1 2 3 4 5 6 7 8 9 10 11 12 13 14 15 16 17 18 19 20 21 22 23 24 25 26 27 28 29 30 31 32 33 34 35 36


ᠲᠣᠭᠠᠯᠠᠯᠭ᠎ᠠ ᠠᠷᠪᠠᠨ ᠨᠠᠢ᠌ᠮᠠ
 ᠲᠠᠬᠢᠯᠴᠢᠳ ᠪᠠ ᠯᠧᠸᠢᠴᠦᠳ ᠦᠨ ᠡᠭᠦᠷᠭᠡ

1 ᠶᠣᠬᠣᠸᠠ ᠠᠷᠣᠨ ᠳᠤ ᠠᠢᠯᠠᠳᠤᠨ᠄ 《ᠠᠷᠢᠭᠤᠨ ᠭᠠᠵᠠᠷ ᠤᠨ ᠡᠰᠡᠷᠭᠦ ᠬᠢᠭᠰᠡᠨ ᠭᠡᠮ ᠪᠤᠷᠤᠭᠤ ᠶᠢ ᠴᠢᠨᠦ ᠬᠥᠪᠡᠭᠦᠳ᠂ ᠮᠥᠨ ᠴᠢᠨᠦ ᠡᠴᠢᠭᠡ ᠶᠢᠨ ᠪᠦᠯᠢ ᠴᠢᠮ᠎ᠠ ᠲᠠᠢ ᠬᠠᠮᠲᠤ ᠡᠭᠦᠷᠦᠨ᠎ᠡ᠃ ᠬᠠᠷᠢᠨ ᠲᠠᠬᠢᠯᠴᠢ ᠶᠢᠨ ᠦᠢᠯᠡᠴᠢᠯᠡᠯ ᠳᠦ ᠬᠣᠯᠪᠣᠭᠳᠠᠬᠤ ᠭᠡᠮ ᠪᠤᠷᠤᠭᠤ ᠶᠢ ᠴᠢᠨᠦ ᠬᠥᠪᠡᠭᠦᠳ ᠯᠠ ᠴᠢᠮ᠎ᠠ ᠲᠠᠢ ᠬᠠᠮᠲᠤ ᠡᠭᠦᠷᠦᠨ᠎ᠡ᠃ 2 ᠡᠢᠮᠦ ᠡᠴᠡ ᠴᠢ ᠡᠴᠢᠭᠡ ᠡᠪᠦᠭᠡᠳ ᠦᠨ ᠢᠶᠠᠨ ᠣᠪᠣᠭ᠂ ᠥᠪᠡᠷ ᠦᠨ ᠴᠢᠨᠢ ᠠᠬ᠎ᠠ ᠳᠡᠭᠦᠦᠰ ᠪᠣᠯᠬᠤ ᠯᠧᠸᠢ ᠣᠪᠣᠭ ᠤᠨ ᠬᠢᠨ ᠢ ᠬᠠᠵᠠᠭᠤ ᠳᠠᠭᠠᠨ ᠠᠪᠴᠢᠷᠠᠵᠤ ᠥᠪᠡᠷ ᠲᠡᠢ ᠪᠡᠨ ᠬᠠᠮᠲᠤ ᠪᠠᠢᠯᠭᠠᠨ᠂ ᠬᠥᠪᠡᠭᠦᠳ ᠲᠡᠢ ᠪᠡᠨ ᠬᠠᠮᠲᠤ ᠭᠡᠷᠡᠴᠢᠯᠡᠯ ᠦᠨ ᠴᠠᠴᠠᠷ ᠤᠨ ᠡᠮᠦᠨ᠎ᠡ ᠦᠢᠯᠡᠴᠢᠯᠡᠵᠦ ᠪᠠᠢᠬᠤ ᠳᠠᠭᠠᠨ ᠲᠡᠳᠡᠨ ᠢᠶᠡᠷ ᠲᠤᠰᠠᠯᠠᠭᠤᠯ᠃ 3 ᠲᠡᠳᠡ ᠴᠢᠨᠦ ᠠᠯᠪᠠ ᠪᠣᠯᠣᠨ ᠪᠦᠬᠦ ᠣᠷᠣᠰᠢᠬᠤᠢ ᠶᠢᠨ ᠴᠠᠴᠠᠷ ᠤᠨ ᠠᠯᠪᠠᠨ ᠳᠤ ᠣᠷᠣᠯᠴᠠᠵᠤ ᠪᠣᠯᠣᠨ᠎ᠠ᠂ ᠭᠡᠪᠡᠴᠦ ᠠᠷᠢᠭᠤᠨ ᠭᠠᠵᠠᠷ ᠤᠨ ᠬᠡᠷᠡᠭᠰᠡᠯ ᠤᠳ ᠪᠤᠶᠤ ᠲᠠᠬᠢᠯ ᠤᠨ ᠰᠢᠷᠡᠭᠡᠨ ᠳᠦ ᠣᠢᠷᠠᠲᠤᠵᠤ ᠪᠣᠯᠬᠤ ᠦᠭᠡᠢ᠃ ᠡᠰᠡ ᠪᠥᠭᠡᠰᠦ ᠲᠡᠳᠡ ᠨᠠᠷ ᠴᠤ᠂ ᠲᠠ ᠨᠠᠷ ᠴᠤ ᠦᠬᠦᠬᠦ ᠪᠣᠯᠣᠨ᠎ᠠ᠃ 4 ᠲᠡᠳᠡ ᠴᠢᠮ᠎ᠠ ᠲᠠᠢ ᠬᠠᠮᠲᠤ ᠪᠠᠢᠵᠤ᠂ ᠠᠭᠤᠯᠵᠠᠯᠲᠠ ᠶᠢᠨ ᠴᠠᠴᠠᠷ ᠤᠨ ᠠᠯᠪᠠ᠂ ᠴᠠᠴᠠᠷ ᠤᠨ ᠠᠯᠢᠪᠠ ᠠᠵᠢᠯ ᠳᠤ ᠣᠷᠣᠯᠴᠠᠵᠤ ᠪᠣᠯᠣᠨ᠎ᠠ᠂ ᠭᠡᠪᠡᠴᠦ ᠭᠠᠳᠠᠨ᠎ᠠ ᠶᠢᠨ ᠬᠥᠮᠦᠨ ᠲᠠ ᠨᠠᠷ ᠲᠤ ᠣᠢᠷᠠᠲᠤᠵᠤ ᠪᠣᠯᠬᠤ ᠦᠭᠡᠢ᠃ 5 ᠲᠠ ᠨᠠᠷ ᠯᠠ ᠠᠷᠢᠭᠤᠨ ᠭᠠᠵᠠᠷ ᠤᠨ ᠠᠯᠪᠠ ᠪᠣᠯᠣᠨ ᠲᠠᠬᠢᠯ ᠤᠨ ᠰᠢᠷᠡᠭᠡᠨ ᠦ ᠠᠯᠪᠠᠨ ᠳᠤ ᠣᠷᠣᠯᠴᠠᠬᠤ ᠶᠣᠰᠣᠲᠠᠢ᠃ ᠲᠡᠭᠡᠪᠡᠯ ᠢᠰᠷᠧᠯᠴᠦᠳ ᠦᠨ ᠳᠡᠭᠡᠷ᠎ᠡ ᠠᠭᠤᠷ ᠬᠢᠯᠢᠩ ᠳᠠᠬᠢᠵᠤ ᠪᠠᠭᠤᠬᠤ ᠦᠭᠡᠢ᠃ 6 ᠬᠠᠷᠠ᠂ ᠪᠢ ᠥᠪᠡᠷ ᠢᠶᠡᠨ ᠴᠢᠨᠦ ᠠᠬ᠎ᠠ ᠳᠡᠭᠦᠦᠰ ᠪᠣᠯᠬᠤ ᠯᠧᠸᠢᠴᠦᠳ ᠢ ᠲᠠ ᠨᠠᠷ ᠲᠤ ᠵᠣᠷᠢᠭᠤᠯᠤᠭᠰᠠᠨ ᠪᠡᠯᠡᠭ ᠪᠣᠯᠭᠠᠨ ᠢᠰᠷᠧᠯᠴᠦᠳ ᠦᠨ ᠳᠤᠮᠳᠠ ᠠᠴᠠ ᠠᠪᠤᠭᠰᠠᠨ︕ ᠲᠡᠳᠡ ᠪᠣᠯ ᠠᠭᠤᠯᠵᠠᠯᠲᠠ ᠶᠢᠨ ᠴᠠᠴᠠᠷ ᠤᠨ ᠠᠵᠢᠯ ᠢ ᠬᠢᠬᠦ ᠪᠡᠷ ᠶᠣᠬᠣᠸᠠ ᠳᠤ ᠲᠣᠮᠢᠯᠠᠭᠳᠠᠭᠰᠠᠨ ᠪᠢᠯᠡ᠃ 7 ᠬᠠᠷᠢᠨ ᠴᠢᠨᠦ ᠬᠥᠪᠡᠭᠦᠳ ᠯᠠ ᠴᠢᠮ᠎ᠠ ᠲᠠᠢ ᠬᠠᠮᠲᠤ ᠲᠠᠬᠢᠯ ᠤᠨ ᠰᠢᠷᠡᠭᠡ ᠪᠣᠯᠣᠨ ᠬᠥᠰᠢᠭᠡᠨ ᠦ ᠳᠣᠲᠣᠷᠠᠬᠢ ᠪᠦᠬᠦ ᠵᠦᠢᠯ ᠢ ᠬᠠᠷᠢᠭᠤᠴᠠᠵᠤ᠂ ᠲᠠᠬᠢᠯᠴᠢ ᠶᠢᠨ ᠠᠯᠪᠠ ᠶᠢ ᠭᠦᠢᠴᠡᠳᠬᠡᠬᠦ ᠪᠣᠯᠣᠨ᠎ᠠ᠃ ᠪᠢ ᠲᠠᠬᠢᠯᠴᠢ ᠶᠢᠨ ᠠᠯᠪᠠ ᠶᠢ ᠲᠠ ᠨᠠᠷ ᠲᠤ ᠯᠠ ᠪᠡᠯᠡᠭ ᠪᠣᠯᠭᠠᠨ ᠰᠣᠶᠣᠷᠬᠠᠨ᠎ᠠ᠃ ᠭᠠᠳᠠᠨ᠎ᠠ ᠶᠢᠨ ᠬᠥᠮᠦᠨ ᠣᠢᠷᠠᠲᠤᠨ ᠣᠴᠢᠪᠠᠯ ᠦᠬᠦᠬᠦ ᠪᠣᠯᠣᠨ᠎ᠠ》 ᠭᠡᠵᠡᠢ᠃

8 ᠶᠣᠬᠣᠸᠠ ᠠᠷᠣᠨ ᠳᠤ ᠠᠢᠯᠠᠳᠤᠨ᠄ 《ᠬᠠᠷᠠ᠂ ᠨᠠᠳᠠ ᠳᠤ ᠪᠠᠷᠢᠬᠤ ᠡᠷᠭᠦᠯ ᠤᠳ ᠢ ᠬᠠᠷᠢᠭᠤᠴᠠᠬᠤ ᠡᠭᠦᠷᠭᠡ ᠶᠢ ᠪᠢ ᠴᠢᠮ᠎ᠠ ᠳᠤ ᠥᠭᠭᠥᠯ᠎ᠡ᠃ ᠢᠰᠷᠧᠯᠴᠦᠳ ᠦᠨ ᠨᠠᠳᠠ ᠳᠤ ᠥᠭᠬᠦ ᠠᠷᠢᠭᠤᠨ ᠡᠷᠭᠦᠯ ᠤᠳ ᠢ ᠪᠢ ᠪᠦᠭᠦᠳᠡ ᠶᠢ ᠨᠢ ᠴᠢᠮ᠎ᠠ ᠳᠤ ᠪᠣᠯᠣᠨ ᠴᠢᠨᠦ ᠬᠥᠪᠡᠭᠦᠳ ᠲᠦ ᠠᠷᠢᠭᠤᠨ ᠬᠤᠪᠢ᠂ ᠪᠠᠢᠩ᠋ᠭᠤ ᠶᠢᠨ ᠬᠤᠪᠢ ᠪᠣᠯᠭᠠᠨ ᠥᠭᠭᠥᠨ᠎ᠡ᠃ 9 ᠭᠠᠯ ᠳᠤ ᠣᠷᠣᠭ᠎ᠠ ᠦᠭᠡᠢ ᠠᠷᠢᠭᠤᠨ ᠠᠴᠠ ᠠᠷᠢᠭᠤᠨ ᠠᠯᠢᠪᠠ ᠡᠷᠭᠦᠯ ᠦᠨ ᠳᠤᠮᠳᠠ ᠠᠴᠠ ᠲᠡᠳᠡᠨ ᠦ ᠨᠠᠳᠠ ᠳᠤ ᠠᠪᠴᠢᠷᠠᠬᠤ ᠪᠦᠬᠦ ᠢᠳᠡᠭᠡᠨ ᠲᠠᠬᠢᠯ᠂ ᠪᠦᠬᠦ ᠨᠢᠭᠦᠯ ᠦᠨ ᠲᠠᠬᠢᠯ᠂ ᠪᠦᠬᠦ ᠭᠡᠮ ᠦᠨ ᠲᠠᠬᠢᠯ ᠵᠡᠷᠭᠡ ᠶᠢᠨ ᠠᠯᠢᠪᠠ ᠡᠷᠭᠦᠯ ᠨᠢ ᠴᠢᠨᠦ ᠬᠤᠪᠢ ᠪᠣᠯᠣᠨ᠎ᠠ᠃ ᠡᠳᠡᠭᠡᠷ ᠨᠢ ᠴᠢ ᠪᠣᠯᠣᠨ ᠴᠢᠨᠦ ᠬᠥᠪᠡᠭᠦᠳ ᠲᠦ ᠠᠷᠢᠭᠤᠨ ᠠᠴᠠ ᠠᠷᠢᠭᠤᠨ ᠪᠣᠯᠬᠣᠷ 10 ᠴᠢ ᠡᠳᠡᠭᠡᠷ ᠢ ᠠᠷᠢᠭᠤᠨ ᠠᠴᠠ ᠠᠷᠢᠭᠤᠨ ᠭᠡᠵᠦ ᠦᠵᠡᠭᠡᠳ ᠢᠳᠡᠬᠦ ᠶᠣᠰᠣᠲᠠᠢ᠃ ᠡᠷ᠎ᠡ ᠬᠦᠢᠰᠦᠲᠡᠨ ᠨᠢ ᠯᠠ ᠡᠳᠡᠭᠡᠷ ᠢ ᠢᠳᠡᠵᠦ ᠪᠣᠯᠣᠨ᠎ᠠ᠃ ᠡᠳᠡᠭᠡᠷ ᠨᠢ ᠲᠠ ᠨᠠᠷ ᠲᠤ ᠠᠷᠢᠭᠤᠨ ᠶᠤᠮ᠃ 11 ᠪᠠᠰᠠ ᠢᠰᠷᠧᠯᠴᠦᠳ ᠦᠨ ᠳᠠᠯᠠᠯᠵᠤ ᠡᠷᠭᠦᠬᠦ ᠠᠯᠢᠪᠠ ᠬᠠᠨᠳᠢᠪ ᠠᠴᠠ ᠲᠤᠰᠠᠭᠠᠷᠯᠠᠭᠳᠠᠭᠰᠠᠨ ᠬᠤᠪᠢ ᠪᠦᠷᠢ ᠨᠢ ᠴᠢᠨᠦᠬᠢ ᠪᠣᠯᠣᠨ᠎ᠠ᠃ ᠡᠳᠡᠭᠡᠷ ᠢ ᠪᠢ ᠴᠢᠮ᠎ᠠ ᠳᠤ ᠪᠣᠯᠣᠨ ᠴᠢᠨᠦ ᠬᠥᠪᠡᠭᠦᠳ᠂ ᠥᠬᠢᠳ ᠲᠤ ᠪᠠᠢᠩ᠋ᠭᠤ ᠶᠢᠨ ᠬᠤᠪᠢ ᠪᠣᠯᠭᠠᠨ ᠥᠭᠭᠥᠭᠰᠡᠨ᠃ ᠴᠢᠨᠦ ᠭᠡᠷ ᠪᠦᠯᠢ ᠶᠢᠨ ᠴᠡᠪᠡᠷ ᠬᠥᠮᠦᠨ ᠪᠣᠯᠭᠠᠨ ᠡᠭᠦᠨ ᠢ ᠢᠳᠡᠵᠦ ᠪᠣᠯᠣᠨ᠎ᠠ᠃ 12 ᠲᠡᠳᠡᠨ ᠦ ᠶᠣᠬᠣᠸᠠ ᠨᠠᠳᠠ ᠳᠤ ᠪᠠᠷᠢᠬᠤ ᠠᠯᠢᠪᠠ ᠣᠬᠢ ᠰᠠᠢᠨ ᠲᠣᠰᠣ᠂ ᠣᠬᠢ ᠰᠠᠢᠨ ᠦᠵᠦᠮ ᠦᠨ ᠳᠠᠷᠠᠰᠤ ᠪᠣᠯᠣᠨ ᠦᠷ᠎ᠡ ᠲᠠᠷᠢᠶ᠎ᠠ ᠵᠡᠷᠭᠡ ᠠᠩ᠋ᠬᠠᠨ ᠤ ᠦᠷ᠎ᠡ ᠵᠢᠮᠢᠰ ᠢ ᠪᠢ ᠴᠢᠮ᠎ᠠ ᠳᠤ ᠥᠭᠭᠥᠨ᠎ᠡ᠃ 13 ᠲᠡᠳᠡᠨ ᠦ ᠭᠠᠵᠠᠷ ᠲᠤ ᠪᠣᠯᠪᠠᠰᠤᠷᠠᠭᠰᠠᠨ ᠠᠩ᠋ᠬᠠᠨ ᠤ ᠦᠷ᠎ᠡ ᠵᠢᠮᠢᠰ ᠡᠴᠡ ᠶᠣᠬᠣᠸᠠ ᠨᠠᠳᠠ ᠳᠤ ᠠᠪᠴᠢᠷᠠᠬᠤ ᠪᠣᠯᠭᠠᠨ ᠨᠢ ᠴᠢᠨᠦ ᠬᠤᠪᠢ ᠪᠣᠯᠣᠨ᠎ᠠ᠂ ᠴᠢᠨᠦ ᠭᠡᠷ ᠪᠦᠯᠢ ᠶᠢᠨ ᠴᠡᠪᠡᠷ ᠬᠥᠮᠦᠨ ᠪᠣᠯᠭᠠᠨ ᠡᠳᠡᠭᠡᠷ ᠢ ᠢᠳᠡᠵᠦ ᠪᠣᠯᠣᠨ᠎ᠠ᠃ 14 ᠢᠰᠷᠧᠯ ᠤᠨ ᠳᠣᠲᠣᠷ᠎ᠠ ᠨᠠᠳᠠ ᠳᠤ ᠵᠣᠷᠢᠭᠤᠯᠤᠭᠳᠠᠭᠰᠠᠨ ᠵᠦᠢᠯ ᠪᠣᠯᠭᠠᠨ ᠴᠢᠨᠦ ᠬᠤᠪᠢ ᠪᠣᠯᠣᠨ᠎ᠠ᠃ 15 ᠶᠣᠬᠣᠸᠠ ᠳᠤ ᠡᠷᠭᠦᠬᠦ ᠤᠮᠠᠢ ᠶᠢ ᠨᠡᠭᠡᠭᠡᠭᠴᠢ ᠮᠢᠬᠠᠨ ᠪᠡᠶᠡᠲᠦ ᠪᠣᠯᠭᠠᠨ ᠨᠢ ᠬᠥᠮᠦᠨ ᠮᠠᠯ ᠢᠯᠭᠠᠯ ᠦᠭᠡᠢ ᠪᠦᠭᠦᠳᠡᠭᠡᠷ ᠴᠢᠨᠦ ᠬᠤᠪᠢ ᠪᠣᠯᠣᠨ᠎ᠠ᠃ ᠭᠡᠬᠦ ᠳᠡᠭᠡᠨ ᠬᠥᠮᠦᠨ ᠦ ᠤᠤᠭᠠᠨ ᠦᠷ᠎ᠡ ᠶᠢ ᠴᠢ ᠵᠠᠪᠠᠯ ᠵᠣᠯᠢᠨ ᠠᠪᠴᠤ ᠪᠤᠴᠠᠭᠠᠬᠤ ᠪᠥᠭᠡᠳ ᠪᠤᠵᠠᠷ ᠠᠮᠢᠲᠠᠳ ᠤᠨ ᠤᠤᠭᠠᠨ ᠲᠥᠯ ᠢ ᠴᠤ ᠵᠣᠯᠢᠬᠤ ᠶᠣᠰᠣᠲᠠᠢ᠃ 16 ᠬᠡᠷᠪᠡ ᠡᠳᠡᠭᠡᠷ ᠨᠢ ᠨᠢᠭᠡ ᠰᠠᠷ᠎ᠠ ᠲᠠᠢ ᠪᠣᠯ ᠴᠢ ᠲᠠᠪᠤᠨ ᠮᠥᠩᠭᠥᠨ ᠱᠧᠺᠧᠯ 63  ᠢᠶᠠᠷ ᠲᠡᠭᠦᠨ ᠢ ᠵᠣᠯᠢᠵᠤ ᠪᠤᠴᠠᠭᠠᠵᠤ ᠪᠣᠯᠣᠨ᠎ᠠ᠃ ᠠᠷᠢᠭᠤᠨ ᠭᠠᠵᠠᠷ ᠤᠨ ᠪᠠᠷᠢᠮᠵᠢᠶ᠎ᠠ ᠪᠠᠷ ᠨᠢᠭᠡ ᠱᠧᠺᠧᠯ ᠨᠢ ᠬᠣᠷᠢᠨ ᠭᠧᠷᠠ ᠶᠤᠮ᠃ 17 ᠬᠠᠷᠢᠨ ᠦᠬᠡᠷ᠂ ᠬᠣᠨᠢ᠂ ᠡᠰᠡᠪᠡᠯ ᠢᠮᠠᠭᠠᠨ ᠤ ᠤᠤᠭᠠᠨ ᠲᠥᠯ ᠨᠢ ᠠᠷᠢᠭᠤᠨ ᠪᠣᠯᠬᠣᠷ ᠲᠡᠭᠦᠨ ᠢ ᠵᠣᠯᠢᠬᠤ ᠶᠣᠰᠣ ᠦᠭᠡᠢ᠃ ᠡᠳᠡᠭᠡᠷ ᠦᠨ ᠴᠢᠰᠤ ᠶᠢ ᠲᠠᠬᠢᠯ ᠤᠨ ᠰᠢᠷᠡᠭᠡᠨ ᠳᠡᠭᠡᠷ᠎ᠡ ᠰᠠᠴᠤᠵᠤ᠂ ᠥᠭᠡᠬᠦ ᠶᠢ ᠨᠢ ᠶᠣᠬᠣᠸᠠ ᠳᠤ ᠲᠠᠭᠠᠯᠠᠭᠳᠠᠬᠤ ᠠᠩᠬᠢᠯᠤᠭᠤᠨ ᠦᠨᠦᠷ᠂ ᠭᠠᠯ ᠤᠨ ᠲᠠᠬᠢᠯ ᠪᠣᠯᠭᠠᠨ ᠰᠢᠲᠠᠭ᠎ᠠ᠃ 18 ᠭᠡᠪᠡᠴᠦ ᠮᠢᠬ᠎ᠠ ᠨᠢ ᠴᠢᠨᠦ ᠬᠤᠪᠢ ᠪᠣᠯᠣᠨ᠎ᠠ᠃ ᠡᠨᠡ ᠨᠢ ᠳᠠᠯᠠᠯᠬᠤ ᠡᠷᠭᠦᠯ ᠦᠨ ᠡᠪᠴᠢᠭᠦᠦ ᠴᠤ᠂ ᠪᠠᠷᠠᠭᠤᠨ ᠭᠤᠶ᠎ᠠ ᠴᠤ ᠴᠢᠨᠦ ᠬᠤᠪᠢ ᠪᠣᠯᠳᠠᠭ ᠲᠠᠢ ᠠᠳᠠᠯᠢ ᠶᠤᠮ᠃ 19 ᠢᠰᠷᠧᠯᠴᠦᠳ ᠦᠨ ᠶᠣᠬᠣᠸᠠ ᠨᠠᠳᠠ ᠳᠤ ᠡᠷᠭᠦᠳᠡᠭ ᠠᠷᠢᠭᠤᠨ ᠡᠷᠭᠦᠯ ᠤᠳ ᠠᠴᠠ ᠲᠤᠰᠠᠭᠠᠷᠯᠠᠭᠳᠠᠭᠰᠠᠨ ᠪᠦᠬᠦᠨ ᠢ ᠪᠢ ᠴᠢᠮ᠎ᠠ ᠳᠤ ᠪᠣᠯᠣᠨ ᠴᠢᠨᠦ ᠬᠥᠪᠡᠭᠦᠳ ᠥᠬᠢᠳ ᠲᠤ ᠪᠠᠢᠩ᠋ᠭᠤ ᠶᠢᠨ ᠬᠤᠪᠢ ᠪᠣᠯᠭᠠᠨ ᠥᠭᠭᠥᠯ᠎ᠡ᠃ ᠡᠨᠡ ᠨᠢ ᠴᠢ ᠪᠣᠯᠣᠨ ᠴᠢᠮ᠎ᠠ ᠲᠠᠢ ᠬᠠᠮᠲᠤ ᠪᠤᠢ ᠦᠷ᠎ᠡ ᠤᠳᠤᠮ ᠤᠨ ᠴᠢᠨᠢ ᠲᠥᠯᠥᠭᠡᠬᠢ ᠶᠣᠬᠣᠸᠠ ᠮᠢᠨᠦ ᠣᠷᠣᠰᠢᠬᠤᠢ ᠳᠤ ᠢᠮᠠᠭᠲᠠ ᠪᠠᠢᠬᠤ ᠳᠠᠪᠤᠰᠤᠨ ᠭᠡᠷ᠎ᠡ 64 ᠶᠤᠮ》 ᠭᠡᠪᠡ᠃ 20 ᠶᠣᠬᠣᠸᠠ ᠠᠷᠣᠨ ᠳᠤ ᠠᠢᠯᠠᠳᠤᠨ᠄ 《ᠴᠢᠮ᠎ᠠ ᠳᠤ ᠲᠡᠳᠡᠨ ᠦ ᠨᠤᠲᠤᠭ ᠲᠤ ᠥᠪ ᠪᠠᠢᠬᠤ ᠦᠭᠡᠢ᠂ ᠲᠡᠳᠡᠨ ᠦ ᠳᠤᠮᠳᠠ ᠬᠤᠪᠢ ᠴᠤ ᠦᠭᠡᠢ᠃ ᠬᠠᠷᠢᠨ ᠪᠢ ᠥᠪᠡᠷ ᠢᠶᠡᠨ ᠢᠰᠷᠧᠯᠴᠦᠳ ᠦᠨ ᠳᠤᠮᠳᠠ ᠴᠢᠨᠦ ᠬᠤᠪᠢ᠂ ᠴᠢᠨᠦ ᠥᠪ ᠪᠣᠯᠣᠨ᠎ᠠ᠃

21 ᠬᠠᠷᠠ᠂ ᠪᠢ ᠢᠰᠷᠧᠯ ᠤᠨ ᠪᠦᠬᠦ ᠠᠷᠪᠠᠨ ᠤ ᠨᠢᠭᠡ ᠶᠢ ᠯᠧᠸᠢᠴᠦᠳ ᠲᠦ ᠥᠪ ᠪᠣᠯᠭᠠᠨ ᠥᠭᠭᠥᠨ᠎ᠡ᠃ ᠡᠨᠡ ᠨᠢ ᠲᠡᠳᠡᠨ ᠦ ᠦᠢᠯᠡᠴᠢᠯᠡᠯ᠂ ᠲᠤᠬᠠᠢᠯᠠᠪᠠᠯ ᠠᠭᠤᠯᠵᠠᠯᠲᠠ ᠶᠢᠨ ᠴᠠᠴᠠᠷ ᠲᠤ ᠲᠡᠳᠡᠨ ᠦ ᠬᠢᠳᠡᠭ ᠠᠵᠢᠯ ᠤᠨ ᠬᠠᠷᠢᠭᠤ ᠶᠤᠮ᠃ 22 ᠢᠰᠷᠧᠯᠴᠦᠳ ᠣᠳᠣ ᠠᠴᠠ ᠡᠬᠢᠯᠡᠨ ᠠᠭᠤᠯᠵᠠᠯᠲᠠ ᠶᠢᠨ ᠴᠠᠴᠠᠷ ᠲᠤ ᠣᠢᠷᠠᠲᠤᠵᠤ ᠪᠣᠯᠬᠤ ᠦᠭᠡᠢ᠂ ᠡᠰᠡ ᠪᠥᠭᠡᠰᠦ ᠨᠢᠭᠦᠯ ᠢᠶᠡᠨ ᠡᠭᠦᠷᠴᠦ ᠦᠬᠦᠬᠦ ᠪᠣᠯᠣᠨ᠎ᠠ᠃ 23 ᠭᠠᠭᠴᠠ ᠬᠦ ᠯᠧᠸᠢᠴᠦᠳ ᠯᠠ ᠠᠭᠤᠯᠵᠠᠯᠲᠠ ᠶᠢᠨ ᠴᠠᠴᠠᠷ ᠲᠤ ᠦᠢᠯᠡᠴᠢᠯᠡᠬᠦ ᠪᠥᠭᠡᠳ ᠲᠡᠨᠳᠡ ᠪᠣᠯᠣᠭᠰᠠᠨ ᠭᠡᠮ ᠪᠤᠷᠤᠭᠤ ᠳᠤ ᠬᠠᠷᠢᠭᠤᠴᠠᠯᠭ᠎ᠠ ᠲᠠᠢ ᠪᠠᠢᠬᠤ ᠪᠣᠯᠣᠨ᠎ᠠ᠃ ᠡᠨᠡ ᠨᠢ ᠲᠠ ᠨᠠᠷ ᠤᠨ ᠦᠶ᠎ᠡ ᠶᠢᠨ ᠦᠶ᠎ᠡ ᠳᠦ ᠰᠠᠬᠢᠬᠤ ᠡᠭᠦᠷᠢᠳᠡ ᠶᠢᠨ ᠵᠢᠷᠤᠮ ᠶᠤᠮ᠃ ᠲᠡᠳᠡ ᠢᠰᠷᠧᠯᠴᠦᠳ ᠦᠨ ᠳᠤᠮᠳᠠ ᠥᠪ ᠥᠪᠯᠡᠬᠦ ᠦᠭᠡᠢ᠃ 24 ᠣᠷᠣᠨ ᠳᠤᠨᠢ ᠢᠰᠷᠧᠯᠴᠦᠳ ᠦᠨ ᠶᠣᠬᠣᠸᠠ ᠨᠠᠳᠠ ᠳᠤ ᠡᠷᠭᠦᠳᠡᠭ ᠡᠷᠭᠦᠯ ᠦᠨ ᠠᠷᠪᠠᠨ ᠤ ᠨᠢᠭᠡ ᠶᠢ ᠪᠢ ᠲᠡᠳᠡᠨ ᠦ ᠥᠪ ᠪᠣᠯᠭᠠᠨ ᠥᠭᠬᠦ ᠤᠴᠢᠷ ᠠᠴᠠ ᠪᠢ ᠲᠡᠳᠡᠨ ᠦ ᠲᠤᠬᠠᠢ ᠳᠤ᠄ 〈ᠢᠰᠷᠧᠯᠴᠦᠳ ᠦᠨ ᠳᠤᠮᠳᠠ ᠠᠴᠠ ᠥᠪ ᠥᠪᠯᠡᠬᠦ ᠦᠭᠡᠢ〉 ᠭᠡᠵᠦ ᠬᠡᠯᠡᠭᠰᠡᠨ》 ᠭᠡᠪᠡ᠃

25 ᠶᠣᠬᠣᠸᠠ ᠮᠣᠰᠧ ᠳᠤ ᠠᠢᠯᠠᠳᠤᠨ᠄ 26 《ᠯᠧᠸᠢᠴᠦᠳ ᠲᠦ ᠵᠠᠬᠢ᠄ ᠮᠢᠨᠦ ᠲᠠ ᠨᠠᠷ ᠲᠤ ᠥᠪ ᠪᠣᠯᠭᠠᠨ ᠥᠭᠬᠦ ᠠᠷᠪᠠᠨ ᠤ ᠨᠢᠭᠡ ᠶᠢ ᠢᠰᠷᠧᠯᠴᠦᠳ ᠡᠴᠡ ᠬᠦᠯᠢᠶᠡᠨ ᠠᠪᠤᠪᠠᠯ᠂ ᠲᠠ ᠨᠠᠷ ᠡᠭᠦᠨ ᠦ ᠪᠠᠨ ᠠᠷᠪᠠᠨ ᠤ ᠨᠢᠭᠡ ᠶᠢ ᠶᠣᠬᠣᠸᠠ ᠳᠤ ᠡᠷᠭᠦᠯ ᠪᠣᠯᠭᠠᠨ ᠡᠷᠭᠦ᠃ 27 ᠲᠠ ᠨᠠᠷ ᠤᠨ ᠡᠷᠭᠦᠯ ᠢ ᠪᠢ ᠦᠲᠦᠷᠮ᠎ᠡ ᠡᠴᠡ ᠭᠠᠷᠤᠭᠰᠠᠨ ᠦᠷ᠎ᠡ ᠲᠠᠷᠢᠶ᠎ᠠ᠂ ᠦᠵᠦᠮ ᠦᠨ ᠳᠠᠷᠠᠰᠤᠨ ᠤ ᠰᠢᠬᠠᠭᠤᠷᠭ᠎ᠠ ᠠᠴᠠ ᠭᠠᠷᠤᠭᠰᠠᠨ ᠳᠡᠭᠡᠵᠢ 65  ᠳᠤ ᠲᠣᠭᠠᠴᠠᠬᠤ ᠪᠣᠯᠣᠨ᠎ᠠ᠃ 28 ᠲᠡᠢᠨ ᠬᠦ ᠲᠠ ᠨᠠᠷ ᠴᠤ ᠢᠰᠷᠧᠯᠴᠦᠳ ᠡᠴᠡ ᠬᠦᠯᠢᠶᠡᠨ ᠠᠪᠤᠭᠰᠠᠨ ᠠᠷᠪᠠᠨ ᠤ ᠨᠢᠭᠡ ᠪᠦᠷᠢ ᠡᠴᠡ ᠪᠡᠨ ᠶᠣᠬᠣᠸᠠ ᠳᠤ ᠡᠷᠭᠦᠯ ᠡᠷᠭᠦ᠃ ᠡᠳᠡᠭᠡᠷ ᠠᠷᠪᠠᠨ ᠤ ᠨᠢᠭᠡ ᠡᠴᠡ ᠶᠣᠬᠣᠸᠠ ᠶᠢᠨ ᠬᠤᠪᠢ ᠶᠢ ᠲᠠᠬᠢᠯᠴᠢ ᠠᠷᠣᠨ ᠳᠤ ᠥᠭ᠃ 29 ᠲᠠ ᠨᠠᠷ ᠬᠦᠯᠢᠶᠡᠨ ᠠᠪᠤᠭᠰᠠᠨ ᠪᠦᠬᠦᠨ ᠡᠴᠡ ᠪᠡᠨ ᠳᠡᠭᠡᠵᠢ᠂ ᠬᠠᠮᠤᠭ ᠤᠨ ᠠᠷᠢᠭᠤᠨ ᠢ ᠨᠢ ᠶᠣᠬᠣᠸᠠ ᠶᠢᠨ ᠬᠤᠪᠢ ᠪᠣᠯᠭᠠᠵᠤ ᠡᠷᠭᠦᠬᠦ ᠶᠣᠰᠣᠲᠠᠢ᠃ 30 ᠯᠧᠸᠢᠴᠦᠳ ᠲᠦ ᠵᠠᠬᠢ᠄ ᠲᠠ ᠨᠠᠷ ᠳᠡᠭᠡᠵᠢ ᠪᠠᠨ ᠠᠪᠴᠤ ᠡᠷᠭᠦᠪᠡᠯ ᠪᠢ ᠡᠭᠦᠨ ᠢ ᠯᠧᠸᠢᠴᠦᠳ ᠦᠨ ᠦᠲᠦᠷᠮ᠎ᠡ ᠶᠢᠨ ᠣᠯᠵᠠ᠂ ᠦᠵᠦᠮ ᠦᠨ ᠳᠠᠷᠠᠰᠤᠨ ᠤ ᠰᠢᠬᠠᠭᠤᠷᠭ᠎ᠠ ᠶᠢᠨ ᠣᠯᠵᠠᠨ ᠳᠤ ᠲᠣᠭᠠᠴᠠᠨ᠎ᠠ᠃ 31 ᠦᠯᠡᠳᠡᠪᠦᠷᠢ ᠶᠢ ᠨᠢ ᠲᠠ ᠨᠠᠷ ᠪᠣᠯᠣᠨ ᠲᠠᠨ ᠤ ᠭᠡᠷ ᠦᠨ ᠬᠢᠨ ᠬᠠᠮᠢᠭ᠎ᠠ ᠴᠤ ᠢᠳᠡᠵᠦ ᠪᠣᠯᠣᠨ᠎ᠠ᠃ ᠤᠴᠢᠷ ᠨᠢ ᠠᠭᠤᠯᠵᠠᠯᠲᠠ ᠶᠢᠨ ᠴᠠᠴᠠᠷ ᠳᠠᠬᠢ ᠲᠠ ᠨᠠᠷ ᠤᠨ ᠠᠵᠢᠯ ᠤᠨ ᠬᠥᠯᠥᠰᠥ ᠨᠢ ᠡᠨᠡ ᠶᠤᠮ᠃ 32 ᠡᠭᠦᠨ ᠦ ᠳᠡᠭᠡᠵᠢ ᠶᠢ ᠡᠷᠭᠦᠪᠡᠯ᠂ ᠲᠠ ᠨᠠᠷ ᠡᠭᠦᠨ ᠦ ᠤᠯᠠᠮ ᠢᠶᠠᠷ ᠭᠡᠮ ᠨᠢᠭᠦᠯ ᠡᠭᠦᠷᠬᠦ ᠦᠭᠡᠢ᠃ ᠬᠠᠷᠢᠨ ᠢᠰᠷᠧᠯᠴᠦᠳ ᠦᠨ ᠠᠷᠢᠭᠤᠨ ᠡᠷᠭᠦᠯ ᠤᠳ ᠢ ᠪᠤᠵᠠᠷᠯᠠᠵᠤ ᠪᠣᠯᠬᠤ ᠦᠭᠡᠢ᠂ ᠡᠰᠡ ᠪᠥᠭᠡᠰᠦ ᠲᠠ ᠨᠠᠷ ᠦᠬᠦᠬᠦ ᠪᠣᠯᠣᠨ᠎ᠠ》 ᠭᠡᠯ᠎ᠡ᠃