1 2 3


ᠨᠠᠾᠦ᠋ᠮ ᠬᠣᠶᠠᠷ
 ᠮᠠᠭᠤ ᠬᠣᠲᠠ ᠮᠥᠬᠥᠨ᠎ᠡ
1 ᠰᠦᠢᠷᠡᠭᠦᠯᠦᠭᠴᠢ ᠴᠢᠨᠦ ᠡᠮᠦᠨ᠎ᠡ ᠭᠠᠷᠴᠤ ᠢᠷᠡᠯ᠎ᠡ᠂ ᠨᠢᠨᠧᠸᠧ ᠡ᠂ ᠴᠠᠢᠵᠠ ᠪᠠᠨ ᠬᠠᠮᠠᠭᠠᠯᠠᠭᠠᠳ ᠦᠵᠡ᠂ ᠵᠠᠮ ᠢᠶᠠᠨ ᠠᠵᠢᠭᠯᠠᠭᠠᠳ ᠦᠵᠡ ᠬᠠᠵᠠᠭᠤ ᠲᠠᠯ᠎ᠠ ᠪᠠᠨ ᠪᠠᠬᠢᠯᠡᠵᠦ᠂ ᠬᠠᠮᠤᠭ ᠬᠦᠴᠦ ᠪᠡᠨ ᠳᠠᠢᠴᠢᠯᠠ᠃
2 (ᠲᠣᠨᠣᠭᠴᠢᠳ ᠲᠣᠨᠣᠵᠤ ᠦᠵᠦᠮ ᠦᠨ ᠮᠣᠳᠣ ᠶᠢ ᠨᠢ ᠰᠦᠢᠳᠬᠡᠭᠰᠡᠨ ᠪᠣᠯᠪᠠᠴᠤ ᠶᠣᠬᠣᠸᠠ ᠶᠠᠺᠣᠪ ᠤᠨ ᠰᠦᠷ ᠬᠦᠴᠦ ᠶᠢ᠂ ᠢᠰᠷᠧᠯ ᠤᠨ ᠰᠦᠷ ᠬᠦᠴᠦ ᠶᠢ ᠰᠡᠷᠭᠦᠭᠡᠬᠦ ᠪᠣᠯᠣᠨ᠎ᠠ᠃)

3 ᠪᠠᠢᠯᠳᠤᠭᠴᠢᠳ ᠤᠨ ᠬᠢᠨᠢ ᠪᠠᠮᠪᠠᠢ ᠤᠯᠠᠭᠠᠨ ᠪᠠᠭᠠᠲᠤᠷᠴᠤᠳ ᠤᠨ ᠬᠢᠨᠢ ᠬᠤᠪᠴᠠᠰᠤ ᠴᠢᠰ ᠤᠯᠠᠭᠠᠨ ᠪᠠᠢᠯᠳᠤᠭᠠᠨ ᠤ ᠡᠳᠦᠷ ᠲᠡᠷᠭᠡᠨ ᠦ ᠬᠢᠨᠢ ᠲᠡᠮᠦᠷ ᠭᠢᠯᠠᠯᠵᠠᠵᠤ ᠨᠠᠷᠠᠰᠤᠨ ᠵᠢᠳᠠ ᠨᠤᠭᠤᠳ ᠨᠢ ᠨᠠᠢᠭᠤᠨ᠎ᠠ᠃
4 ᠲᠡᠷᠭᠡ ᠨᠦᠭᠦᠳ ᠭᠤᠳᠤᠮᠵᠢ ᠪᠠᠷ ᠳᠣᠪᠲᠣᠯᠵᠤ ᠲᠠᠯᠠᠪᠠᠢ ᠪᠠᠷ ᠨᠠᠰᠢ ᠴᠠᠰᠢ ᠳᠠᠪᠬᠢᠯᠳᠣᠨ᠎ᠠ᠂ ᠪᠠᠮᠪᠠᠷ ᠮᠡᠲᠦ ᠲᠥᠷᠬᠥ ᠲᠠᠢ᠂ ᠬᠢᠯᠪᠢᠭᠡᠨ ᠮᠡᠲᠦ ᠭᠦᠶᠦᠳᠡᠯ ᠲᠡᠢ᠂
5 ᠵᠠᠩᠵᠤᠨ ᠨᠢ ᠪᠠᠭᠠᠲᠤᠷ ᠤᠳ ᠢᠶᠠᠨ ᠳᠠᠭᠤᠳᠠᠪᠠᠯ ᠲᠡᠳᠡ ᠵᠠᠮ ᠳᠠᠭᠠᠨ ᠪᠦᠳᠦᠷᠢᠭᠰᠡᠨ ᠴᠤ ᠬᠡᠷᠡᠮ ᠤᠷᠤᠭᠤ ᠨᠢ ᠶᠠᠭᠠᠷᠠᠨ ᠬᠦᠷᠴᠦ᠂ ᠪᠦᠰᠡᠯᠡᠯᠲᠡ ᠶᠢᠨ ᠴᠠᠮᠬᠠᠭ ᠪᠣᠰᠬᠠᠨ᠎ᠠ᠃
6 ᠭᠣᠣᠯ ᠤᠨ ᠳᠠᠯᠠᠩ ᠰᠡᠲᠡᠷᠡᠬᠦ ᠳᠦ ᠣᠷᠳᠣᠨ ᠵᠢᠪᠴᠠᠢ᠂
7 ᠬᠣᠲᠠ ᠶᠢᠨ ᠬᠢᠨ ᠢ ᠴᠥᠯᠡᠬᠦ᠂ ᠬᠥᠭᠡᠭᠡᠬᠦ ᠵᠠᠷᠯᠢᠭ ᠭᠠᠷᠤᠨ᠎ᠠ ᠰᠢᠪᠡᠭᠴᠢᠳ ᠨᠢ ᠴᠡᠭᠡᠵᠢ ᠪᠠᠨ ᠳᠡᠯᠡᠳᠴᠦ᠂ ᠲᠠᠭᠲᠠᠭ᠎ᠠ ᠳᠤᠤᠭᠠᠷᠬᠤ ᠮᠡᠲᠦ ᠭᠠᠰᠢᠭᠤᠳᠠᠨ᠎ᠠ᠃

8 ᠤᠤᠯ ᠠᠴᠠ ᠪᠠᠨ ᠨᠢᠨᠧᠸᠧ ᠤᠰᠤᠨ ᠴᠥᠭᠥᠷᠥᠮ ᠮᠡᠲᠦ ᠪᠠᠢᠭᠰᠠᠨ ᠣᠳᠣ ᠲᠡᠳᠡ ᠵᠢᠭᠤᠲᠠᠵᠤ ᠪᠠᠢᠨ᠎ᠠ 《ᠵᠣᠭᠰᠣ᠂ ᠵᠣᠭᠰᠣ》 ᠭᠡᠰᠡᠨ ᠴᠤ ᠡᠷᠭᠢᠬᠦ ᠬᠥᠮᠦᠨ ᠠᠯᠠᠭ᠎ᠠ᠃
9 ᠮᠥᠩᠭᠥ ᠶᠢ ᠨᠢ ᠲᠣᠨᠣ᠂ ᠠᠯᠲᠠ ᠶᠢ ᠨᠢ ᠲᠣᠨᠣ ᠲᠡᠭᠦᠨ ᠦ ᠨᠥᠭᠡᠴᠡ ᠬᠢᠵᠠᠭᠠᠷ ᠦᠭᠡᠢ ᠲᠥᠷᠥᠯ ᠪᠦᠷᠢ ᠶᠢᠨ ᠡᠷᠳᠡᠨᠢᠰ ᠢᠶᠠᠷ ᠳᠦᠭᠦᠷᠡᠩ᠂
10 ᠬᠣᠲᠠ ᠬᠣᠭᠣᠰᠣᠷᠠᠪᠠ ᠰᠦᠢᠷᠡᠨ ᠰᠦᠢᠳᠴᠡᠢ ᠵᠢᠷᠦᠬᠡ ᠨᠢ ᠦᠬᠦᠵᠦ᠂ ᠡᠪᠦᠳᠦᠭ ᠨᠢ ᠴᠡᠴᠡᠷᠡᠵᠦ ᠪᠠᠢᠨ᠎ᠠ ᠤᠭᠤᠴᠠ ᠪᠣᠯᠭᠠᠨ ᠡᠪᠡᠳᠴᠦ᠂ ᠴᠢᠷᠠᠢ ᠪᠣᠯᠭᠠᠨ ᠴᠤᠩᠬᠢᠢᠵᠠᠢ᠃
11 ᠣᠳᠣ ᠠᠷᠰᠯᠠᠨ ᠤ ᠡᠭᠦᠷ᠂ ᠵᠠᠯᠠᠭᠤ ᠠᠷᠰᠯᠠᠨ ᠤ ᠬᠣᠭᠣᠯᠠᠯᠠᠬᠤ ᠭᠠᠵᠠᠷ ᠬᠠᠮᠢᠭ᠎ᠠ ᠪᠠᠢᠨ᠎ᠠ︖ ᠲᠡᠨᠳᠡ ᠡᠷ᠎ᠡ ᠡᠮ᠎ᠡ ᠠᠷᠰᠯᠠᠨ ᠪᠠ ᠭᠦᠶᠦᠭ ᠠᠢᠳᠠᠰ ᠦᠭᠡᠢ ᠶᠠᠪᠤᠵᠤ ᠪᠠᠢᠭᠰᠠᠨ
12 ᠠᠷᠰᠯᠠᠨ ᠭᠦᠶᠦᠭ ᠤᠳ ᠤᠨ ᠢᠶᠠᠨ ᠲᠥᠯᠥᠭᠡ ᠬᠠᠩ᠋ᠭᠠᠯᠲᠠᠲᠠᠢ ᠶᠡᠬᠡ ᠶᠢ ᠲᠠᠰᠤᠳᠠᠵᠤ ᠡᠮ᠎ᠡ ᠠᠷᠰᠯᠠᠨ ᠨᠤᠭᠤᠳ ᠤᠨ ᠢᠶᠠᠨ ᠲᠥᠯᠥᠭᠡ ᠬᠠᠩ᠋ᠭᠠᠯᠲᠠᠲᠠᠢ ᠶᠡᠬᠡ ᠶᠢ ᠠᠯᠠᠵᠤ ᠢᠴᠡᠭᠡ ᠪᠡᠨ ᠢᠳᠡᠰᠢ ᠪᠠᠷ᠂ ᠡᠭᠦᠷ ᠢᠶᠡᠨ ᠮᠢᠬ᠎ᠠ ᠪᠠᠷ ᠳᠦᠭᠦᠷᠭᠡᠳᠡᠭ ᠪᠠᠢᠭᠰᠠᠨ᠃
13 《ᠬᠠᠷᠠ᠂ ᠪᠢ ᠴᠢᠨᠦ ᠡᠰᠡᠷᠭᠦ ᠪᠠᠢᠨ᠎ᠠ᠃》 ᠠᠤᠭ᠎ᠠ ᠬᠦᠴᠦᠲᠦ ᠶᠣᠬᠣᠸᠠ ᠠᠢᠯᠠᠳᠤᠯ᠎ᠠ᠄ 《ᠴᠢᠨᠦ ᠲᠡᠷᠭᠡ ᠨᠦᠭᠦᠳ ᠢ ᠪᠢ ᠤᠲᠤᠭᠠᠨ ᠳᠤᠮᠳᠠ ᠰᠢᠲᠠᠭᠠᠨ᠎ᠠ ᠴᠢᠨᠦ ᠵᠠᠯᠠᠭᠤ ᠠᠷᠰᠯᠠᠨ ᠨᠤᠭᠤᠳ ᠢ ᠢᠯᠳᠦ ᠰᠥᠨᠥᠭᠡᠨ᠎ᠡ ᠴᠢᠨᠦ ᠣᠯᠵᠠ ᠶᠢ ᠪᠢ ᠭᠠᠵᠠᠷ ᠠᠴᠠ ᠠᠷᠴᠢᠨ᠎ᠠ ᠡᠯᠴᠢᠳ ᠤᠨ ᠴᠢᠨᠢ ᠳᠠᠭᠤ ᠰᠣᠨᠣᠰᠳᠠᠬᠤ ᠪᠠᠨ ᠪᠣᠯᠢᠨ᠎ᠠ᠃》