1 2 3


ᠨᠠᠾᠦ᠋ᠮ ᠭᠤᠷᠪᠠ
 ᠵᠠᠢᠯᠠᠰᠢ ᠦᠭᠡᠢ ᠰᠦᠢᠷᠡᠯ
1 ᠭᠠᠰᠠᠯᠠᠩᠲᠠᠶ᠎ᠠ᠂ ᠴᠢᠰᠤᠲᠤ ᠬᠣᠲᠠ ᠡ᠂ ᠬᠤᠳᠠᠯ ᠪᠠ ᠳᠡᠭᠡᠷᠡᠮᠳᠠᠯ ᠢᠶᠠᠷ ᠳᠦᠭᠦᠷᠴᠦ ᠬᠣᠣᠷ ᠬᠥᠨᠥᠭᠡᠯ ᠴᠢᠨᠢ ᠳᠠᠭᠤᠰᠤᠰᠢ ᠦᠭᠡᠢ ᠪᠠᠢᠨ᠎ᠠ᠃
2 ᠲᠠᠰᠢᠭᠤᠷ ᠤᠨ ᠳᠠᠭᠤ᠂ ᠳᠤᠭᠤᠢ ᠨᠤᠭᠤᠳ ᠤᠨ ᠱᠤᠤᠭᠢᠶᠠᠨ᠂ ᠳᠠᠪᠬᠢᠳᠠᠭ ᠮᠣᠷᠢᠳ᠂ ᠳᠠᠴᠢᠬᠢᠨᠠᠳᠠᠭ ᠲᠡᠷᠭᠡ ᠨᠦᠭᠦᠳ ᠪᠠᠢᠨ᠎ᠠ︕
3 ᠮᠣᠷᠢᠲᠠᠨ ᠮᠣᠷᠳᠠᠵᠤ᠂ ᠢᠯᠳᠦ ᠭᠢᠯᠠᠯᠵᠠᠵᠤ᠂ ᠵᠢᠳᠠ ᠨᠤᠭᠤᠳ ᠬᠢᠯᠠᠰᠤᠨ᠎ᠠ᠂ ᠶᠡᠬᠡ ᠠᠯᠠᠯᠭ᠎ᠠ᠂ ᠦᠬᠦᠳᠡᠯ ᠦᠨ ᠣᠪᠣᠭ᠎ᠠ᠂ ᠲᠣᠭᠠᠯᠠᠰᠢ ᠦᠭᠡᠢ ᠬᠡᠭᠦᠷ ᠪᠠᠢᠨ᠎ᠠ ᠲᠡᠭᠦᠨ ᠳᠡᠭᠡᠷ᠎ᠡ ᠨᠢ ᠬᠥᠮᠦᠨ ᠪᠦᠳᠦᠷᠢᠨ᠎ᠠ᠂
4 ᠡᠨᠡ ᠪᠦᠬᠦᠨ ᠨᠢ ᠭᠤᠸ᠎ᠠ ᠦᠵᠡᠰᠬᠦᠯᠡᠩ ᠶᠢᠯᠸᠢᠴᠢᠨ ᠶᠠᠩ᠋ᠬᠠᠨ ᠤ ᠶᠡᠬᠡ ᠵᠠᠪᠬᠠᠢᠷᠠᠯ ᠠᠴᠠ ᠪᠣᠯᠣᠭᠰᠠᠨ ᠲᠡᠷᠡ ᠵᠠᠪᠬᠠᠢᠷᠠᠯ ᠢᠶᠠᠷ ᠢᠶᠠᠨ ᠦᠨᠳᠦᠰᠦᠲᠡᠨ ᠨᠦᠭᠦᠳ ᠢ ᠥᠳᠥᠭᠡᠵᠦ ᠰᠢᠳᠢ ᠪᠠᠷ ᠢᠶᠠᠨ ᠶᠠᠰᠤᠲᠠᠨ ᠨᠤᠭᠤᠳ ᠢ ᠡᠵᠡᠮᠳᠡᠪᠡ᠃
5 《ᠬᠠᠷᠠ᠂ ᠪᠢ ᠴᠢᠨᠦ ᠡᠰᠡᠷᠭᠦ ᠪᠠᠢᠨ᠎ᠠ᠃》 ᠠᠤᠭ᠎ᠠ ᠬᠦᠴᠦᠲᠦ ᠶᠣᠬᠣᠸᠠ ᠠᠢᠯᠠᠳᠴᠤ ᠪᠠᠢᠨ᠎ᠠ᠄ 《ᠪᠢ ᠴᠢᠨᠦ ᠪᠠᠩ᠋ᠵᠠᠯ ᠢ ᠨᠢᠭᠤᠷ ᠲᠤ ᠴᠢᠨᠢ ᠬᠦᠷᠲᠡᠯ᠎ᠡ ᠢᠷᠠᠵᠤ ᠴᠢᠨᠦ ᠨᠢᠴᠦᠭᠦᠨ ᠪᠠᠢᠳᠠᠯ ᠢ ᠦᠨᠳᠦᠰᠦᠲᠡᠨ ᠨᠦᠭᠦᠳ ᠲᠦ ᠴᠢᠨᠦ ᠢᠴᠢᠭᠦᠷᠢ ᠶᠢ ᠬᠠᠭᠠᠨᠴᠢᠯᠠᠯ ᠤᠳ ᠲᠤ ᠬᠠᠷᠠᠭᠤᠯᠤᠨ᠎ᠠ᠃
6 ᠪᠢ ᠴᠢᠨᠦ ᠳᠡᠭᠡᠷ᠎ᠡ ᠵᠢᠭᠰᠢᠭᠦᠷᠢ ᠶᠢ ᠰᠢᠳᠡᠨ ᠴᠢᠮᠠᠶᠢ ᠰᠢᠪᠰᠢᠭ ᠪᠣᠯᠭᠠᠵᠤ᠂ ᠦᠵᠡᠮᠦᠷᠢ ᠪᠣᠯᠭᠠᠨ᠎ᠠ᠃
7 ᠴᠢᠮᠠᠶᠢ ᠬᠠᠷᠠᠬᠤ ᠬᠥᠮᠦᠨ ᠪᠣᠯᠭᠠᠨ ᠴᠢᠮ᠎ᠠ ᠠᠴᠠ ᠪᠤᠯᠳᠠᠵᠤ 〈ᠨᠢᠨᠧᠸᠧ ᠰᠦᠢᠷᠡᠵᠡᠢ ᠬᠡᠨ ᠲᠡᠭᠦᠨ ᠦ ᠲᠥᠯᠥᠭᠡ ᠭᠠᠰᠢᠭᠤᠳᠠᠬᠤ ᠪᠤᠢ︖〉 ᠭᠡᠬᠦ ᠪᠣᠯᠣᠨ᠎ᠠ ᠴᠢᠮᠠᠶᠢ ᠲᠠᠢᠪᠤᠰᠢᠷᠠᠭᠤᠯᠤᠭᠴᠢ ᠶᠢ ᠪᠢ ᠬᠠᠮᠢᠭ᠎ᠠ ᠠᠴᠠ ᠴᠤ ᠣᠯᠬᠤ ᠦᠭᠡᠢ᠃》
8 ᠨᠢᠨᠧᠸᠧ ᠡ᠂ ᠴᠢ ᠨᠢᠯ ᠮᠥᠷᠡᠨ ᠦ ᠳᠡᠷᠭᠡᠳᠡᠬᠢ ᠤᠰᠤ ᠪᠠᠷ ᠬᠦᠷᠢᠶᠡᠯᠡᠭᠳᠡᠭᠰᠡᠨ ᠲᠧᠪᠧ ᠡᠴᠡ ᠳᠡᠭᠡᠷ᠎ᠡ ᠭᠡᠵᠢ ᠤᠤ︖ ᠳᠠᠯᠠᠢ ᠨᠢ ᠲᠡᠭᠦᠨ ᠦ ᠴᠠᠢᠵᠠ᠂ ᠭᠣᠣᠯ ᠨᠢ ᠲᠡᠭᠦᠨ ᠦ ᠬᠡᠷᠡᠮ ᠪᠠᠢᠭᠰᠠᠨ
9 ᠺᠦᠱ ᠪᠣᠯᠣᠨ ᠶᠧᠵᠢᠫᠲ ᠲᠡᠭᠦᠨ ᠦ ᠬᠡᠮᠵᠢᠶᠡᠯᠡᠰᠢ ᠦᠭᠡᠢ ᠬᠦᠴᠦ ᠫᠦᠲ ᠪᠣᠯᠣᠨ ᠯᠦᠪᠢᠮ ᠴᠤ ᠲᠡᠭᠦᠨ ᠦ ᠬᠠᠮᠰᠠᠭᠠᠲᠠᠨ ᠪᠠᠢᠭᠰᠠᠨ᠃
10 ᠭᠡᠪᠡᠴᠦ ᠲᠡᠷᠡ ᠣᠯᠵᠠᠯᠠᠭᠳᠠᠵᠤ ᠴᠥᠯᠡᠯᠭᠡ ᠳᠦ ᠶᠠᠪᠤᠭᠰᠠᠨ ᠪᠠᠯᠴᠢᠷ ᠬᠡᠦᠬᠡᠳ ᠤᠳ ᠨᠢ ᠭᠤᠳᠤᠮᠵᠢ ᠪᠣᠯᠭᠠᠨ ᠤ ᠡᠬᠢᠨ ᠳᠤ ᠰᠠᠪᠠᠭᠳᠠᠵᠤ ᠨᠣᠶᠠᠳ ᠨᠢ ᠰᠢᠪᠠᠭ᠎ᠠ ᠪᠠᠷ ᠣᠯᠵᠠᠯᠠᠭᠤᠯᠵᠤ ᠠᠯᠳᠠᠷᠲᠠᠳ ᠨᠢ ᠳᠥᠩᠭᠡᠯᠡᠭᠦᠯᠦᠭᠰᠡᠨ ᠪᠢᠯᠡ᠃
11 ᠴᠢ ᠴᠤ ᠰᠣᠭᠲᠣᠨ᠂ ᠤᠬᠠᠭᠠᠨ ᠵᠢᠯᠣᠭᠣ ᠦᠭᠡᠢ ᠪᠣᠯᠵᠤ ᠳᠠᠢᠰᠤᠨ ᠠᠴᠠ ᠳᠠᠯᠳᠠᠯᠠᠬᠤ ᠭᠠᠵᠠᠷ ᠢ ᠬᠠᠢᠬᠤ ᠪᠣᠯᠣᠨ᠎ᠠ᠃
12 ᠴᠠᠢᠵᠠ ᠴᠢᠨᠢ ᠪᠦᠭᠦᠳᠡ ᠪᠣᠯᠪᠠᠰᠤᠷᠠᠭᠰᠠᠨ ᠵᠢᠮᠢᠰ ᠲᠠᠢ ᠢᠨᠵᠢᠷ ᠤᠨ ᠮᠣᠳᠣ ᠮᠡᠲᠦ ᠰᠡᠭᠰᠦᠷᠬᠦ ᠳᠦ ᠯᠠ ᠢᠳᠡᠭᠴᠢ ᠶᠢᠨ ᠠᠮᠠᠨ ᠳᠤ ᠤᠨᠠᠨ᠎ᠠ᠃
13 ᠬᠠᠷᠠ᠂ ᠴᠡᠷᠢᠭ ᠤᠳ ᠴᠢᠨᠢ ᠲᠠ ᠨᠠᠷ ᠤᠨ ᠳᠤᠮᠳᠠᠬᠢ ᠡᠮᠡᠭᠲᠡᠢᠴᠦᠳ ᠲᠡᠢ ᠠᠳᠠᠯᠢ ᠨᠤᠲᠤᠭ ᠤᠨ ᠴᠢᠨᠢ ᠬᠠᠭᠠᠯᠭ᠎ᠠ ᠨᠤᠭᠤᠳ ᠳᠠᠢᠰᠤᠨ ᠨᠤᠭᠤᠳ ᠤᠨ ᠴᠢᠨᠢ ᠡᠮᠦᠨ᠎ᠡ ᠤᠩ᠋ᠭᠤᠢᠨ ᠴᠤᠩ᠋ᠭᠤᠢᠵᠤ ᠬᠠᠭᠠᠯᠲᠠ ᠨᠤᠭᠤᠳ ᠴᠢᠨᠢ ᠭᠠᠯ ᠳᠤ ᠰᠢᠲᠠᠬᠤ ᠪᠣᠯᠣᠨ᠎ᠠ᠃
14 ᠪᠦᠰᠡᠯᠡᠭᠳᠡᠬᠦ ᠶᠢᠨ ᠡᠮᠦᠨ᠎ᠡ ᠤᠰᠤ ᠲᠠᠲᠠᠭᠠᠳ ᠠᠪ︕ ᠪᠡᠬᠢᠯᠡᠯᠲᠡ ᠨᠦᠭᠦᠳ ᠢᠶᠡᠨ ᠪᠡᠬᠢᠵᠢᠭᠦᠯᠦᠭᠡᠳ ᠦᠵᠡ ᠰᠢᠪᠠᠷ ᠲᠤ ᠣᠷᠣᠭᠠᠳ ᠭᠢᠰᠬᠢᠨ ᠵᠢᠭᠤᠷᠠᠵᠤ ᠲᠣᠭᠣᠰᠬ᠎ᠠ ᠶᠢᠨ ᠬᠡᠪ ᠢᠶᠡᠨ ᠰᠡᠯᠪᠢᠭᠡᠳ ᠦᠵᠡ᠃
15 ᠬᠠᠷᠢᠨ ᠲᠡᠨᠳᠡ ᠭᠠᠯ ᠴᠢᠮᠠᠶᠢ ᠵᠠᠯᠭᠢᠨ᠎ᠠ ᠰᠡᠯᠡᠮ᠎ᠡ ᠴᠢᠮᠠᠶᠢ ᠴᠠᠪᠴᠢᠨ᠂ ᠴᠠᠷᠴᠠᠬᠠᠢ ᠮᠡᠲᠦ ᠵᠠᠯᠭᠢᠨ᠎ᠠ᠃ ᠴᠢ ᠪᠠᠰᠠ ᠴᠠᠷᠴᠠᠬᠠᠢ ᠮᠡᠲᠦ ᠣᠯᠠᠰᠢᠷᠠᠭᠠᠳ ᠦᠵᠡ ᠰᠦᠷᠦᠭ ᠴᠠᠷᠴᠠᠬᠠᠢ ᠮᠡᠲᠦ ᠣᠯᠠᠰᠢᠷᠠᠭᠠᠳ ᠦᠵᠡ᠃
16 ᠴᠢ ᠬᠤᠳᠠᠯᠳᠤᠭᠠᠴᠢᠳ ᠢᠶᠠᠨ ᠲᠩᠷᠢ ᠶᠢᠨ ᠣᠳᠣᠳ ᠠᠴᠠ ᠢᠯᠡᠭᠦᠦ ᠣᠯᠠᠰᠢᠷᠠᠭᠤᠯᠵᠠᠢ ᠬᠠᠷᠢᠨ ᠲᠡᠳᠡ ᠴᠠᠷᠴᠠᠬᠠᠢ ᠠᠳᠠᠯᠢ ᠭᠠᠵᠠᠷ ᠢ ᠴᠥᠯᠮᠥᠭᠡᠳ ᠨᠢᠰᠦᠨ ᠣᠳᠣᠨ᠎ᠠ᠃
17 ᠬᠠᠷᠠᠭᠤᠯ ᠤᠳ ᠴᠢᠨᠢ ᠴᠠᠷᠴᠠᠬᠠᠢ ᠮᠡᠲᠦ ᠵᠠᠩᠵᠤᠨ ᠨᠠᠷ ᠴᠢᠨᠢ ᠬᠦᠢᠲᠡᠨ ᠡᠳᠦᠷ ᠬᠡᠷᠡᠮ ᠳᠡᠭᠡᠷ᠎ᠡ ᠰᠠᠭᠤᠭᠰᠠᠨ ᠲᠣᠮᠣ ᠴᠠᠷᠴᠠᠬᠠᠢ ᠠᠳᠠᠯᠢ ᠨᠠᠷᠠ ᠮᠠᠨᠳᠤᠮᠠᠭᠴᠠ ᠲᠡᠳᠡ ᠣᠳᠴᠤ᠂ ᠲᠡᠳᠡᠨ ᠦ ᠪᠠᠢᠭ᠎ᠠ ᠭᠠᠵᠠᠷ ᠢ ᠮᠡᠳᠡᠬᠦ ᠬᠥᠮᠦᠨ ᠠᠯᠠᠭ᠎ᠠ᠃
18 ᠠᠰᠢᠷᠢᠶ᠎ᠠ ᠶᠢᠨ ᠬᠠᠭᠠᠨ ᠡ ᠬᠣᠨᠢᠴᠢᠳ ᠴᠢᠨᠢ ᠤᠨᠲᠠᠵᠤ᠂ ᠨᠣᠶᠠᠳ ᠴᠢᠨᠢ ᠨᠣᠢᠷᠰᠣᠵᠤ ᠪᠠᠢᠨ᠎ᠠ ᠠᠷᠠᠳ ᠲᠦᠮᠡᠨ ᠴᠢᠨᠢ ᠠᠭᠤᠯᠠᠰ ᠢᠶᠠᠷ ᠲᠠᠷᠠᠭᠭᠰᠠᠨ ᠠᠲᠠᠯ᠎ᠠ ᠲᠡᠳᠡᠨ ᠢ ᠴᠤᠭᠯᠠᠭᠤᠯᠬᠤ ᠬᠥᠮᠦᠨ ᠠᠯᠠᠭ᠎ᠠ᠃
19 ᠰᠢᠷᠬ᠎ᠠ ᠴᠢᠨᠢ ᠡᠳᠡᠭᠡᠷᠡᠰᠢ ᠦᠭᠡᠢ ᠭᠡᠮᠲᠦᠯ ᠴᠢᠨᠢ ᠬᠦᠨᠳᠦ ᠴᠢᠨᠦ ᠲᠤᠬᠠᠢ ᠰᠣᠨᠣᠰᠣᠭᠰᠠᠨ ᠪᠦᠭᠦᠳᠡ ᠴᠢᠨᠦ ᠳᠡᠭᠡᠷ᠎ᠡ ᠠᠯᠠᠭ᠎ᠠ ᠪᠠᠨ ᠲᠠᠰᠢᠬᠤ ᠪᠣᠯᠣᠨ᠎ᠠ ᠤᠴᠢᠷ ᠨᠢ ᠴᠢᠨᠦ ᠪᠠᠢᠩ᠋ᠭᠤ ᠶᠢᠨ ᠬᠠᠷᠭᠢᠰᠯᠠᠯ ᠳᠤ ᠦᠷᠳᠣᠭᠡ ᠦᠭᠡᠢ ᠨᠢ ᠪᠠᠢᠨ᠎ᠠ ᠭᠡᠵᠢ ᠤᠤ︖