ᠶᠣᠨᠠ ᠭᠤᠷᠪᠠ
ᠲᠤᠩ᠋ᠬᠠᠭᠯᠠᠯ᠂ ᠭᠡᠮᠰᠢᠯ
1 ᠶᠣᠬᠣᠸᠠ ᠶᠢᠨ ᠦᠭᠡ ᠶᠣᠨᠠ ᠳᠤ ᠬᠣᠶᠠᠳᠠᠬᠢ ᠤᠳᠠᠭ᠎ᠠ ᠪᠠᠨ ᠢᠷᠡᠵᠦ᠄ 2 《ᠪᠣᠰᠣᠭᠠᠳ ᠶᠡᠬᠡ ᠬᠣᠲᠠ ᠨᠢᠨᠧᠸᠧ ᠤᠷᠤᠭᠤ ᠣᠴᠢᠵᠤ᠂ ᠮᠢᠨᠦ ᠴᠢᠮ᠎ᠠ ᠳᠤ ᠶᠠᠷᠢᠬᠤ ᠦᠭᠡ ᠶᠢ ᠲᠤᠩ᠋ᠬᠠᠭᠯᠠ》 ᠭᠡᠬᠦ ᠳᠦ᠂ 3 ᠶᠣᠨᠠ ᠪᠣᠰᠴᠤ᠂ ᠶᠣᠬᠣᠸᠠ ᠶᠢᠨ ᠦᠭᠡᠨ ᠦ ᠳᠠᠭᠠᠤ ᠨᠢᠨᠧᠸᠧ ᠤᠷᠤᠭᠤ ᠶᠠᠪᠤᠪᠠ᠃ ᠨᠢᠨᠧᠸᠧ ᠨᠢ ᠭᠤᠷᠪᠠᠨ ᠡᠳᠦᠷ ᠶᠠᠪᠤᠵᠤ ᠲᠤᠭᠤᠯᠬᠤ ᠪᠠᠷ ᠠᠤᠭ᠎ᠠ ᠲᠣᠮᠣ ᠬᠣᠲᠠ ᠪᠠᠢᠪᠠ᠃ 4 ᠶᠣᠨᠠ ᠬᠣᠲᠠ ᠳᠤ ᠣᠷᠣᠭᠠᠳ ᠨᠢᠭᠡᠯᠬᠡᠨ ᠡᠳᠦᠷ ᠶᠠᠪᠤᠵᠤ᠄ 《ᠳᠥᠴᠢ ᠬᠣᠨᠣᠭ ᠤᠨ ᠳᠠᠷᠠᠭ᠎ᠠ ᠨᠢᠨᠧᠸᠧ ᠨᠤᠷᠠᠬᠤ ᠪᠣᠯᠣᠨ᠎ᠠ》 ᠭᠡᠵᠦ ᠲᠤᠩ᠋ᠬᠠᠭᠯᠠᠪᠠ᠃ 5 ᠨᠢᠨᠧᠸᠧ ᠶᠢᠨ ᠬᠢᠨ ᠪᠤᠷᠬᠠᠨ ᠳᠤ ᠢᠲᠡᠭᠡᠵᠡᠭᠡᠪᠡ᠃ ᠲᠡᠳᠡ ᠪᠠᠴᠠᠭ ᠪᠠᠷᠢᠯᠲᠠ ᠶᠢ ᠵᠠᠷᠯᠠᠵᠤ᠂ ᠶᠡᠬᠡ ᠪᠠᠭ᠎ᠠ ᠦᠭᠡᠢ ᠪᠦᠭᠦᠳᠡᠭᠡᠷ ᠲᠠᠭᠠᠷ ᠨᠥᠮᠥᠷᠴᠡᠢ᠃
6 ᠡᠨᠡ ᠮᠡᠳᠡᠭᠡ ᠨᠢᠨᠧᠸᠧ ᠶᠢᠨ ᠬᠠᠭᠠᠨ ᠳᠤ ᠬᠦᠷᠬᠦ ᠳᠦ᠂ ᠲᠡᠷᠡ ᠪᠡᠷ ᠰᠡᠨᠲᠢ ᠡᠴᠡ ᠪᠡᠨ ᠪᠣᠰᠣᠭᠠᠳ ᠳᠡᠪᠡᠯ ᠢᠶᠡᠨ ᠲᠠᠢᠯᠤᠨ᠂ ᠲᠠᠭᠠᠷ ᠨᠥᠮᠥᠷᠥᠨ ᠦᠨᠡᠰᠦᠨ ᠳᠡᠭᠡᠷ᠎ᠡ ᠰᠠᠭᠤᠪᠠ᠃ 7 ᠬᠠᠭᠠᠨ ᠥᠪᠡᠷ ᠦᠨ ᠢᠶᠠᠨ ᠪᠣᠯᠣᠨ ᠨᠣᠶᠠᠳ ᠤᠨ ᠢᠶᠠᠨ ᠨᠡᠷ᠎ᠡ ᠪᠡᠷ ᠨᠢᠨᠧᠸᠧ ᠳᠠᠶᠠᠭᠠᠷ ᠵᠠᠷᠯᠢᠭ ᠭᠠᠷᠭᠠᠨ ᠲᠤᠩ᠋ᠬᠠᠭᠯᠠᠵᠤ᠄ 《ᠬᠥᠮᠦᠨ᠂ ᠠᠮᠢᠲᠠᠨ᠂ ᠦᠬᠡᠷ᠂ ᠬᠣᠨᠢ ᠪᠦᠭᠦᠳᠡᠭᠡᠷ ᠶᠠᠭᠤ ᠴᠤ ᠠᠮᠰᠠᠵᠤ ᠪᠣᠯᠬᠤ ᠦᠭᠡᠢ᠂ ᠢᠳᠡᠵᠦ ᠪᠣᠯᠬᠤ ᠦᠭᠡᠢ᠂ ᠤᠰᠤ ᠤᠤᠭᠤᠵᠤ ᠪᠣᠯᠬᠤ ᠦᠭᠡᠢ᠃ 8 ᠬᠥᠮᠦᠨ ᠠᠮᠢᠲᠠᠨ ᠲᠠᠭᠠᠷ ᠨᠥᠮᠥᠷᠴᠦ᠂ ᠪᠤᠷᠬᠠᠨ ᠢ ᠬᠦᠴᠦᠯᠡᠨ ᠳᠠᠭᠤᠳᠠᠵᠤ᠂ ᠬᠥᠮᠦᠨ ᠪᠣᠯᠭᠠᠨ ᠬᠣᠷᠣᠨ ᠮᠠᠭᠤ ᠵᠠᠮ ᠠᠴᠠ ᠪᠠᠨ᠂ ᠭᠠᠷ ᠤᠨ ᠢᠶᠠᠨ ᠬᠦᠴᠦᠷᠬᠡᠭᠯᠡᠯ ᠡᠴᠡ ᠡᠷᠭᠢᠲᠦᠭᠡᠢ︕ 9 ᠬᠡᠨ ᠮᠡᠳᠡᠬᠦ ᠪᠢᠯᠡ︖ ᠪᠤᠷᠬᠠᠨ ᠰᠠᠨᠠᠭ᠎ᠠ ᠪᠠᠨ ᠡᠷᠭᠢᠭᠦᠯᠵᠦ᠂ ᠵᠥᠭᠡᠯᠡᠷᠡᠨ᠂ ᠳᠣᠭᠰᠢᠨ ᠬᠢᠯᠢᠩ ᠢᠶᠠᠨ ᠡᠷᠭᠢᠭᠦᠯᠪᠡᠯ ᠪᠢᠳᠡ ᠤᠰᠠᠳᠬᠤ ᠦᠭᠡᠢ ᠮᠠᠭᠠᠳ》 ᠭᠡᠪᠡ᠃
10 ᠪᠤᠷᠬᠠᠨ ᠲᠡᠳᠡᠨ ᠦ ᠦᠢᠯᠡᠰ ᠢ ᠬᠠᠷᠠᠬᠤ ᠳᠤ᠂ ᠲᠡᠳᠡ ᠬᠣᠷᠣᠨ ᠮᠠᠭᠤ ᠵᠠᠮ ᠠᠴᠠ ᠪᠠᠨ ᠡᠷᠭᠢᠭᠰᠡᠨ ᠪᠠᠢᠯ᠎ᠠ᠃ ᠡᠢᠮᠦ ᠡᠴᠡ ᠪᠤᠷᠬᠠᠨ ᠵᠥᠭᠡᠯᠡᠷᠡᠵᠦ ᠲᠡᠳᠡᠨ ᠦ ᠳᠡᠭᠡᠷ᠎ᠡ ᠪᠠᠭᠤᠯᠭᠠᠬᠤ ᠭᠡᠰᠡᠨ ᠭᠠᠮᠰᠢᠭ ᠢᠶᠠᠨ ᠪᠠᠭᠤᠯᠭᠠᠭ᠎ᠠ ᠦᠭᠡᠢ᠃