︖》 ᠭᠡᠯᠡ᠃
ᠪᠠᠯᠠᠮ ᠤᠨ ᠭᠤᠷᠪᠠᠳᠠᠬᠢ ᠡᠰᠢ ᠦᠵᠡᠭᠦᠯᠦᠯᠭᠡ
27 ᠪᠠᠯᠠᠺ ᠪᠠᠯᠠᠮ ᠳᠤ᠄ 《ᠨᠠᠰᠢ ᠢᠷ᠎ᠡ᠂ ᠪᠢ ᠲᠠᠨ ᠢ ᠥᠭᠡᠷ᠎ᠡ ᠭᠠᠵᠠᠷ ᠲᠤ ᠠᠪᠠᠴᠢᠶ᠎ᠠ᠃ ᠲᠠ ᠲᠡᠨᠳᠡ ᠡᠴᠡ ᠮᠢᠨᠦ ᠲᠥᠯᠥᠭᠡ ᠲᠡᠳᠡᠨ ᠢ ᠵᠦᠬᠡᠬᠦ ᠨᠢ ᠪᠤᠷᠬᠠᠨ ᠤ ᠮᠡᠯᠮᠡᠢ ᠳᠦ ᠲᠠᠭᠠᠯᠠᠭᠳᠠᠵᠤ ᠮᠠᠭᠠᠳ》 ᠭᠡᠪᠡ᠃ 28 ᠲᠡᠢᠨ ᠬᠦ ᠪᠠᠯᠠᠺ ᠪᠠᠯᠠᠮ ᠢ ᠵᠡᠯᠢᠭᠦᠳ ᠨᠤᠲᠤᠭ ᠢ ᠣᠯᠵᠤ ᠬᠠᠷᠠᠵᠤ ᠪᠣᠯᠬᠤ ᠫᠧᠶᠣᠷ ᠠᠭᠤᠯᠠ ᠶᠢᠨ ᠣᠷᠣᠢ ᠳᠤ ᠠᠪᠠᠴᠢᠪᠠ᠃ 29 ᠪᠠᠯᠠᠮ ᠪᠠᠯᠠᠺ ᠲᠤ᠄ 《ᠡ᠊ᠨᠳᠡ ᠳᠣᠯᠣᠭᠠᠨ ᠲᠠᠬᠢᠯ ᠤᠨ ᠰᠢᠷᠡᠭᠡ ᠶᠢ ᠪᠣᠰᠬᠠᠵᠤ᠂ ᠪᠠᠰᠠ ᠳᠣᠯᠣᠭᠠᠨ ᠪᠤᠬ᠎ᠠ᠂ ᠳᠣᠯᠣᠭᠠᠨ ᠬᠤᠴᠠ ᠪᠡᠯᠡᠳᠬᠡᠵᠦ ᠥᠭᠭᠥᠭᠡᠴᠢ》 ᠭᠡᠵᠦ ᠬᠡᠯᠡᠭᠰᠡᠨ ᠳᠦ᠂ 30 ᠪᠠᠯᠠᠺ ᠲᠡᠭᠦᠨ ᠦ ᠬᠡᠯᠡᠭᠰᠡᠨ ᠶᠣᠰᠣᠭᠠᠷ ᠭᠦᠢᠴᠡᠳᠬᠡᠨ ᠲᠠᠬᠢᠯ ᠤᠨ ᠰᠢᠷᠡᠭᠡ ᠪᠦᠷᠢ ᠳᠡᠭᠡᠷ᠎ᠡ ᠨᠢᠭᠡ ᠪᠤᠬ᠎ᠠ᠂ ᠨᠢᠭᠡ ᠬᠤᠴᠠ ᠶᠢ ᠡᠷᠭᠦᠪᠡ᠃