1 2 3 4 5 6 7 8 9 10 11 12 13 14 15 16 17 18 19 20 21 22 23 24 25 26 27 28 29 30 31 32 33 34 35 36 37 38 39 40


ᠭᠡᠲᠦᠯᠦᠯ ᠠᠷᠪᠠᠨ ᠨᠠᠢ᠌ᠮᠠ
 ᠶᠧᠲ᠋ᠷᠣ᠋ ᠶᠢᠨ ᠵᠥᠪᠯᠡᠮᠵᠢ

1 ᠪᠤᠷᠬᠠᠨ ᠤ ᠮᠣᠰᠧ ᠳᠤ ᠪᠣᠯᠣᠨ ᠠᠷᠠᠳ ᠲᠦᠮᠡᠨ ᠢᠰᠷᠧᠯ ᠳᠡᠭᠡᠨ ᠦᠢᠯᠡᠳᠦᠭᠰᠡᠨ ᠠᠯᠢᠪᠠ ᠦᠢᠯᠡ ᠶᠠᠪᠤᠳᠠᠯ᠂ ᠲᠤᠬᠠᠢᠯᠠᠪᠠᠯ ᠶᠣᠬᠣᠸᠠ ᠢᠰᠷᠧᠯ ᠢ ᠶᠧᠵᠢᠫᠲ ᠡᠴᠡ ᠬᠡᠷᠬᠢᠨ ᠭᠠᠷᠭᠠᠭᠰᠠᠨ ᠢ ᠮᠣᠰᠧ ᠶᠢᠨ ᠬᠠᠳᠠᠮ ᠡᠴᠢᠭᠡ᠂ ᠮᠢᠳᠢᠶᠠᠨ ᠤ ᠲᠠᠬᠢᠯᠴᠢ ᠶᠧᠲ᠋ᠷᠣ᠋ ᠰᠣᠨᠣᠰᠴᠠᠢ᠃ 2 ᠲᠡᠭᠡᠭᠡᠳ ᠮᠣᠰᠧ ᠶᠢᠨ ᠬᠠᠳᠠᠮ ᠡᠴᠢᠭᠡ ᠶᠧᠲ᠋ᠷᠣ᠋ ᠮᠣᠰᠧ ᠶᠢᠨ ᠪᠤᠴᠠᠭᠠᠵᠤ ᠶᠠᠪᠤᠭᠤᠯᠤᠭᠰᠠᠨ ᠡᠬᠡᠨᠡᠷ ᠽᠢᠫᠣᠷᠠ ᠪᠣᠯᠣᠨ 3 ᠬᠣᠶᠠᠷ ᠬᠦᠦ ᠶᠢ ᠨᠢ ᠳᠠᠭᠠᠭᠤᠯᠵᠤ ᠲᠡᠭᠦᠨ ᠦ ᠳᠡᠷᠭᠡᠳᠡ ᠢᠷᠡᠪᠡ᠃ ᠮᠣᠰᠧ 《ᠪᠢ ᠬᠥᠮᠦᠨ ᠦ ᠭᠠᠵᠠᠷ ᠲᠤ ᠴᠠᠭᠠᠴᠢᠨ ᠪᠣᠯᠵᠠᠢ》 ᠭᠡᠰᠡᠨ ᠢᠶᠡᠷ ᠨᠢᠭᠡ ᠬᠦᠦ ᠨᠢ ᠭᠧᠷᠱᠣᠮ ᠭᠡᠭᠳᠡᠵᠦ᠂ 4 ᠪᠠᠰᠠ 《ᠮᠢᠨᠦ ᠡᠴᠢᠭᠡ ᠶᠢᠨ ᠪᠤᠷᠬᠠᠨ ᠨᠠᠳᠠ ᠳᠤ ᠲᠤᠰᠠᠯᠠᠵᠤ᠂ ᠨᠠᠮᠠᠶᠢ ᠹᠠᠷᠠᠣ᠋ ᠶᠢᠨ ᠢᠯᠳᠦᠨ ᠡᠴᠡ ᠠᠪᠤᠷᠠᠭᠰᠠᠨ》 ᠭᠡᠰᠡᠨ ᠢᠶᠡᠷ ᠨᠥᠭᠥᠭᠡ ᠬᠦᠦ ᠨᠢ ᠡᠯᠢᠶᠧᠽᠧᠷ 19 ᠭᠡᠭᠳᠡᠵᠡᠢ᠃ 5 ᠡᠢᠨ ᠬᠦ ᠮᠣᠰᠧ ᠶᠢᠨ ᠬᠠᠳᠠᠮ ᠡᠴᠢᠭᠡ ᠶᠧᠲ᠋ᠷᠣ᠋ ᠡᠬᠡᠨᠡᠷ᠂ ᠬᠥᠪᠡᠭᠦᠳ ᠲᠡᠢ ᠨᠢ ᠬᠠᠮᠲᠤ ᠴᠥᠯ ᠳᠤ ᠲᠡᠭᠦᠨ ᠦ ᠳᠡᠷᠭᠡᠳᠡ ᠢᠷᠡᠪᠡ᠃ ᠮᠣᠰᠧ ᠪᠤᠷᠬᠠᠨ ᠤ ᠠᠭᠤᠯᠠᠨ ᠳᠤ ᠪᠠᠭᠤᠳᠠᠯᠯᠠᠭᠠᠳ ᠪᠠᠢᠭᠰᠠᠨ ᠠᠵᠢ᠃ 6 ᠲᠡᠷᠡ ᠮᠣᠰᠧ ᠳᠤ ᠬᠡᠯᠡ ᠶᠠᠪᠤᠭᠤᠯᠵᠤ᠄ 《ᠴᠢᠨᠦ ᠬᠠᠳᠠᠮ ᠡᠴᠢᠭᠡ ᠶᠧᠲ᠋ᠷᠣ᠋ ᠪᠢ ᠡᠬᠡᠨᠡᠷ᠂ ᠬᠣᠶᠠᠷ ᠬᠦᠦ ᠲᠠᠢ ᠴᠢᠨᠢ ᠬᠠᠮᠲᠤ ᠴᠢᠮ᠎ᠠ ᠤᠷᠤᠭᠤ ᠢᠷᠡᠯ᠎ᠡ》 ᠭᠡᠬᠦ ᠳᠦ᠂ 7 ᠮᠣᠰᠧ ᠬᠠᠳᠠᠮ ᠡᠴᠢᠭᠡ ᠪᠡᠨ ᠲᠣᠰᠬᠤ ᠪᠠᠷ ᠭᠠᠷᠴᠤ ᠢᠷᠡᠭᠡᠳ ᠮᠡᠬᠦᠢᠵᠦ ᠲᠡᠭᠦᠨ ᠢ ᠦᠨᠦᠰᠪᠡ᠃ ᠲᠡᠳᠡ ᠠᠮᠤᠷ ᠮᠡᠨᠳᠦ ᠪᠡᠨ ᠮᠡᠳᠡᠯᠴᠡᠭᠰᠡᠨ ᠦ ᠳᠠᠷᠠᠭ᠎ᠠ ᠮᠠᠢᠬᠠᠨ ᠳᠤ ᠣᠷᠣᠵᠠᠭᠠᠪᠠ᠃ 8 ᠮᠣᠰᠧ ᠬᠠᠳᠠᠮ ᠡᠴᠢᠭᠡ ᠳᠡᠭᠡᠨ᠂ ᠶᠣᠬᠣᠸᠠ ᠶᠢᠨ ᠢᠰᠷᠧᠯ ᠤᠨ ᠲᠥᠯᠥᠭᠡ ᠹᠠᠷᠠᠣ᠋ ᠳᠤ ᠪᠠ ᠶᠧᠵᠢᠫᠲ᠋ᠴᠦᠳ ᠲᠦ ᠦᠢᠯᠡᠳᠦᠭᠰᠡᠨ ᠪᠦᠬᠦᠨ ᠦ ᠲᠤᠬᠠᠢ᠂ ᠮᠥᠨ ᠠᠶᠠᠨ ᠵᠠᠮ ᠳᠤ ᠲᠣᠬᠢᠶᠠᠯᠳᠤᠭᠰᠠᠨ ᠠᠯᠢᠪᠠ ᠪᠡᠷᠬᠡᠰᠢᠶᠡᠯ ᠦᠨ ᠲᠤᠬᠠᠢ᠂ ᠪᠠᠰᠠ ᠶᠣᠬᠣᠸᠠ ᠲᠡᠳᠡᠨ ᠢ ᠬᠡᠷᠬᠢᠨ ᠠᠪᠤᠷᠠᠭᠰᠠᠨ ᠲᠤᠬᠠᠢ ᠲᠠᠢᠯᠪᠤᠷᠢᠯᠠᠪᠠ᠃

9 ᠶᠧᠲ᠋ᠷᠣ᠋ ᠶᠣᠬᠣᠸᠠ ᠶᠢᠨ ᠶᠧᠵᠢᠫᠲ᠋ᠴᠦᠳ ᠦᠨ ᠭᠠᠷ ᠠᠴᠠ ᠠᠪᠤᠷᠠᠬᠤ ᠪᠠᠷ ᠢᠰᠷᠧᠯ ᠳᠤ ᠦᠢᠯᠡᠳᠦᠭᠰᠡᠨ ᠪᠦᠬᠦ ᠰᠠᠢᠨ ᠰᠠᠢᠬᠠᠨ ᠳᠤ ᠬᠥᠭᠰᠡᠨ ᠪᠠᠶᠠᠷᠯᠠᠵᠤ᠄ 10 《ᠲᠠ ᠨᠠᠷ ᠢ ᠶᠧᠵᠢᠫᠲ᠋ᠴᠦᠳ ᠦᠨ ᠭᠠᠷ ᠠᠴᠠ᠂ ᠹᠠᠷᠠᠣ᠋ ᠶᠢᠨ ᠭᠠᠷ ᠠᠴᠠ ᠠᠪᠤᠷᠠᠭᠰᠠᠨ ᠶᠣᠬᠣᠸᠠ ᠮᠠᠭᠲᠠᠭᠳᠠᠬᠤ ᠪᠣᠯᠲᠤᠭᠠᠢ᠃ ᠶᠣᠬᠣᠸᠠ ᠠᠷᠠᠳ ᠲᠦᠮᠡᠨ ᠢᠶᠡᠨ ᠶᠧᠵᠢᠫᠲ᠋ᠴᠦᠳ ᠦᠨ ᠰᠠᠪᠠᠷ ᠠᠴᠠ ᠠᠪᠤᠷᠠᠵᠠᠢ᠃ 11 ᠢᠰᠷᠧᠯᠴᠦᠳ ᠲᠦ ᠳᠡᠭᠡᠷᠡᠩᠭᠦᠢ ᠠᠭᠠᠰᠢᠯᠠᠭᠰᠠᠨ ᠲᠡᠳᠡᠨ ᠳᠦ ᠡᠢᠨ ᠬᠦ ᠦᠢᠯᠡᠳᠦᠭᠰᠡᠨ ᠡᠴᠡ ᠨᠢ ᠶᠣᠬᠣᠸᠠ ᠪᠦᠬᠦ ᠪᠤᠷᠬᠠᠳ ᠠᠴᠠ ᠢᠯᠡᠭᠦᠦ ᠠᠭᠤᠤ ᠭᠡᠳᠡᠭ ᠢ ᠪᠢ ᠣᠳᠣ ᠮᠡᠳᠡᠯ᠎ᠡ》 ᠭᠡᠪᠡ᠃ 12 ᠲᠡᠭᠡᠭᠡᠳ ᠮᠣᠰᠧ ᠶᠢᠨ ᠬᠠᠳᠠᠮ ᠡᠴᠢᠭᠡ ᠶᠧᠲ᠋ᠷᠣ᠋ ᠪᠤᠷᠬᠠᠨ ᠳᠤ ᠰᠢᠲᠠᠭᠠᠯᠭᠠᠲᠤ ᠲᠠᠬᠢᠯ ᠪᠣᠯᠣᠨ ᠡᠷᠭᠦᠯ ᠤᠳ ᠡᠷᠭᠦᠪᠡ᠃ ᠠᠷᠣᠨ ᠢᠰᠷᠧᠯ ᠤᠨ ᠪᠦᠬᠦ ᠠᠬᠠᠯᠠᠭᠴᠢᠳ ᠲᠠᠢ ᠴᠤᠭ ᠢᠷᠡᠵᠦ᠂ ᠪᠤᠷᠬᠠᠨ ᠤ ᠡᠮᠦᠨ᠎ᠡ ᠲᠠᠬᠢᠯ ᠤᠨ ᠬᠣᠭᠣᠯᠠ ᠶᠢ ᠮᠣᠰᠧ ᠶᠢᠨ ᠬᠠᠳᠠᠮ ᠡᠴᠢᠭᠡ ᠲᠠᠢ ᠬᠠᠮᠲᠤ ᠢᠳᠡᠭᠰᠡᠨ ᠪᠠᠢᠨ᠎ᠠ᠃

13 ᠳᠠᠷᠠᠭ᠎ᠠ ᠡᠳᠦᠷ ᠨᠢ ᠮᠣᠰᠧ ᠠᠷᠠᠳ ᠲᠦᠮᠡᠨ ᠢ ᠰᠢᠭᠦᠬᠦ ᠪᠡᠷ ᠰᠠᠭᠤᠵᠤ᠂ ᠠᠷᠠᠳ ᠲᠦᠮᠡᠨ ᠥᠷᠯᠥᠭᠡ ᠡᠴᠡ ᠣᠷᠣᠢ ᠬᠦᠷᠲᠡᠯ᠎ᠡ ᠮᠣᠰᠧ ᠶᠢᠨ ᠬᠠᠵᠠᠭᠤ ᠪᠠᠷ ᠵᠣᠭᠰᠣᠵᠤ ᠪᠠᠢᠯ᠎ᠠ᠃ 14 ᠬᠠᠳᠠᠮ ᠡᠴᠢᠭᠡ ᠨᠢ ᠮᠣᠰᠧ ᠶᠢᠨ ᠠᠷᠠᠳ ᠲᠦᠮᠡᠨ ᠳᠦ ᠬᠢᠵᠦ ᠪᠠᠢᠭ᠎ᠠ ᠪᠦᠬᠦᠨ ᠢ ᠬᠠᠷᠠᠭᠠᠳ᠄ 《ᠠᠷᠠᠳ ᠲᠦᠮᠡᠨ ᠳᠡᠭᠡᠨ ᠶᠠᠭᠤ ᠬᠢᠵᠦ ᠪᠠᠢᠭ᠎ᠠ ᠴᠢᠨᠢ ᠡᠨᠡ ᠪᠤᠢ︖ ᠥᠷᠯᠥᠭᠡ ᠡᠴᠡ ᠣᠷᠣᠢ ᠪᠣᠯᠲᠠᠯ᠎ᠠ ᠠᠷᠠᠳ ᠣᠯᠠᠨ ᠪᠦᠭᠦᠳᠡᠭᠡᠷ ᠢᠶᠡᠨ ᠴᠢᠨᠦ ᠡᠮᠦᠨ᠎ᠡ ᠵᠣᠭᠰᠣᠵᠤ ᠪᠠᠢᠬᠤ ᠳᠤ᠂ ᠴᠢ ᠶᠠᠭᠠᠬᠢᠭᠠᠳ ᠭᠠᠭᠴᠠᠭᠠᠷ ᠢᠶᠠᠨ ᠰᠠᠭᠤᠭᠠᠳ ᠪᠠᠢᠭ᠎ᠠ ᠶᠤᠮ ᠪᠤᠢ︖》 ᠭᠡᠪᠡ᠃ 15 ᠮᠣᠰᠧ ᠬᠠᠳᠠᠮ ᠡᠴᠢᠭᠡ ᠳᠡᠭᠡᠨ᠄ 《ᠠᠷᠠᠳ ᠲᠦᠮᠡᠨ ᠪᠤᠷᠬᠠᠨ ᠠᠴᠠ ᠠᠰᠠᠭᠤᠬᠤ ᠪᠠᠷ ᠨᠠᠳᠠ ᠤᠷᠤᠭᠤ ᠢᠷᠡᠵᠦ ᠪᠠᠢᠳᠠᠭ ᠶᠤᠮ᠃ 16 ᠲᠡᠳᠡ ᠶᠠᠪᠤᠳᠠᠯ ᠤᠴᠢᠷ ᠲᠠᠢ ᠪᠣᠯ ᠨᠠᠳᠠ ᠤᠷᠤᠭᠤ ᠢᠷᠡᠵᠦ᠂ ᠪᠢ ᠲᠡᠷᠡ ᠬᠥᠮᠦᠨ ᠪᠣᠯᠣᠨ ᠬᠥᠷᠰᠢ ᠶᠢᠨ ᠬᠢᠨᠢ ᠬᠣᠭᠣᠷᠣᠨᠳᠣᠬᠢ ᠶᠢ ᠰᠢᠭᠦᠨ᠂ ᠪᠤᠷᠬᠠᠨ ᠤ ᠬᠠᠤᠯᠢ ᠶᠣᠰᠣ ᠶᠢ ᠮᠡᠳᠡᠭᠦᠯᠳᠡᠭ ᠶᠤᠮ》 ᠭᠡᠪᠡ᠃ 17 ᠮᠣᠰᠧ ᠶᠢᠨ ᠬᠠᠳᠠᠮ ᠡᠴᠢᠭᠡ ᠲᠡᠭᠦᠨ ᠳᠦ᠄ 《ᠢᠩᠭᠢᠵᠦ ᠠᠵᠢᠯᠯᠠᠵᠤ ᠪᠠᠢᠬᠤ ᠴᠢᠨᠢ ᠰᠠᠢᠨ ᠪᠢᠰᠢ᠂ 18 ᠴᠢ ᠴᠤ᠂ ᠴᠢᠮ᠎ᠠ ᠳᠤ ᠢᠷᠡᠳᠡᠭ ᠠᠷᠠᠳ ᠣᠯᠠᠨ ᠴᠤ ᠰᠦᠷᠡᠬᠡᠢ ᠵᠦᠳᠡᠷᠡᠵᠦ ᠪᠠᠢᠨ᠎ᠠ᠃ ᠡᠨᠡ ᠠᠵᠢᠯ ᠴᠢᠮ᠎ᠠ ᠳᠤ ᠬᠦᠨᠳᠦ ᠪᠠᠢᠨ᠎ᠠ᠃ ᠴᠢ ᠭᠠᠭᠴᠠᠭᠠᠷ ᠢᠶᠠᠨ ᠬᠢᠵᠦ ᠴᠢᠳᠠᠬᠤ ᠦᠭᠡᠢ᠃ 19 ᠣᠳᠣ ᠮᠢᠨᠦ ᠬᠢ ᠶᠢ ᠰᠣᠨᠣᠰ᠃ ᠪᠢ ᠴᠢᠮ᠎ᠠ ᠳᠤ ᠵᠥᠪᠯᠡᠯᠭᠡ ᠥᠭᠭᠥᠶ᠎ᠡ᠃ ᠪᠤᠷᠬᠠᠨ ᠴᠢᠮ᠎ᠠ ᠲᠠᠢ ᠬᠠᠮᠲᠤ ᠪᠠᠢᠭ᠃ ᠴᠢ ᠪᠤᠷᠬᠠᠨ ᠤ ᠡᠮᠦᠨ᠎ᠡ ᠵᠣᠭᠰᠣᠭᠠᠳ ᠠᠷᠠᠳ ᠲᠦᠮᠡᠨ ᠢ ᠲᠥᠯᠥᠭᠡᠯᠡᠵᠦ ᠬᠡᠷᠡᠭ ᠵᠠᠷᠭᠤ ᠶᠢ ᠨᠢ ᠪᠤᠷᠬᠠᠨ ᠳᠤ ᠠᠪᠴᠢᠷᠠᠵᠤ᠂ 20 ᠲᠡᠳᠡᠨ ᠳᠦ ᠬᠠᠤᠯᠢ ᠶᠣᠰᠣ ᠶᠢ ᠵᠢᠭ᠎ᠠ᠂ ᠶᠠᠪᠤᠬᠤ ᠵᠠᠮ ᠪᠣᠯᠣᠨ ᠬᠢᠬᠦ ᠠᠵᠢᠯ ᠢ ᠨᠢ ᠮᠡᠳᠡᠭᠦᠯ᠃ 21 ᠬᠠᠷᠢᠨ ᠴᠢ ᠪᠦᠬᠦ ᠠᠷᠠᠳ ᠲᠦᠮᠡᠨ ᠦ ᠳᠣᠲᠣᠷ᠎ᠠ ᠠᠴᠠ ᠴᠢᠳᠠᠪᠤᠷᠢ ᠲᠠᠢ ᠪᠥᠭᠡᠳ ᠪᠤᠷᠬᠠᠨ ᠠᠴᠠ ᠡᠮᠢᠶᠡᠳᠡᠭ ᠬᠥᠮᠦᠰ᠂ ᠦᠨᠡᠨᠴᠢ ᠪᠥᠭᠡᠳ ᠵᠥᠪ ᠪᠤᠰᠤ ᠣᠯᠵᠠ ᠶᠢ ᠵᠠᠨᠤᠳᠠᠭ ᠬᠥᠮᠦᠰ ᠢ ᠰᠢᠯᠢᠵᠦ ᠠᠪᠤᠭᠠᠳ ᠲᠡᠳᠡᠨ ᠢ ᠠᠷᠠᠳ ᠲᠦᠮᠡᠨ ᠦ ᠳᠡᠭᠡᠷ᠎ᠡ ᠮᠢᠩ᠋ᠭᠠᠲᠤ᠂ ᠵᠠᠭᠤᠲᠤ᠂ ᠲᠠᠪᠢᠲᠤ᠂ ᠠᠷᠪᠠᠲᠤ ᠶᠢᠨ ᠳᠠᠷᠤᠭ᠎ᠠ ᠪᠠᠷ ᠲᠣᠮᠢᠯᠠ᠃ 22 ᠴᠠᠭ ᠦᠷᠭᠦᠯᠵᠢ ᠲᠡᠳᠡᠨ ᠢᠶᠡᠷ ᠠᠷᠠᠳ ᠲᠦᠮᠡᠨ ᠢ ᠰᠢᠭᠦᠯᠭᠡᠭᠡᠷᠡᠢ᠃ ᠠᠯᠢᠪᠠ ᠲᠣᠮᠣ ᠬᠡᠷᠡᠭ ᠢ ᠲᠡᠳᠡ ᠴᠢᠮ᠎ᠠ ᠳᠤ ᠠᠪᠴᠢᠷᠠᠵᠤ᠂ ᠠᠷᠰᠠᠷ ᠬᠡᠷᠡᠭ ᠢ ᠥᠪᠡᠷᠰᠡᠳ ᠢᠶᠡᠨ ᠰᠢᠭᠦᠭ᠃ ᠲᠡᠭᠡᠪᠡᠯ ᠲᠡᠳᠡ ᠠᠴᠢᠶᠠᠨ ᠠᠴᠠ ᠴᠢᠨᠢ ᠡᠭᠦᠷᠭᠡᠯᠴᠡᠵᠦ ᠴᠢᠮ᠎ᠠ ᠳᠤ ᠠᠮᠠᠷ ᠪᠣᠯᠣᠨ᠎ᠠ᠃ 23 ᠬᠡᠷᠪᠡ ᠴᠢ ᠡᠢᠨ ᠬᠦ ᠦᠢᠯᠡᠳᠴᠦ ᠡᠭᠦᠨ ᠢ ᠪᠤᠷᠬᠠᠨ ᠴᠢᠮ᠎ᠠ ᠳᠤ ᠵᠥᠪᠰᠢᠶᠡᠷᠡᠪᠡᠯ᠂ ᠴᠢ ᠳᠠᠭᠠᠭᠠᠵᠤ ᠴᠢᠳᠠᠬᠤ ᠪᠥᠭᠡᠳ ᠡᠨᠡ ᠠᠷᠠᠳ ᠲᠦᠮᠡᠨ ᠴᠤ ᠪᠦᠭᠦᠳᠡᠭᠡᠷ ᠢᠶᠡᠨ ᠰᠡᠳᠬᠢᠯ ᠬᠠᠩ᠋ᠭᠠᠯᠤᠭᠤᠨ ᠭᠡᠷ ᠲᠡᠭᠡᠨ ᠬᠠᠷᠢᠬᠤ ᠪᠣᠯᠣᠨ᠎ᠠ》 ᠭᠡᠵᠦ ᠬᠡᠯᠡᠪᠡ᠃

24 ᠮᠣᠰᠧ ᠬᠠᠳᠠᠮ ᠡᠴᠢᠭᠡ ᠶᠢᠨ ᠢᠶᠠᠨ ᠦᠭᠡ ᠶᠢ ᠰᠣᠨᠣᠰᠣᠭᠠᠳ ᠬᠡᠯᠡᠭᠰᠡᠨ ᠪᠦᠬᠦᠨ ᠢ ᠨᠢ ᠭᠦᠢᠴᠡᠳᠬᠡᠪᠡ᠃ 25 ᠮᠣᠰᠧ ᠪᠦᠬᠦ ᠢᠰᠷᠧᠯ ᠡᠴᠡ ᠴᠢᠳᠠᠪᠤᠷᠢ ᠲᠠᠢ ᠬᠥᠮᠦᠰ ᠢ ᠰᠢᠯᠢᠵᠦ ᠠᠪᠤᠭᠠᠳ᠂ ᠲᠡᠳᠡᠨ ᠢ ᠠᠷᠠᠳ ᠲᠦᠮᠡᠨ ᠦ ᠤᠳᠤᠷᠢᠳᠤᠭᠴᠢ ᠪᠣᠯᠭᠠᠨ ᠮᠢᠩ᠋ᠭᠠᠲᠤ᠂ ᠵᠠᠭᠤᠲᠤ᠂ ᠲᠠᠪᠢᠲᠤ᠂ ᠠᠷᠪᠠᠲᠤ ᠶᠢᠨ ᠳᠠᠷᠤᠭ᠎ᠠ ᠪᠠᠷ ᠲᠣᠮᠢᠯᠠᠭᠰᠠᠨ ᠳᠤ᠂ 26 ᠲᠡᠳᠡ ᠴᠠᠭ ᠦᠷᠭᠦᠯᠵᠢ ᠠᠷᠠᠳ ᠲᠦᠮᠡᠨ ᠢ ᠰᠢᠭᠦᠵᠦ᠂ ᠶᠠᠷᠰᠢᠭ ᠲᠦᠪᠡᠭ ᠲᠡᠢ ᠬᠡᠷᠡᠭ ᠢ ᠮᠣᠰᠧ ᠳᠤ ᠠᠪᠴᠢᠷᠠᠨ ᠠᠷᠰᠠᠷ ᠬᠡᠷᠡᠭ ᠢ ᠥᠪᠡᠷᠰᠡᠳ ᠢᠶᠡᠨ ᠰᠢᠭᠦᠭᠰᠡᠨ ᠪᠠᠢᠨ᠎ᠠ᠃ 27 ᠮᠣᠰᠧ ᠬᠠᠳᠠᠮ ᠡᠴᠢᠭᠡ ᠪᠡᠨ ᠦᠳᠡᠵᠦ᠂ ᠬᠠᠳᠠᠮ ᠡᠴᠢᠭᠡ ᠨᠢ ᠨᠤᠲᠤᠭ ᠤᠷᠤᠭᠤ ᠪᠠᠨ ᠪᠤᠴᠠᠪᠠ᠃