ᠭᠡᠲᠦᠯᠦᠯ ᠬᠣᠷᠢᠨ ᠵᠢᠷᠭᠤᠭ᠎ᠠ
ᠪᠦᠷᠢᠶᠡᠰᠦ
1 ᠴᠢ ᠨᠠᠷᠢᠨ ᠨᠡᠬᠡᠭᠰᠡᠨ ᠮᠠᠭᠠᠯᠢᠩ᠋ᠭᠤ ᠪᠣᠯᠣᠨ ᠬᠥᠬᠡ᠂ ᠨᠢᠯ ᠶᠠᠭᠠᠨ᠂ ᠴᠢᠰ ᠤᠯᠠᠭᠠᠨ ᠪᠥᠰ ᠢᠶᠡᠷ ᠬᠢᠭᠰᠡᠨ ᠠᠷᠪᠠᠨ ᠪᠦᠷᠢᠶᠡᠰᠦ ᠲᠠᠢ ᠣᠷᠣᠰᠢᠬᠤᠢ ᠶᠢᠨ ᠴᠠᠴᠠᠷ ᠢ ᠬᠢᠵᠦ᠂ ᠪᠦᠷᠢᠶᠡᠰᠦᠨ ᠳᠡᠭᠡᠷ᠎ᠡ ᠺᠧᠷᠣᠪ ᠤᠳ ᠢ ᠤᠷᠠᠨ ᠨᠠᠷᠢᠨ ᠢᠶᠠᠷ ᠤᠷᠠᠯᠠ᠃ 2 ᠪᠦᠷᠢᠶᠡᠰᠦ ᠪᠦᠷᠢ ᠨᠢ ᠢᠵᠢᠯ ᠬᠡᠮᠵᠢᠶ᠎ᠡ ᠲᠠᠢ ᠪᠥᠭᠡᠳ ᠤᠷᠲᠤ ᠨᠢ ᠬᠣᠷᠢᠨ ᠨᠠᠢ᠌ᠮᠠᠨ ᠲᠣᠬᠣᠢ᠂ ᠥᠷᠭᠡᠨ ᠨᠢ ᠳᠥᠷᠪᠡᠨ ᠲᠣᠬᠣᠢ ᠪᠠᠢᠬᠤ ᠶᠣᠰᠣᠲᠠᠢ᠃ 3 ᠨᠢᠭᠡ ᠲᠠᠪᠤᠨ ᠪᠦᠷᠢᠶᠡᠰᠦ ᠶᠢ ᠬᠣᠭᠣᠷᠣᠨᠳᠣ ᠨᠢ ᠬᠣᠯᠪᠣᠨ᠂ ᠨᠥᠭᠥᠭᠡ ᠲᠠᠪᠤ ᠶᠢ ᠨᠢ ᠴᠤ ᠬᠣᠭᠣᠷᠣᠨᠳᠣ ᠨᠢ ᠬᠣᠯᠪᠣ᠃ 4 ᠨᠢᠭᠡ ᠬᠣᠯᠪᠣᠭ᠎ᠠ ᠪᠦᠷᠢᠶᠡᠰᠦ ᠶᠢᠨ ᠢᠷᠮᠡᠭ ᠲᠦ ᠬᠥᠬᠡ ᠪᠥᠰ ᠢᠶᠡᠷ ᠭᠣᠭᠴᠣᠭ᠎ᠠ ᠬᠢᠵᠦ᠂ ᠨᠥᠭᠥᠭᠡ ᠬᠣᠯᠪᠣᠭ᠎ᠠ ᠪᠦᠷᠢᠶᠡᠰᠦ ᠶᠢᠨ ᠢᠷᠮᠡᠭ ᠲᠦ ᠴᠤ ᠲᠡᠭᠦᠨᠴᠢᠯᠡᠨ ᠬᠢ᠃ 5 ᠨᠢᠭᠡ ᠬᠣᠯᠪᠣᠭ᠎ᠠ ᠪᠦᠷᠢᠶᠡᠰᠦ ᠶᠢᠨ ᠢᠷᠮᠡᠭ ᠲᠦ ᠲᠠᠪᠢᠨ ᠭᠣᠭᠴᠣᠭ᠎ᠠ᠂ ᠨᠥᠭᠥᠭᠡ ᠬᠣᠯᠪᠣᠭ᠎ᠠ ᠪᠦᠷᠢᠶᠡᠰᠦ ᠶᠢᠨ ᠢᠷᠮᠡᠭ ᠲᠦ ᠴᠤ ᠲᠠᠪᠢᠨ ᠭᠣᠭᠴᠣᠭ᠎ᠠ ᠬᠢ᠃ ᠡᠳᠡᠭᠡᠷ ᠭᠣᠭᠴᠣᠭ᠎ᠠ ᠨᠢ ᠥᠭᠡᠳᠡ ᠥᠭᠡᠳᠡ ᠡᠴᠡ ᠪᠡᠨ ᠬᠠᠷᠠᠭᠰᠠᠨ ᠪᠠᠢᠬᠤ ᠶᠣᠰᠣᠲᠠᠢ᠃ 6 ᠲᠡᠭᠡᠭᠡᠳ ᠲᠠᠪᠢᠨ ᠠᠯᠲᠠᠨ ᠳᠡᠭᠡᠭᠡ ᠦᠢᠯᠡᠳᠦᠨ᠂ ᠲᠡᠷᠡ ᠳᠡᠭᠡᠭᠡ ᠨᠦᠭᠦᠳ ᠢᠶᠡᠷ ᠬᠣᠶᠠᠷ ᠬᠣᠯᠪᠣᠭ᠎ᠠ ᠪᠦᠷᠢᠶᠡᠰᠦ ᠶᠢᠨ ᠭᠣᠭᠴᠣᠭ᠎ᠠ ᠶᠢ ᠬᠣᠭᠣᠷᠣᠨᠳᠣ ᠨᠢ ᠬᠣᠯᠪᠣ᠃ ᠡᠢᠨ ᠬᠦ ᠴᠠᠴᠠᠷ ᠨᠢ ᠨᠢᠭᠡ ᠴᠣᠭᠴᠠ ᠪᠣᠯᠣᠨ᠎ᠠ᠃
7 ᠢᠮᠠᠭᠠᠨ ᠤ ᠰᠣᠷ ᠢᠶᠠᠷ ᠬᠢᠭᠰᠡᠨ ᠠᠷᠪᠠᠨ ᠨᠢᠭᠡᠨ ᠪᠦᠷᠢᠶᠡᠰᠦ ᠪᠡᠷ ᠴᠠᠴᠠᠷ ᠤᠨ ᠪᠦᠲᠡᠭᠡᠯᠭᠡ ᠬᠢ᠃ 8 ᠪᠦᠷᠢᠶᠡᠰᠦ ᠪᠦᠷᠢ ᠶᠢᠨ ᠤᠷᠲᠤ ᠨᠢ ᠭᠤᠴᠢᠨ ᠲᠣᠬᠣᠢ᠂ ᠥᠷᠭᠡᠨ ᠨᠢ ᠳᠥᠷᠪᠡᠨ ᠲᠣᠬᠣᠢ ᠪᠥᠭᠡᠳ ᠠᠷᠪᠠᠨ ᠨᠢᠭᠡᠨ ᠪᠦᠷᠢᠶᠡᠰᠦ ᠨᠢ ᠢᠵᠢᠯ ᠬᠡᠮᠵᠢᠶ᠎ᠡ ᠲᠠᠢ ᠪᠠᠢᠬᠤ ᠶᠣᠰᠣᠲᠠᠢ᠃ 9 ᠪᠦᠷᠢᠶᠡᠰᠦ ᠨᠦᠭᠦᠳ ᠦᠨ ᠲᠠᠪᠤ ᠶᠢ ᠬᠣᠭᠣᠷᠣᠨᠳᠣ ᠨᠢ ᠬᠣᠯᠪᠣᠵᠤ᠂ ᠨᠥᠭᠥᠭᠡ ᠵᠢᠷᠭᠤᠭ᠎ᠠ ᠶᠢ ᠴᠤ ᠬᠣᠭᠣᠷᠣᠨᠳᠣ ᠨᠢ ᠬᠣᠯᠪᠣᠵᠤ᠂ ᠵᠢᠷᠭᠤᠳᠤᠭᠠᠷ ᠪᠦᠷᠢᠶᠡᠰᠦ ᠶᠢ ᠨᠤᠭᠤᠯᠵᠤ᠂ ᠴᠠᠴᠠᠷ ᠤᠨ ᠤᠷᠢᠳᠠᠭᠤᠷ ᠤᠨᠵᠢᠭᠤᠯ᠃ 10 ᠨᠢᠭᠡ ᠬᠣᠯᠪᠣᠭ᠎ᠠ ᠪᠦᠷᠢᠶᠡᠰᠦᠨ ᠦ ᠢᠷᠮᠡᠭ ᠲᠦ ᠲᠠᠪᠢᠨ ᠭᠣᠭᠴᠣᠭ᠎ᠠ᠂ ᠨᠥᠭᠥᠭᠡ ᠬᠣᠯᠪᠣᠭ᠎ᠠ ᠪᠦᠷᠢᠶᠡᠰᠦᠨ ᠦ ᠢᠷᠮᠡᠭ ᠲᠦ ᠲᠠᠪᠢᠨ ᠭᠣᠭᠴᠣᠭ᠎ᠠ ᠬᠢ᠃
11 ᠲᠠᠪᠢᠨ ᠬᠦᠷᠡᠯ ᠳᠡᠭᠡᠭᠡ ᠬᠢᠵᠦ᠂ ᠳᠡᠭᠡᠭᠡ ᠨᠦᠭᠦᠳ ᠢ ᠭᠣᠭᠴᠣᠭ᠎ᠠ ᠨᠤᠭᠤᠳ ᠲᠤ ᠣᠷᠣᠭᠤᠯᠤᠨ᠂ ᠬᠣᠶᠠᠷ ᠬᠣᠯᠪᠣᠭ᠎ᠠ ᠪᠦᠷᠢᠶᠡᠰᠦ ᠶᠢ ᠬᠣᠭᠣᠷᠣᠨᠳᠣ ᠨᠢ ᠬᠣᠯᠪᠣᠭᠠᠳ ᠨᠢᠭᠡ ᠴᠣᠭᠴᠠ ᠪᠣᠯᠭ᠎ᠠ᠃ 12 ᠡᠨᠡ ᠪᠦᠷᠢᠶᠡᠰᠦᠨ ᠦ ᠦᠯᠡᠳᠡᠭᠰᠡᠨ ᠬᠠᠭᠠᠰ ᠢ ᠴᠠᠴᠠᠷ ᠤᠨ ᠠᠷᠤ ᠲᠠᠯ᠎ᠠ ᠳᠤ ᠤᠨᠵᠢᠭᠤᠯ᠃ 13 ᠡᠨᠡ ᠪᠦᠷᠢᠶᠡᠰᠦᠨ ᠦ ᠤᠷᠲᠤ ᠨᠢ ᠴᠠᠴᠠᠷ ᠤᠨ ᠬᠣᠶᠠᠷ ᠲᠠᠯ᠎ᠠ ᠶᠢᠨ ᠠᠯᠢ ᠴᠤ ᠲᠠᠯ᠎ᠠ ᠠᠴᠠ ᠨᠢ ᠨᠢᠭᠡ ᠲᠣᠬᠣᠢ ᠥᠷᠭᠡᠨ ᠪᠣᠯᠬᠣᠷ ᠢᠯᠡᠭᠦᠦ ᠬᠡᠰᠡᠭ ᠢ ᠬᠣᠶᠠᠷ ᠲᠠᠯ᠎ᠠ ᠤᠷᠤᠭᠤ ᠨᠢ ᠤᠨᠵᠢᠭᠤᠯᠵᠤ ᠴᠠᠴᠠᠷ ᠢ ᠪᠦᠲᠡᠭᠡ᠃ 14 ᠲᠡᠭᠡᠭᠡᠳ ᠤᠯᠠᠭᠠᠨ ᠢᠶᠠᠷ ᠪᠤᠳᠤᠭᠰᠠᠨ ᠬᠤᠴᠠ ᠶᠢᠨ ᠠᠷᠠᠰᠤ ᠪᠠᠷ ᠴᠠᠴᠠᠷ ᠤᠨ ᠪᠦᠲᠡᠭᠡᠯᠭᠡ ᠶᠢ ᠬᠢᠵᠦ᠂ ᠡᠭᠦᠨ ᠢ ᠪᠦᠲᠡᠭᠡᠬᠦ ᠥᠭᠡᠷ᠎ᠡ ᠪᠦᠲᠡᠭᠡᠯᠭᠡ ᠶᠢ ᠳᠠᠯᠠᠢ ᠶᠢᠨ ᠭᠠᠬᠠᠢ ᠶᠢᠨ ᠠᠷᠠᠰᠤ ᠪᠠᠷ ᠬᠢ᠃
ᠳ᠋ᠦᠨᠵᠡ ᠪᠠ ᠤᠭᠯᠠᠭᠤᠷ
15 ᠴᠢ ᠬᠤᠸᠠᠢᠰᠠ ᠮᠣᠳᠣ ᠪᠠᠷ ᠳ᠋ᠦᠨᠵᠡ ᠨᠦᠭᠦᠳ ᠢ ᠬᠢᠵᠦ ᠴᠠᠴᠠᠷ ᠢ ᠪᠣᠰᠬᠠᠭᠠᠷᠠᠢ᠃ 16 ᠳ᠋ᠦᠨᠵᠡ ᠪᠦᠷᠢ ᠶᠢᠨ ᠤᠷᠲᠤ ᠨᠢ ᠠᠷᠪᠠᠨ ᠲᠣᠬᠣᠢ᠂ ᠥᠷᠭᠡᠨ ᠨᠢ ᠨᠢᠭᠡ ᠲᠣᠬᠣᠢ ᠬᠠᠭᠠᠰ ᠪᠠᠢᠬᠤ ᠶᠣᠰᠣᠲᠠᠢ᠃ 17 ᠳ᠋ᠦᠨᠵᠡ ᠪᠦᠷᠢ ᠳᠤ ᠵᠡᠷᠭᠡᠴᠡᠭᠡ ᠬᠣᠶᠠᠷ ᠤᠭᠯᠠᠭᠤᠷᠭ᠎ᠠ ᠪᠠᠢᠬᠤ ᠶᠣᠰᠣᠲᠠᠢ᠃ ᠴᠠᠴᠠᠷ ᠤᠨ ᠪᠦᠬᠦ ᠳ᠋ᠦᠨᠵᠡ ᠶᠢ ᠡᠢᠨ ᠬᠦ ᠦᠢᠯᠡᠳ᠃ 18 ᠴᠠᠴᠠᠷ ᠤᠨ ᠡᠮᠦᠨ᠎ᠡ ᠲᠠᠯ᠎ᠠ ᠶᠢ ᠪᠣᠰᠬᠠᠬᠤ ᠶᠢᠨ ᠲᠤᠯᠠᠳᠠ ᠬᠣᠷᠢᠨ ᠳ᠋ᠦᠨᠵᠡ ᠪᠡᠯᠡᠳᠬᠡᠵᠦ᠂ 19 ᠳᠥᠴᠢᠨ ᠮᠥᠩᠭᠥᠨ ᠤᠭᠯᠠᠭᠤᠷ ᠬᠢᠵᠦ᠂ ᠳ᠋ᠦᠨᠵᠡ ᠪᠦᠷᠢ ᠳᠤ ᠬᠣᠶᠠᠷ ᠤᠭᠯᠠᠭᠤᠷ ᠢ᠂ ᠤᠭᠯᠠᠭᠤᠷᠭ᠎ᠠ ᠪᠦᠷᠢ ᠳᠦᠨᠢ ᠨᠢᠭᠡ ᠤᠭᠯᠠᠭᠤᠷ ᠢ ᠰᠢᠷᠭᠤᠭᠤᠯ᠃ 20 ᠴᠠᠴᠠᠷ ᠤᠨ ᠨᠥᠭᠥᠭᠡ ᠲᠠᠯ᠎ᠠ ᠪᠤᠶᠤ ᠬᠣᠢᠨ᠎ᠠ ᠲᠠᠯ᠎ᠠ ᠳᠤ ᠴᠤ ᠬᠣᠷᠢᠨ ᠳ᠋ᠦᠨᠵᠡ ᠲᠠᠢ ᠬᠠᠮᠲᠤ 21 ᠳᠥᠴᠢᠨ ᠮᠥᠩᠭᠥᠨ ᠤᠭᠯᠠᠭᠤᠷ ᠪᠡᠯᠡᠳᠬᠡ᠂ ᠳ᠋ᠦᠨᠵᠡ ᠪᠦᠷᠢ ᠳᠤ ᠬᠣᠶᠠᠷ ᠤᠭᠯᠠᠭᠤᠷ ᠪᠠᠢᠬᠤ ᠶᠣᠰᠣᠲᠠᠢ᠃ 22 ᠴᠠᠴᠠᠷ ᠤᠨ ᠠᠷᠤ ᠲᠠᠯ᠎ᠠ᠂ ᠲᠤᠬᠠᠢᠯᠠᠪᠠᠯ ᠪᠠᠷᠠᠭᠤᠨ ᠲᠠᠯ᠎ᠠ ᠳᠤ ᠵᠢᠷᠭᠤᠭᠠᠨ ᠳ᠋ᠦᠨᠵᠡ ᠪᠡᠯᠡᠳᠬᠡ᠃ 23 ᠬᠠᠷᠢᠨ ᠴᠠᠴᠠᠷ ᠤᠨ ᠠᠷᠤ ᠲᠠᠯ᠎ᠠ ᠶᠢᠨ ᠬᠣᠶᠠᠷ ᠪᠤᠯᠤᠩ ᠳᠤ ᠢᠯᠡᠭᠦᠦ ᠬᠣᠶᠠᠷ ᠳ᠋ᠦᠨᠵᠡ ᠪᠡᠯᠡᠳᠬᠡ᠃ 24 ᠡᠳᠡᠭᠡᠷ ᠳ᠋ᠦᠨᠵᠡ ᠨᠢ ᠳᠣᠣᠷ᠎ᠠ ᠲᠠᠯ᠎ᠠ ᠠᠴᠠ ᠪᠠᠨ ᠣᠷᠣᠢ ᠬᠦᠷᠲᠡᠯ᠎ᠡ ᠳᠠᠪᠬᠤᠷᠯᠠᠭᠳᠠᠨ᠂ ᠭᠠᠭᠴᠠ ᠭᠠᠷᠠᠬᠠᠨ ᠳᠤ ᠨᠢᠭᠡᠳᠬᠦ ᠪᠥᠭᠡᠳ ᠬᠣᠶᠠᠷ ᠪᠤᠯᠤᠩ ᠨᠢ ᠴᠤ ᠠᠳᠠᠯᠢᠬᠠᠨ᠃ 25 ᠡᠢᠮᠦ ᠡᠴᠡ ᠨᠠᠢ᠌ᠮᠠᠨ ᠳ᠋ᠦᠨᠵᠡ᠂ ᠠᠷᠪᠠᠨ ᠵᠢᠷᠭᠤᠭᠠᠨ ᠮᠥᠩᠭᠥᠨ ᠤᠭᠯᠠᠭᠤᠷ ᠪᠠᠢᠬᠤ ᠶᠣᠰᠣᠲᠠᠢ᠃ ᠳ᠋ᠦᠨᠵᠡ ᠪᠦᠷᠢ ᠶᠢᠨ ᠳᠣᠣᠷ᠎ᠠ ᠬᠣᠶᠠᠷ ᠤᠭᠯᠠᠭᠤᠷ ᠪᠠᠢᠬᠤ ᠶᠣᠰᠣᠲᠠᠢ᠃
26 ᠳᠠᠷᠠᠭ᠎ᠠ ᠨᠢ ᠴᠢ ᠳ᠋ᠦᠨᠵᠡ ᠨᠦᠭᠦᠳ ᠢ ᠬᠣᠯᠪᠣᠬᠤ ᠬᠥᠨᠳᠡᠯᠡᠪᠴᠢ ᠮᠣᠳᠣ ᠬᠢ᠃ ᠴᠠᠴᠠᠷ ᠤᠨ ᠨᠢᠭᠡ ᠲᠠᠯ᠎ᠠ ᠶᠢᠨ ᠳ᠋ᠦᠨᠵᠡ ᠨᠦᠭᠦᠳ ᠲᠦ ᠲᠠᠪᠤ ᠶᠢ᠂ 27 ᠨᠥᠭᠥᠭᠡ ᠲᠠᠯ᠎ᠠ ᠶᠢᠨ ᠳ᠋ᠦᠨᠵᠡ ᠨᠦᠭᠦᠳ ᠲᠦ ᠲᠠᠪᠤ ᠶᠢ᠂ ᠮᠥᠨ ᠴᠠᠴᠠᠷ ᠤᠨ ᠠᠷᠤ ᠲᠠᠯ᠎ᠠ᠂ ᠲᠤᠬᠠᠢᠯᠠᠪᠠᠯ ᠪᠠᠷᠠᠭᠤᠨ ᠲᠠᠯ᠎ᠠ ᠳᠤ ᠴᠤ ᠲᠠᠪᠤᠨ ᠬᠥᠨᠳᠡᠯᠡᠪᠴᠢ ᠮᠣᠳᠣ ᠪᠡᠯᠡᠳᠬᠡ᠃ 28 ᠳ᠋ᠦᠨᠵᠡ ᠨᠦᠭᠦᠳ ᠦᠨ ᠳᠤᠮᠳᠠ ᠬᠡᠰᠡᠭ ᠢ ᠬᠣᠯᠪᠣᠬᠤ ᠬᠥᠨᠳᠡᠯᠡᠪᠴᠢ ᠮᠣᠳᠣ ᠨᠢ ᠨᠢᠭᠡ ᠵᠠᠬ᠎ᠠ ᠠᠴᠠ ᠨᠥᠭᠥᠭᠡ ᠵᠠᠬ᠎ᠠ ᠬᠦᠷᠲᠡᠯ᠎ᠡ ᠪᠠᠢᠬᠤ ᠶᠣᠰᠣᠲᠠᠢ᠃ 29 ᠳ᠋ᠦᠨᠵᠡ ᠨᠦᠭᠦᠳ ᠢ ᠠᠯᠲᠠ ᠪᠠᠷ ᠪᠦᠷᠢᠭᠲᠦᠨ᠃ ᠮᠥᠨ ᠬᠥᠨᠳᠡᠯᠡᠪᠴᠢ ᠮᠣᠳᠣᠳ ᠢ ᠲᠣᠭᠲᠠᠭᠠᠬᠤ ᠭᠠᠷᠠᠬ᠎ᠠ ᠨᠤᠭᠤᠳ ᠢ ᠠᠯᠲᠠ ᠪᠠᠷ ᠬᠢᠵᠦ᠂ ᠬᠥᠨᠳᠡᠯᠡᠪᠴᠢ ᠮᠣᠳᠣᠳ ᠢ ᠴᠤ ᠠᠯᠲᠠ ᠪᠠᠷ ᠪᠦᠷᠢ᠃ 30 ᠴᠢ ᠠᠭᠤᠯᠠᠨ ᠳᠡᠭᠡᠷ᠎ᠡ ᠮᠢᠨᠦ ᠦᠵᠡᠭᠦᠯᠦᠭᠰᠡᠨ ᠵᠠᠭᠪᠤᠷ ᠤᠨ ᠶᠣᠰᠣᠭᠠᠷ ᠴᠠᠴᠠᠷ ᠢ ᠪᠣᠰᠬ᠎ᠠ᠃
ᠬᠥᠰᠢᠭᠡ
31 ᠬᠥᠬᠡ᠂ ᠨᠢᠯ ᠶᠠᠭᠠᠨ᠂ ᠴᠢᠰ ᠤᠯᠠᠭᠠᠨ ᠪᠥᠰ ᠪᠣᠯᠣᠨ ᠨᠠᠷᠢᠨ ᠨᠡᠬᠡᠭᠰᠡᠨ ᠮᠠᠭᠠᠯᠢᠩ᠋ᠭᠤ ᠪᠠᠷ ᠬᠥᠰᠢᠭᠡ ᠬᠢᠵᠦ᠂ ᠲᠡᠭᠦᠨ ᠦ ᠳᠡᠭᠡᠷ᠎ᠡ ᠺᠧᠷᠣᠪ ᠤᠳ ᠢ ᠤᠷᠠᠨ ᠨᠠᠷᠢᠨ ᠢᠶᠠᠷ ᠤᠷᠠᠯᠠᠬᠤ ᠶᠣᠰᠣᠲᠠᠢ᠃ 32 ᠲᠡᠷᠡ ᠬᠥᠰᠢᠭᠡ ᠶᠢ ᠳᠥᠷᠪᠡᠨ ᠪᠠᠭᠠᠨ᠎ᠠ ᠶᠢᠨ ᠠᠯᠲᠠᠨ ᠳᠡᠭᠡᠭᠡ ᠡᠴᠡ ᠡᠯᠭᠦᠭᠡᠷᠡᠢ᠃ ᠪᠠᠭᠠᠨ᠎ᠠ ᠨᠤᠭᠤᠳ ᠢ ᠨᠢ ᠬᠤᠸᠠᠢᠰᠠ ᠮᠣᠳᠣ ᠪᠠᠷ ᠬᠢᠵᠦ ᠠᠯᠲᠠ ᠪᠠᠷ ᠪᠦᠷᠢᠭᠡᠳ᠂ ᠳᠥᠷᠪᠡᠨ ᠮᠥᠩᠭᠥᠨ ᠤᠭᠯᠠᠭᠤᠷ ᠤᠨ ᠳᠡᠭᠡᠷ᠎ᠡ ᠪᠠᠢᠷᠢᠯᠠᠭᠤᠯ᠃ 33 ᠬᠥᠰᠢᠭᠡ ᠶᠢ ᠳᠡᠭᠡᠭᠡ ᠨᠦᠭᠦᠳ ᠡᠴᠡ ᠤᠨᠵᠢᠭᠤᠯᠤᠭᠰᠠᠨ ᠤ ᠳᠠᠷᠠᠭ᠎ᠠ᠂ ᠲᠡᠨᠳᠡ ᠭᠡᠷᠡᠴᠢᠯᠡᠯ ᠦᠨ ᠠᠪᠳᠠᠷ᠎ᠠ ᠶᠢ ᠬᠥᠰᠢᠭᠡ ᠶᠢᠨ ᠴᠠᠭᠠᠨ᠎ᠠ ᠥᠷᠥᠭᠡᠨ ᠳᠦ ᠣᠷᠣᠭᠤᠯ᠃ ᠬᠥᠰᠢᠭᠡ ᠨᠢ ᠠᠷᠢᠭᠤᠨ ᠭᠠᠵᠠᠷ ᠪᠠ ᠠᠷᠢᠭᠤᠨ ᠠᠴᠠ ᠠᠷᠢᠭᠤᠨ ᠭᠠᠵᠠᠷ ᠢ ᠵᠠᠭᠠᠭᠯᠠᠬᠤ ᠪᠣᠯᠣᠨ᠎ᠠ᠃ 34 ᠠᠷᠢᠭᠤᠨ ᠠᠴᠠ ᠠᠷᠢᠭᠤᠨ ᠭᠠᠵᠠᠷ ᠳᠠᠬᠢ ᠭᠡᠷᠡᠴᠢᠯᠡᠯ ᠦᠨ ᠠᠪᠳᠠᠷ᠎ᠠ ᠶᠢᠨ ᠳᠡᠭᠡᠷ᠎ᠡ ᠬᠡᠯᠲᠦᠷᠢᠭᠦᠯᠦᠯᠭᠡ ᠶᠢᠨ ᠬᠠᠪᠬᠠᠭ ᠢ ᠲᠠᠯᠪᠢ᠃ 35 ᠬᠥᠰᠢᠭᠡ ᠶᠢᠨ ᠭᠠᠳᠠᠨ᠎ᠠ ᠴᠠᠴᠠᠷ ᠤᠨ ᠬᠣᠢᠨ᠎ᠠ ᠬᠡᠰᠡᠭ ᠲᠦ ᠰᠢᠷᠡᠭᠡ ᠶᠢ ᠪᠠᠢᠷᠢᠯᠠᠭᠤᠯᠵᠤ᠂ ᠡᠭᠦᠨ ᠦ ᠡᠰᠡᠷᠭᠦ ᠡᠮᠦᠨ᠎ᠡ ᠬᠡᠰᠡᠭ ᠲᠦ ᠳ᠋ᠧᠩ ᠤᠨ ᠲᠠᠯᠪᠢᠭᠤᠷ ᠢ ᠲᠠᠯᠪᠢ᠃
36 ᠴᠠᠴᠠᠷ ᠤᠨ ᠡᠭᠦᠳᠡ ᠶᠢ ᠬᠠᠯᠬᠠᠯᠠᠬᠤ ᠬᠥᠰᠢᠭᠡ ᠶᠢ ᠬᠥᠬᠡ᠂ ᠨᠢᠯ ᠶᠠᠭᠠᠨ᠂ ᠴᠢᠰ ᠤᠯᠠᠭᠠᠨ ᠪᠥᠰ ᠢᠶᠡᠷ ᠪᠣᠯᠣᠨ ᠨᠠᠷᠢᠨ ᠨᠡᠬᠡᠭᠰᠡᠨ ᠮᠠᠭᠠᠯᠢᠩ᠋ᠭᠤ ᠪᠠᠷ ᠨᠡᠬᠡᠨ ᠤᠷᠠᠯᠠᠵᠤ ᠬᠢ᠃ 37 ᠲᠡᠭᠡᠭᠡᠳ ᠬᠥᠰᠢᠭᠡ ᠶᠢ ᠡᠯᠭᠦᠬᠦ ᠠᠯᠲᠠᠨ ᠳᠡᠭᠡᠭᠡ ᠪᠠᠢᠷᠢᠯᠠᠭᠤᠯᠵᠤ᠂ ᠬᠤᠸᠠᠢᠰᠠ ᠮᠣᠳᠣ ᠪᠠᠷ ᠲᠠᠪᠤᠨ ᠪᠠᠭᠠᠨ᠎ᠠ ᠬᠢᠵᠦ ᠠᠯᠲᠠ ᠪᠠᠷ ᠪᠦᠷᠢ᠃ ᠡᠳᠡᠭᠡᠷ ᠢ ᠲᠤᠯᠬᠤ ᠲᠠᠪᠤᠨ ᠤᠭᠯᠠᠭᠤᠷ ᠢ ᠬᠦᠷᠡᠯ ᠢᠶᠡᠷ ᠴᠢᠳᠬᠤ᠃