ᠲᠣᠭᠠᠯᠠᠯᠭ᠎ᠠ ᠭᠤᠴᠢᠨ ᠳᠥᠷᠪᠡ
ᠺᠠᠨᠠᠨ ᠨᠤᠲᠤᠭ ᠤᠨ ᠬᠢᠯᠢ ᠬᠢᠵᠠᠭᠠᠷ
1 ᠶᠣᠬᠣᠸᠠ ᠮᠣᠰᠧ ᠳᠤ ᠠᠢᠯᠠᠳᠤᠨ᠄ 2 《ᠢᠰᠷᠧᠯᠴᠦᠳ ᠲᠦ ᠵᠠᠬᠢᠵᠤ ᠬᠡᠯᠡ᠄ ᠲᠠ ᠨᠠᠷ ᠺᠠᠨᠠᠨ ᠨᠤᠲᠤᠭ ᠲᠤ ᠣᠷᠣᠬᠤ ᠭᠡᠵᠦ ᠪᠤᠢ᠂ ᠲᠠ ᠨᠠᠷ ᠲᠤ ᠨᠣᠭᠳᠠᠬᠤ ᠥᠪ ᠪᠣᠯᠬᠤ ᠺᠠᠨᠠᠨ ᠤ ᠬᠢᠯᠢ ᠬᠢᠵᠠᠭᠠᠷ ᠡᠢᠮᠦ ᠪᠠᠢᠨ᠎ᠠ᠄ 3 ᠲᠠ ᠨᠠᠷ ᠤᠨ ᠡᠮᠦᠨᠡᠲᠦ ᠬᠢᠵᠠᠭᠠᠷ ᠡᠳᠣᠮ ᠤᠨ ᠬᠢᠯᠢ ᠲᠠᠢ ᠨᠡᠢᠯᠡᠬᠦ ᠽᠢᠨ ᠤ ᠴᠥᠯ ᠢ ᠪᠠᠭᠲᠠᠭᠠᠵᠤ᠂ ᠬᠢᠯᠢ ᠨᠢ ᠭᠡᠪᠡᠯ᠂ ᠳᠣᠷᠣᠨ᠎ᠠ ᠲᠠᠯ᠎ᠠ ᠳᠤ ᠪᠠᠢᠭ᠎ᠠ ᠳᠠᠪᠤᠰᠤᠲᠤ ᠲᠠᠩᠭᠢᠰ ᠤᠨ ᠠᠳᠠᠭ ᠠᠴᠠ ᠡᠬᠢᠯᠡᠨ᠂ 4 ᠬᠢᠯᠢᠨᠴᠡᠲᠦ ᠶᠢᠨ ᠳᠠᠪᠠᠭᠠᠨ ᠤ ᠵᠠᠮ ᠢ ᠥᠩᠭᠡᠷᠡᠨ ᠽᠢᠨ ᠤᠷᠤᠭᠤ ᠦᠷᠭᠦᠯᠵᠢᠯᠡᠵᠦ᠂ ᠺᠠᠳᠧᠱ ᠪᠠᠷᠨᠧᠶ᠎ᠠ ᠶᠢᠨ ᠡᠮᠦᠨ᠎ᠡ ᠵᠦᠭ ᠲᠦ ᠬᠦᠷᠦᠨ᠎ᠡ᠂ ᠲᠡᠨᠳᠡ ᠡᠴᠡ ᠬᠠᠽᠠᠷᠶᠠᠳᠠᠷ ᠲᠤ ᠬᠦᠷᠴᠦ ᠠᠽᠮᠣᠨ ᠤᠷᠤᠭᠤ ᠦᠷᠭᠦᠯᠵᠢᠯᠡᠨ᠂ 5 ᠠᠽᠮᠣᠨ ᠠᠴᠠ ᠡᠷᠭᠢᠵᠦ ᠶᠧᠵᠢᠫᠲ ᠤᠨ ᠭᠣᠷᠣᠬ᠎ᠠ ᠲᠠᠢ ᠨᠡᠢᠯᠡᠨ ᠳᠠᠯᠠᠢ ᠳᠤ ᠬᠦᠷᠬᠦ ᠪᠣᠯᠣᠨ᠎ᠠ᠃
6 ᠲᠠ ᠨᠠᠷ ᠤᠨ ᠪᠠᠷᠠᠭᠤᠨ ᠬᠢᠯᠢ ᠭᠡᠪᠡᠯ᠂ ᠶᠡᠬᠡ ᠲᠠᠩᠭᠢᠰ ᠪᠣᠯᠣᠨ᠎ᠠ᠂ ᠡᠨᠡ ᠨᠢ ᠲᠠ ᠨᠠᠷ ᠤᠨ ᠪᠠᠷᠠᠭᠤᠨ ᠬᠢᠵᠠᠭᠠᠷ ᠶᠤᠮ᠃
7 ᠲᠠ ᠨᠠᠷ ᠤᠨ ᠤᠮᠠᠷᠠᠲᠤ ᠬᠢᠯᠢ ᠭᠡᠪᠡᠯ᠂ ᠬᠢᠯᠢ ᠶᠢᠨ ᠱᠤᠭᠤᠮ ᠢᠶᠠᠨ ᠶᠡᠬᠡ ᠲᠠᠩᠭᠢᠰ ᠠᠴᠠ ᠬᠣᠷ ᠠᠭᠤᠯᠠ ᠬᠦᠷᠲᠡᠯ᠎ᠡ᠂ 8 ᠬᠣᠷ ᠠᠭᠤᠯᠠᠨ ᠠᠴᠠ ᠯᠧᠪᠣᠬᠠᠮᠠᠲ ᠬᠦᠷᠲᠡᠯ᠎ᠡ ᠲᠠᠲᠠᠵᠤ ᠽᠧᠳᠠᠳ᠋ ᠲᠤ ᠬᠦᠷᠭᠡᠨ᠂ 9 ᠽᠢᠹᠷᠣᠨ ᠤᠷᠤᠭᠤ ᠦᠷᠭᠦᠯᠵᠢᠯᠡᠭᠦᠯᠦᠨ᠂ ᠬᠠᠽᠠᠷ ᠧᠨᠠᠨ ᠳᠤ ᠳᠠᠭᠤᠰᠬᠠᠨ᠎ᠠ᠃ ᠡᠨᠡ ᠨᠢ ᠲᠠ ᠨᠠᠷ ᠤᠨ ᠤᠮᠠᠷᠠᠲᠤ ᠬᠢᠵᠠᠭᠠᠷ ᠶᠤᠮ᠃ 10 ᠲᠠ ᠨᠠᠷ ᠵᠡᠭᠦᠨ ᠬᠢᠯᠢ ᠶᠢᠨ ᠱᠤᠭᠤᠮ ᠢᠶᠠᠨ ᠬᠠᠽᠠᠷ ᠧᠨᠠᠨ ᠠᠴᠠ ᠱᠧᠹᠠᠮ ᠬᠦᠷᠲᠡᠯ᠎ᠡ ᠲᠠᠲᠠ᠃ 11 ᠡᠨᠡ ᠬᠢᠯᠢ ᠨᠢ ᠱᠧᠹᠠᠮ ᠠᠴᠠ ᠠᠶ᠋ᠢᠨ ᠤ ᠵᠡᠭᠦᠨ ᠲᠠᠯ᠎ᠠ ᠳᠠᠬᠢ ᠷᠢᠪᠯᠠ ᠤᠷᠤᠭᠤ ᠤᠷᠤᠭᠤᠳᠠᠨ᠂ ᠺᠢᠨᠧᠷᠧᠲ ᠤᠨ ᠲᠠᠩᠭᠢᠰ ᠤᠨ ᠵᠡᠭᠦᠨ ᠲᠠᠯ᠎ᠠ ᠳᠤ ᠬᠦᠷᠬᠦ ᠪᠣᠯᠣᠨ᠎ᠠ᠃ 12 ᠲᠡᠷᠡ ᠬᠢᠯᠢ ᠶᠣᠷᠳᠠᠨ ᠭᠣᠣᠯ ᠢ ᠳᠠᠭᠠᠵᠤ ᠤᠷᠤᠭᠤᠳᠠᠭᠠᠳ ᠳᠠᠪᠤᠰᠤᠲᠤ ᠲᠠᠩᠭᠢᠰ ᠤᠨ ᠠᠳᠠᠭ ᠲᠤ ᠳᠠᠭᠤᠰᠤᠨ᠎ᠠ᠃ ᠲᠠᠨ ᠤ ᠨᠤᠲᠤᠭ ᠤᠨ ᠡᠷᠭᠢᠨ ᠲᠣᠭᠣᠷᠢᠨ ᠤ ᠪᠦᠬᠦ ᠬᠢᠵᠠᠭᠠᠷ ᠡᠨᠡ ᠶᠤᠮ》 ᠭᠡᠪᠡ᠃
13 ᠮᠣᠰᠧ ᠢᠰᠷᠧᠯᠴᠦᠳ ᠲᠦ ᠵᠠᠬᠢᠨ᠄ 《ᠡᠨᠡ ᠪᠣᠯ ᠲᠠ ᠨᠠᠷ ᠤᠨ ᠰᠢᠪᠠᠭ᠎ᠠ ᠬᠠᠶᠠᠵᠤ ᠥᠪᠯᠡᠬᠦ ᠨᠤᠲᠤᠭ ᠶᠤᠮ᠃ ᠶᠣᠬᠣᠸᠠ ᠶᠢᠰᠦᠨ ᠣᠪᠣᠭ ᠪᠣᠯᠣᠨ ᠬᠠᠭᠠᠰ ᠣᠪᠣᠭ ᠲᠤ ᠡᠨᠡ ᠭᠠᠵᠠᠷ ᠢ ᠥᠭᠬᠦ ᠶᠢ ᠵᠠᠬᠢᠭᠰᠠᠨ᠃ 14 ᠤᠴᠢᠷ ᠨᠢ ᠷᠧᠣᠪᠧᠨ ᠣᠪᠣᠭ᠂ ᠭᠠᠳ᠋ ᠣᠪᠣᠭ᠂ ᠮᠠᠨᠠᠰᠧ ᠶᠢᠨ ᠬᠠᠭᠠᠰ ᠣᠪᠣᠭ ᠨᠢ ᠪᠦᠯᠢ ᠨᠦᠭᠦᠳ ᠦᠨ ᠢᠶᠠᠨ ᠳᠠᠭᠠᠤ ᠥᠪᠡᠷ ᠥᠪᠡᠷᠰᠡᠳ ᠦᠨ ᠥᠪ ᠢᠶᠡᠨ ᠬᠦᠷᠲᠡᠭᠰᠡᠨ ᠪᠠᠢᠯ᠎ᠠ᠃ 15 ᠡᠳᠡᠭᠡᠷ ᠬᠣᠶᠠᠷ ᠣᠪᠣᠭ ᠪᠣᠯᠣᠨ ᠬᠠᠭᠠᠰ ᠣᠪᠣᠭ ᠨᠢ ᠶᠧᠷᠢᠺᠣ ᠶᠢᠨ ᠬᠠᠷᠠᠯᠳᠤᠭ᠎ᠠ ᠶᠣᠷᠳᠠᠨ ᠤ ᠵᠡᠭᠦᠨ ᠲᠠᠯ᠎ᠠ᠂ ᠨᠠᠷᠠᠨ ᠮᠠᠨᠳᠤᠬᠤ ᠵᠦᠭ ᠲᠦ ᠥᠪ ᠢᠶᠡᠨ ᠬᠦᠷᠲᠡᠭᠰᠡᠨ ᠶᠤᠮ》 ᠭᠡᠪᠡ᠃
16 ᠶᠣᠬᠣᠸᠠ ᠮᠣᠰᠧ ᠳᠤ ᠠᠢᠯᠠᠳᠤᠨ᠄ 17 《ᠲᠠ ᠨᠠᠷ ᠲᠤ ᠲᠡᠷᠡ ᠨᠤᠲᠤᠭ ᠢ ᠬᠤᠪᠢᠶᠠᠨ ᠥᠭᠬᠦ ᠬᠥᠮᠦᠰ ᠦᠨ ᠨᠡᠷᠡᠰ ᠨᠢ ᠲᠠᠬᠢᠯᠴᠢ ᠡᠯᠧᠶᠠᠽᠠᠷ᠂ ᠨᠦᠨ ᠦ ᠬᠦᠦ ᠶᠣᠱᠦ᠋ᠶ᠎ᠠ ᠨᠠᠷ ᠶᠤᠮ᠃ 18 ᠲᠡᠳᠡ ᠨᠠᠷ ᠠᠴᠠ ᠭᠠᠳᠠᠨ᠎ᠠ ᠣᠪᠣᠭ ᠪᠦᠷᠢ ᠡᠴᠡ ᠨᠢᠭᠡ ᠤᠳᠤᠷᠢᠳᠤᠭᠴᠢ ᠲᠣᠮᠢᠯᠠᠭᠠᠳ ᠲᠡᠷᠡ ᠭᠠᠵᠠᠷ ᠢ ᠬᠤᠪᠢᠶᠠᠵᠤ ᠥᠭᠬᠦ ᠳᠦᠨᠢ ᠲᠤᠰᠠᠯᠠᠭᠤᠯ᠃
19 ᠲᠡᠷᠡ ᠬᠥᠮᠦᠰ ᠦᠨ ᠨᠡᠷᠡᠰ ᠨᠢ᠄ ᠶᠦᠳᠠ ᠣᠪᠣᠭ ᠠᠴᠠ ᠶᠧᠹᠦ᠋ᠨᠧ ᠶᠢᠨ ᠬᠦᠦ ᠺᠠᠯᠧᠪ᠂ 20 ᠰᠢᠮᠧᠶᠣᠨ ᠣᠪᠣᠭ ᠠᠴᠠ ᠠᠮᠢᠾᠦ᠋ᠳ᠋ ᠤᠨ ᠬᠦᠦ ᠱᠧᠮᠦ᠋ᠶᠧᠯ᠂ 21 ᠪᠢᠨᠶᠠᠮᠢᠨ ᠣᠪᠣᠭ ᠠᠴᠠ ᠺᠢᠰᠯᠣᠨ ᠤ ᠬᠦᠦ ᠡᠯᠢᠳᠠᠳ᠋᠂ 22 ᠳ᠋ᠠᠨ ᠣᠪᠣᠭ ᠤᠨ ᠤᠳᠤᠷᠢᠳᠤᠭᠴᠢ ᠶᠣᠭᠯᠢ ᠶᠢᠨ ᠬᠦᠦ ᠪᠦᠺᠢ᠂ 23 ᠶᠣᠰᠧᠹ ᠤᠨ ᠬᠦᠦ ᠮᠠᠨᠠᠰᠧ ᠣᠪᠣᠭ ᠤᠨ ᠤᠳᠤᠷᠢᠳᠤᠭᠴᠢ ᠡᠹᠣᠳ ᠤᠨ ᠬᠦᠦ ᠬᠠᠨᠢᠶᠧᠯ᠂ 24 ᠡᠹᠷᠠᠢᠮ ᠣᠪᠣᠭ ᠤᠨ ᠤᠳᠤᠷᠢᠳᠤᠭᠴᠢ ᠱᠢᠹᠲ᠋ᠠᠨ ᠤ ᠬᠦᠦ ᠺᠧᠮᠦ᠋ᠶᠧᠯ᠂ 25 ᠽᠧᠪᠦ᠋ᠯᠣᠨ ᠣᠪᠣᠭ ᠤᠨ ᠤᠳᠤᠷᠢᠳᠤᠭᠴᠢ ᠫᠠᠷᠨᠠᠺ ᠤᠨ ᠬᠦᠦ ᠡᠯᠢᠱᠠᠹᠠᠨ᠂ 26 ᠢᠰᠠᠺᠠᠷ ᠣᠪᠣᠭ ᠤᠨ ᠤᠳᠤᠷᠢᠳᠤᠭᠴᠢ ᠠᠽᠠᠨ ᠤ ᠬᠦᠦ ᠫᠠᠯᠲ᠋ᠢᠶᠧᠯ᠂ 27 ᠠᠱᠧᠷ ᠣᠪᠣᠭ ᠤᠨ ᠤᠳᠤᠷᠢᠳᠤᠭᠴᠢ ᠱᠧᠯᠣᠮᠢ ᠶᠢᠨ ᠬᠦᠦ ᠠᠾᠢᠾᠦ᠋ᠳ᠋᠂ 28 ᠨᠠᠹᠲ᠋ᠠᠯᠢ ᠣᠪᠣᠭ ᠤᠨ ᠤᠳᠤᠷᠢᠳᠤᠭᠴᠢ ᠠᠮᠢᠾᠦ᠋ᠳ᠋ ᠤᠨ ᠬᠦᠦ ᠫᠧᠳᠠᠾᠧᠯ ᠨᠠᠷ ᠶᠤᠮ》 ᠭᠡᠪᠡ᠃ 29 ᠶᠣᠬᠣᠸᠠ ᠶᠢᠨ ᠲᠤᠰᠢᠶᠠᠭᠰᠠᠨ ᠶᠣᠰᠣᠭᠠᠷ ᠺᠠᠨᠠᠨ ᠨᠤᠲᠤᠭ ᠲᠤ ᠢᠰᠷᠧᠯᠴᠦᠳ ᠲᠦ ᠥᠪ ᠬᠤᠪᠢᠶᠠᠨ ᠥᠭᠬᠦ ᠬᠥᠮᠦᠰ ᠨᠢ ᠡᠳᠡ ᠨᠠᠷ ᠪᠢᠯᠡ᠃