ᠶᠣᠨᠠ ᠬᠣᠶᠠᠷ
ᠶᠣᠨᠠ ᠶᠢᠨ ᠳᠠᠭᠠᠳᠬᠠᠯ
1 ᠶᠣᠨᠠ ᠵᠢᠭᠠᠰᠤᠨ ᠤ ᠭᠡᠳᠡᠰᠦᠨ ᠳᠣᠲᠣᠷ᠎ᠠ ᠠᠴᠠ ᠥᠪᠡᠷ ᠦᠨ ᠢᠶᠠᠨ ᠪᠤᠷᠬᠠᠨ ᠶᠣᠬᠣᠸᠠ ᠳᠤ ᠳᠠᠭᠠᠳᠬᠠᠨ᠄
2 《ᠪᠢ ᠵᠣᠪᠠᠯᠠᠩ ᠤᠨ ᠳᠤᠮᠳᠠ ᠶᠣᠬᠣᠸᠠ ᠶᠢ ᠳᠠᠭᠤᠳᠠᠬᠤ ᠳᠤ ᠲᠡᠷᠡ ᠨᠠᠳᠠ ᠳᠤ ᠬᠠᠷᠢᠭᠤᠯᠪᠠ ᠪᠢ ᠦᠬᠦᠭᠰᠡᠳ ᠦᠨ ᠣᠷᠣᠨ ᠤ ᠬᠡᠪᠡᠯᠢ ᠡᠴᠡ ᠬᠠᠰᠬᠢᠷᠬᠤ ᠳᠤ ᠲᠡᠷᠡ ᠪᠡᠷ ᠳᠠᠭᠤ ᠶᠢ ᠮᠢᠨᠢ ᠰᠣᠨᠣᠰᠪᠠ᠃
3 ᠲᠠ ᠨᠠᠮᠠᠶᠢ ᠭᠦᠨ ᠤᠷᠤᠭᠤ ᠳᠠᠯᠠᠢ ᠶᠢᠨ ᠵᠢᠷᠦᠬᠡ ᠤᠷᠤᠭᠤ ᠬᠠᠶᠠᠭᠰᠠᠨ ᠳᠤ ᠤᠰᠤᠨ ᠤ ᠤᠷᠤᠰᠬᠠᠯ ᠨᠠᠮᠠᠶᠢ ᠬᠦᠷᠢᠶᠡᠯᠡᠪᠡ ᠲᠠᠨ ᠤ ᠬᠦᠴᠦᠲᠦ ᠳᠣᠯᠭᠢᠶᠠᠨ ᠶᠡᠬᠡ ᠳᠠᠪᠠᠯᠭᠠᠨ ᠮᠢᠨᠦ ᠳᠡᠭᠡᠭᠦᠷ ᠥᠩᠭᠡᠷᠡᠪᠡ᠃
4 〈ᠪᠢ ᠲᠠᠨ ᠤ ᠮᠡᠯᠮᠡᠢ ᠡᠴᠡ ᠬᠥᠭᠡᠭᠡᠭᠳᠡᠭᠰᠡᠨ ᠬᠠᠷᠢᠨ ᠪᠢ ᠲᠠᠨ ᠤ ᠠᠷᠢᠭᠤᠨ ᠥᠷᠭᠥᠭᠡ ᠶᠢ ᠳᠠᠬᠢᠨ ᠬᠠᠷᠠᠬᠤ ᠶᠤᠮ ᠰᠠᠨ〉 ᠭᠡᠵᠦ ᠪᠣᠳᠣᠪᠠ᠃
5 ᠤᠰᠤ ᠨᠠᠮᠠᠶᠢ ᠪᠦᠷᠬᠦᠵᠦ ᠭᠦᠨ ᠤᠰᠤ ᠨᠠᠮᠠᠶᠢ ᠪᠦᠰᠡᠯᠡᠪᠡ ᠲᠣᠯᠣᠭᠠᠢ ᠶᠢ ᠮᠢᠨᠢ ᠵᠠᠮᠠᠭ ᠣᠷᠢᠶᠠᠵᠤ ᠪᠠᠢᠪᠠ
6 ᠠᠭᠤᠯᠠ ᠶᠢᠨ ᠬᠣᠷᠮᠣᠢ ᠤᠷᠤᠭᠤ ᠪᠢ ᠤᠷᠤᠭᠤᠳᠠᠵᠤ ᠪᠠᠢᠪᠠ ᠠᠷᠤ ᠠᠴᠠ ᠮᠢᠨᠢ ᠭᠠᠵᠠᠷ ᠮᠥᠩᠬᠡᠳᠡ ᠬᠠᠭᠠᠭᠳᠠᠬᠤ ᠪᠣᠯᠪᠠ ᠬᠠᠷᠢᠨ ᠶᠣᠬᠣᠸᠠ ᠪᠤᠷᠬᠠᠨ ᠮᠢᠨᠢ ᠲᠠ ᠮᠢᠨᠦ ᠠᠮᠢ ᠶᠢ ᠨᠦᠬᠡᠨ ᠡᠴᠡ ᠭᠠᠷᠭᠠᠵᠠᠢ᠃
7 ᠤᠬᠠᠭᠠᠨ ᠪᠠᠯᠠᠷᠳᠠᠬᠤ ᠦᠶ᠎ᠡ ᠳᠡᠭᠡᠨ ᠪᠢ ᠶᠣᠬᠣᠸᠠ ᠶᠢ ᠰᠠᠨᠠᠭᠰᠠᠨ ᠳᠤ ᠳᠠᠭᠠᠳᠬᠠᠯ ᠮᠢᠨᠢ ᠲᠠᠨ ᠳᠤ ᠲᠠᠨ ᠤ ᠠᠷᠢᠭᠤᠨ ᠥᠷᠭᠥᠭᠡᠨ ᠳᠦ ᠬᠦᠷᠴᠡᠢ᠃
8 ᠬᠣᠭᠣᠰᠣᠨ ᠰᠢᠲᠦᠭᠡᠨ ᠨᠦᠭᠦᠳ ᠡᠴᠡ ᠵᠢᠭᠤᠷᠠᠭᠴᠢᠳ ᠬᠠᠢᠷ᠎ᠠ ᠢᠪᠡᠭᠡᠯ ᠢ ᠲᠠᠨᠢ ᠬᠠᠶᠠᠳᠠᠭ᠂
9 ᠬᠠᠷᠢᠨ ᠪᠢ ᠲᠠᠯᠠᠷᠬᠠᠯ ᠤᠨ ᠳᠠᠭᠤᠤ ᠪᠠᠷ ᠲᠠᠨ ᠳᠤ ᠲᠠᠬᠢᠯ ᠡᠷᠭᠦᠨ ᠲᠠᠩ᠋ᠭᠠᠷᠢᠭ ᠢᠶᠠᠨ ᠪᠡᠶᠡᠯᠡᠭᠦᠯᠦᠨ᠎ᠡ ᠠᠪᠤᠷᠠᠯ ᠶᠣᠬᠣᠸᠠ ᠶᠢᠨ ᠬᠢ》 ᠭᠡᠪᠡ᠃
10 ᠶᠣᠬᠣᠸᠠ ᠵᠢᠭᠠᠰᠤᠨ ᠳᠤ ᠲᠤᠰᠢᠶᠠᠭᠰᠠᠨ ᠳᠤ᠂ ᠲᠡᠷᠡ ᠪᠡᠷ ᠶᠣᠨᠠ ᠶᠢ ᠬᠠᠭᠤᠷᠠᠢ ᠭᠠᠵᠠᠷ ᠳᠡᠭᠡᠷ᠎ᠡ ᠪᠥᠭᠡᠯᠵᠢᠵᠦ ᠭᠠᠷᠭᠠᠭᠰᠠᠨ ᠪᠠᠢᠯ᠎ᠠ᠃