1 2 3 4


ᠶᠣᠨᠠ ᠳᠥᠷᠪᠡ
 ᠥᠷᠥᠰᠢᠶᠡᠯ ᠪᠠ ᠳᠤᠷ᠎ᠠ ᠦᠭᠡᠶᠢᠴᠡᠯ

1 ᠭᠡᠪᠡᠴᠦ ᠡᠨᠡ ᠨᠢ ᠶᠣᠨᠠ ᠶᠢ ᠶᠡᠬᠡᠳᠡ ᠳᠤᠷ᠎ᠠ ᠦᠭᠡᠶᠢᠴᠡᠭᠦᠯᠪᠡ᠃ ᠲᠡᠷᠡ ᠠᠭᠤᠷᠯᠠᠵᠤ᠂ 2 ᠶᠣᠬᠣᠸᠠ ᠳᠤ ᠳᠠᠭᠠᠳᠬᠠᠨ᠄ 《ᠶᠣᠬᠣᠸᠠ᠂ ᠪᠢ ᠨᠤᠲᠤᠭ ᠲᠠᠭᠠᠨ ᠪᠠᠢᠬᠤ ᠳᠠᠭᠠᠨ ᠡᠢᠮᠦ ᠪᠣᠯᠣᠨ᠎ᠠ ᠭᠡᠵᠦ ᠬᠡᠯᠡᠭᠰᠡᠨ ᠪᠢᠰᠢ ᠤᠤ︖ ᠲᠠ ᠪᠣᠯ ᠥᠷᠥᠰᠢᠶᠡᠩᠭᠦᠢ᠂ ᠥᠷᠥᠪᠴᠢ ᠪᠤᠷᠬᠠᠨ᠂ ᠠᠭᠤᠷᠯᠠᠬᠤ ᠳᠠᠭᠠᠨ ᠤᠳᠠᠭᠠᠨ᠂ ᠡᠨᠡᠷᠢᠯ ᠢᠶᠠᠷ ᠪᠢᠯᠬᠠᠮ᠎ᠠ᠂ ᠰᠢᠳᠬᠡᠯ ᠢᠶᠡᠨ ᠡᠷᠭᠢᠭᠦᠯᠬᠦ ᠳᠦ ᠪᠡᠯᠡᠨ ᠭᠡᠳᠡᠭ ᠢ ᠪᠢ ᠮᠡᠳᠡᠭᠡᠳ ᠤᠷᠢᠳᠤ ᠨᠢ ᠲᠠᠷᠱᠢᠱ ᠤᠷᠤᠭᠤ ᠵᠢᠭᠤᠲᠠᠭᠰᠠᠨ ᠶᠤᠮ᠃ 3 ᠣᠳᠣ ᠮᠢᠨᠦ ᠠᠮᠢ ᠶᠢ ᠠᠪᠤᠭᠠᠴᠢ᠂ ᠶᠣᠬᠣᠸᠠ ᠡ᠂ ᠪᠢ ᠠᠮᠢᠳᠤ ᠶᠠᠪᠤᠭᠰᠠᠨ ᠠᠴᠠ ᠦᠬᠦᠭᠰᠡᠨ ᠨᠢ ᠳᠡᠭᠡᠷ᠎ᠡ》 ᠭᠡᠰᠡᠨ ᠳᠦ᠂ 4 ᠶᠣᠬᠣᠸᠠ᠄ 《ᠴᠢᠨᠦ ᠠᠭᠤᠷᠯᠠᠬᠤ ᠨᠢ ᠵᠥᠪ ᠤᠤ︖》 ᠭᠡᠵᠡᠢ᠃ 5 ᠶᠣᠨᠠ ᠬᠣᠲᠠ ᠠᠴᠠ ᠭᠠᠷᠤᠨ᠂ ᠬᠣᠲᠠ ᠶᠢᠨ ᠵᠡᠭᠦᠨ ᠲᠠᠯ᠎ᠠ ᠳᠤ ᠰᠠᠭᠤᠵᠤ᠂ ᠲᠡᠨᠳᠡ ᠥᠪᠡᠷ ᠲᠡᠭᠡᠨ ᠵᠣᠷᠢᠭᠤᠯᠤᠨ ᠣᠷᠣᠮᠵᠢ ᠪᠠᠷᠢᠪᠠ᠃ ᠲᠡᠷᠡ ᠪᠡᠷ ᠰᠡᠭᠦᠳᠡᠷ ᠲᠤᠨᠢ ᠰᠠᠭᠤᠵᠤ᠂ ᠬᠣᠲᠠ ᠳᠤ ᠶᠠᠭᠤ ᠲᠣᠬᠢᠶᠠᠯᠳᠤᠬᠤ ᠶᠢ ᠬᠠᠷᠠᠬᠤ ᠭᠡᠵᠦ ᠪᠠᠢᠯ᠎ᠠ᠃

6 ᠶᠣᠬᠣᠸᠠ ᠪᠤᠷᠬᠠᠨ ᠨᠠᠪᠴᠢᠲᠤ ᠤᠷᠭᠤᠮᠠᠯ ᠪᠡᠯᠡᠳᠬᠡᠵᠦ᠂ ᠶᠣᠨᠠ ᠶᠢᠨ ᠳᠡᠭᠡᠭᠦᠷ ᠤᠷᠭᠤᠭᠤᠯᠤᠨ᠂ ᠲᠡᠭᠦᠨ ᠦ ᠲᠣᠯᠣᠭᠠᠢ ᠳᠡᠭᠡᠭᠦᠷ ᠨᠢ ᠰᠡᠭᠦᠳᠡᠷ ᠭᠠᠷᠭᠠᠵᠤ ᠲᠠᠪᠠ ᠦᠭᠡᠢ ᠪᠠᠢᠳᠠᠯ ᠠᠴᠠ ᠨᠢ ᠬᠠᠮᠠᠭᠠᠯᠠᠵᠠᠢ᠃ ᠶᠣᠨᠠ ᠨᠠᠪᠴᠢᠲᠤ ᠤᠷᠭᠤᠮᠠᠯ ᠤᠨ ᠤᠯᠠᠮ ᠢᠶᠠᠷ ᠮᠠᠰᠢ ᠶᠡᠬᠡ ᠪᠠᠶᠠᠷᠯᠠᠪᠠ᠃ 7 ᠳᠠᠷᠠᠭ᠎ᠠ ᠡᠳᠦᠷ ᠨᠢ ᠦᠷ ᠴᠠᠢᠬᠤ ᠳᠤ ᠪᠤᠷᠬᠠᠨ ᠬᠣᠷᠣᠬᠠᠢ ᠪᠡᠯᠡᠳᠬᠡᠭᠰᠡᠨ ᠪᠠᠢᠯ᠎ᠠ᠃ ᠬᠣᠷᠣᠬᠠᠢ ᠨᠠᠪᠴᠢᠲᠤ ᠤᠷᠭᠤᠮᠠᠯ ᠢ ᠰᠦᠢᠳᠬᠡᠭᠰᠡᠨ ᠳᠦ᠂ ᠲᠡᠷᠡ ᠨᠢ ᠬᠠᠲᠠᠪᠠ᠃ 8 ᠨᠠᠷᠠ ᠮᠠᠨᠳᠤᠬᠤ ᠳᠤ ᠪᠤᠷᠬᠠᠨ ᠳᠣᠷᠣᠨ᠎ᠠ ᠶᠢᠨ ᠰᠢᠲᠠᠮ᠎ᠠ ᠬᠠᠯᠠᠭᠤᠨ ᠰᠠᠯᠬᠢ ᠶᠢ ᠪᠡᠯᠡᠳᠬᠡᠪᠡ᠃ ᠨᠠᠷᠠ ᠶᠣᠨᠠ ᠶᠢᠨ ᠲᠣᠯᠣᠭᠠᠢ ᠶᠢ ᠰᠢᠷᠠᠭᠰᠠᠨ ᠳᠤ᠂ ᠲᠡᠷᠡ ᠪᠡᠷ ᠮᠠᠭᠤᠵᠢᠷᠠᠵᠤ᠂ ᠦᠬᠦᠬᠦ ᠶᠢ ᠬᠦᠰᠡᠮᠵᠢᠯᠡᠨ᠄ 《ᠨᠠᠳᠠ ᠳᠤ ᠠᠮᠢᠳᠤ ᠶᠠᠪᠤᠭᠰᠠᠨ ᠠᠴᠠ ᠦᠬᠦᠭᠰᠡᠨ ᠨᠢ ᠳᠡᠭᠡᠷ᠎ᠡ》 ᠭᠡᠪᠡ᠃

9 ᠪᠤᠷᠬᠠᠨ ᠶᠣᠨᠠ ᠳᠤ ᠠᠢᠯᠠᠳᠤᠨ᠄ 《ᠨᠠᠪᠴᠢᠲᠤ ᠤᠷᠭᠤᠮᠠᠯ ᠤᠨ ᠤᠯᠠᠮ ᠢᠶᠠᠷ ᠠᠭᠤᠷᠯᠠᠬᠤ ᠴᠢᠨᠢ ᠵᠦᠢ ᠲᠡᠢ ᠤᠤ︖》 ᠭᠡᠪᠡ᠃ ᠶᠣᠨᠠ᠄ 《ᠮᠢᠨᠦ ᠦᠬᠦᠲᠡᠯ᠎ᠡ ᠪᠡᠨ ᠠᠭᠤᠷᠯᠠᠬᠤ ᠨᠢ ᠵᠥᠪ》 ᠭᠡᠰᠡᠨ ᠳᠦ᠂ 10 ᠶᠣᠬᠣᠸᠠ᠄ 《ᠴᠢ ᠡᠨᠡ ᠨᠠᠪᠴᠢᠲᠤ ᠤᠷᠭᠤᠮᠠᠯ ᠢ ᠠᠷᠠᠴᠢᠯᠠᠭ᠎ᠠ ᠦᠭᠡᠢ᠂ ᠲᠡᠭᠦᠨ ᠢ ᠤᠷᠭᠤᠭᠤᠯᠤᠭ᠎ᠠ ᠴᠤ ᠦᠭᠡᠢ ᠪᠠᠢᠲᠠᠯ᠎ᠠ ᠪᠠᠨ ᠰᠥᠨᠢ ᠳᠡᠭᠡᠨ ᠤᠷᠭᠤᠭᠠᠳ᠂ ᠰᠥᠨᠢ ᠳᠡᠭᠡᠨ ᠦᠬᠦᠭᠰᠡᠨ ᠤᠷᠭᠤᠮᠠᠯ ᠢ ᠬᠠᠢᠷᠠᠯᠠᠭᠰᠠᠨ᠂ 11 ᠲᠡᠢᠮᠦ ᠪᠠᠢᠬᠤ ᠳᠤ᠂ ᠵᠥᠪ ᠪᠤᠷᠤᠭᠤ ᠭᠠᠷ ᠢᠶᠠᠨ ᠢᠯᠭᠠᠵᠤ ᠮᠡᠳᠡᠬᠦ ᠦᠭᠡᠢ ᠠᠷᠪᠠᠨ ᠬᠣᠶᠠᠷ ᠲᠦᠮᠡ ᠭᠠᠷᠤᠢ ᠬᠥᠮᠦᠨ ᠲᠡᠢ᠂ ᠪᠠᠰᠠ ᠣᠯᠠᠨ ᠠᠮᠢᠲᠠᠨ ᠲᠠᠢ ᠡᠨᠡ ᠶᠡᠬᠡ ᠬᠣᠲᠠ ᠨᠢᠨᠧᠸᠧ ᠶᠢ ᠪᠢ ᠬᠠᠢᠷᠠᠯᠠᠬᠤ ᠦᠭᠡᠢ ᠭᠡᠵᠢ ᠤᠤ︖》 ᠭᠡᠵᠦ ᠠᠢᠯᠠᠳᠪᠠ᠃