1 2 3 4 5 6 7 8 9 10 11 12 13 14 15 16 17 18 19 20 21 22 23 24 25 26 27 28 29 30 31 32 33 34 35 36 37 38 39 40


ᠭᠡᠲᠦᠯᠦᠯ ᠠᠷᠪᠠᠨ ᠳᠥᠷᠪᠡ

1 ᠶᠣᠬᠣᠸᠠ ᠮᠣᠰᠧ ᠳᠤ ᠠᠢᠯᠠᠳᠤᠨ᠄ 2 《ᠴᠢ ᠢᠰᠷᠧᠯᠴᠦᠳ ᠲᠦ ᠵᠠᠬᠢᠨ᠄ 〈ᠢᠷᠡᠭᠰᠡᠨ ᠵᠠᠮ ᠢᠶᠠᠷ ᠢᠶᠠᠨ ᠪᠤᠴᠠᠵᠤ᠂ ᠮᠢᠭᠳᠣᠯ ᠪᠠ ᠲᠠᠩᠭᠢᠰ ᠤᠨ ᠳᠤᠮᠳᠠᠬᠢ ᠫᠢ ᠬᠠᠾᠢᠷᠣᠲ ᠲᠤ ᠣᠴᠢᠵᠤ᠂ ᠪᠠᠯ ᠽᠧᠹᠣᠨ ᠤ ᠡᠮᠦᠨ᠎ᠡ ᠳᠠᠯᠠᠢ ᠶᠢᠨ ᠬᠥᠪᠡᠭᠡᠨ ᠳᠦ ᠪᠠᠭᠤᠳᠠᠯᠯᠠ〉 ᠭᠡᠵᠦ ᠬᠡᠯᠡᠭᠡᠷᠡᠢ᠃ 3 ᠲᠡᠭᠡᠪᠡᠯ ᠹᠠᠷᠠᠣ᠋᠄ 〈ᠢᠰᠷᠧᠯᠴᠦᠳ ᠡᠨᠡ ᠨᠤᠲᠤᠭ ᠲᠤ ᠵᠦᠭ ᠴᠢᠭ ᠢᠶᠠᠨ ᠠᠯᠳᠠᠭᠠᠳ ᠴᠥᠯ ᠳᠤ ᠮᠤᠬᠤᠷᠳᠠᠭᠰᠠᠨ〉 ᠭᠡᠵᠦ ᠪᠣᠳᠣᠨ᠎ᠠ᠃ 4 ᠪᠢ ᠹᠠᠷᠠᠣ᠋ ᠶᠢᠨ ᠵᠢᠷᠦᠬᠡ ᠶᠢ ᠬᠠᠲᠠᠭᠤᠷᠠᠭᠤᠯᠵᠤ᠂ ᠲᠡᠷᠡ ᠲᠡᠳᠡᠨ ᠦ ᠬᠣᠢᠨ᠎ᠠ ᠠᠴᠠ ᠬᠥᠭᠡᠭᠡᠨ᠎ᠡ᠂ ᠪᠢ ᠹᠠᠷᠠᠣ᠋ ᠪᠣᠯᠣᠨ ᠲᠡᠭᠦᠨ ᠦ ᠬᠠᠮᠤᠭ ᠴᠡᠷᠢᠭ ᠤᠨ ᠳᠡᠭᠡᠷ᠎ᠡ ᠠᠯᠳᠠᠷᠰᠢᠵᠤ᠂ 〈ᠪᠢ ᠪᠣᠯ ᠶᠣᠬᠣᠸᠠ ᠮᠥᠨ〉 ᠭᠡᠳᠡᠭ ᠢ ᠶᠧᠵᠢᠫᠲ᠋ᠴᠦᠳ ᠮᠡᠳᠡᠬᠦ ᠪᠣᠯᠣᠨ᠎ᠠ》 ᠭᠡᠬᠦ ᠳᠦ᠂ ᠢᠰᠷᠧᠯᠴᠦᠳ ᠲᠡᠢᠨ ᠬᠦ ᠦᠢᠯᠡᠳᠴᠡᠢ᠃

5 ᠠᠷᠠᠳ ᠲᠦᠮᠡᠨ ᠦ ᠵᠢᠭᠤᠲᠠᠭᠰᠠᠨ ᠲᠤᠬᠠᠢ ᠬᠡᠨ ᠨᠢᠭᠡ ᠨᠢ ᠶᠧᠵᠢᠫᠲ ᠤᠨ ᠬᠠᠭᠠᠨ ᠳᠤ ᠳᠤᠭᠤᠯᠭᠠᠭᠰᠠᠨ ᠳᠤ᠂ ᠹᠠᠷᠠᠣ᠋ ᠪᠣᠯᠣᠨ ᠵᠠᠷᠤᠴᠠ ᠨᠠᠷ ᠨᠢ ᠡᠨᠡ ᠠᠷᠠᠳ ᠲᠦᠮᠡᠨ ᠦ ᠲᠠᠯ᠎ᠠ ᠪᠠᠷ ᠰᠠᠨᠠᠭ᠎ᠠ ᠪᠠᠨ ᠥᠭᠡᠷᠡᠴᠢᠯᠡᠵᠦ᠄ 《ᠪᠢᠳᠡ ᠵᠠᠷᠤᠴᠠᠯᠠᠵᠤ ᠪᠠᠢᠭᠰᠠᠨ ᠢᠰᠷᠧᠯᠴᠦᠳ ᠢᠶᠡᠨ ᠶᠠᠪᠤᠭᠤᠯᠴᠢᠬᠠᠬᠤ ᠴᠢᠨᠢ ᠶᠠᠭᠤ ᠬᠢᠴᠢᠬᠡᠬᠦ ᠨᠢ ᠡᠨᠡ ᠪᠤᠢ︖》 ᠭᠡᠵᠡᠭᠡᠪᠡ᠃ 6 ᠹᠠᠷᠠᠣ᠋ ᠲᠡᠷᠭᠡ ᠪᠡᠯᠡᠳᠬᠡᠭᠦᠯᠵᠦ᠂ ᠴᠡᠷᠢᠭ ᠲᠠᠢ ᠪᠠᠨ ᠬᠠᠮᠲᠤ ᠶᠠᠪᠤᠪᠠ᠃ 7 ᠵᠢᠷᠭᠤᠭᠠᠨ ᠵᠠᠭᠤᠨ ᠰᠢᠯᠢᠳᠡᠭ ᠲᠡᠷᠭᠡᠲᠦ ᠴᠡᠷᠢᠭ ᠪᠣᠯᠣᠨ ᠶᠧᠵᠢᠫᠲ ᠤᠨ ᠪᠤᠰᠤᠳ ᠲᠡᠷᠭᠡ ᠲᠡᠭᠦᠨ ᠢ ᠳᠠᠭᠠᠪᠠ᠃ ᠲᠡᠷᠭᠡ ᠪᠣᠯᠭᠠᠨ ᠳᠠᠷᠤᠭ᠎ᠠ ᠲᠠᠢ ᠪᠠᠢᠪᠠ᠃ 8 ᠶᠣᠬᠣᠸᠠ ᠶᠧᠵᠢᠫᠲ ᠤᠨ ᠬᠠᠭᠠᠨ ᠹᠠᠷᠠᠣ᠋ ᠶᠢᠨ ᠵᠢᠷᠦᠬᠡ ᠶᠢ ᠬᠠᠲᠠᠭᠤᠷᠠᠭᠤᠯᠤᠭᠰᠠᠨ ᠳᠤ᠂ ᠲᠡᠷᠡ ᠭᠠᠷ ᠢᠶᠠᠨ ᠵᠠᠩ᠋ᠭᠠᠨ 9 ᠭᠠᠷᠴᠤ ᠶᠠᠪᠤᠭ᠎ᠠ ᠢᠰᠷᠧᠯᠴᠦᠳ ᠦᠨ ᠬᠣᠢᠨ᠎ᠠ ᠠᠴᠠ ᠬᠥᠭᠡᠭᠡᠪᠡ᠃ 9 ᠹᠠᠷᠠᠣ᠋ ᠶᠢᠨ ᠬᠠᠮᠤᠭ ᠲᠡᠷᠭᠡ ᠮᠣᠷᠢ᠂ ᠬᠠᠮᠤᠭ ᠮᠣᠷᠢᠲᠠᠨ᠂ ᠴᠡᠷᠢᠭ ᠨᠢ ᠳᠠᠯᠠᠢ ᠶᠢᠨ ᠬᠥᠪᠡᠭᠡᠨ ᠳᠦ ᠲᠡᠳᠡᠨ ᠢ ᠭᠦᠢᠴᠡᠪᠡ᠃ ᠲᠡᠳᠡ ᠪᠠᠯ ᠽᠧᠹᠣᠨ ᠤ ᠡᠮᠦᠨ᠎ᠡ ᠫᠢ ᠬᠠᠾᠢᠷᠣᠲ ᠤᠨ ᠬᠠᠪᠢ ᠳᠤ ᠪᠠᠭᠤᠳᠠᠯᠯᠠᠵᠤ ᠪᠠᠢᠯ᠎ᠠ᠃

10 ᠹᠠᠷᠠᠣ᠋ ᠣᠢᠷᠠᠲᠤᠨ ᠢᠷᠡᠵᠦ ᠪᠠᠢᠯ᠎ᠠ᠃ ᠢᠰᠷᠧᠯᠴᠦᠳ ᠨᠢᠳᠦ ᠡᠷᠭᠦᠨ ᠬᠠᠷᠠᠬᠤ ᠳᠤ᠂ ᠶᠧᠵᠢᠫᠲ᠋ᠴᠦᠳ ᠬᠣᠢᠨ᠎ᠠ ᠠᠴᠠ ᠨᠢ ᠬᠥᠭᠡᠭᠡᠨ ᠢᠷᠡᠵᠦ ᠪᠠᠢᠪᠠ᠃ ᠢᠰᠷᠧᠯᠴᠦᠳ ᠶᠡᠬᠡᠳᠡ ᠠᠶᠤᠵᠤ᠂ ᠶᠣᠬᠣᠸᠠ ᠤᠷᠤᠭᠤ ᠬᠠᠨᠳᠤᠨ ᠬᠠᠰᠬᠢᠷᠴᠠᠭᠠᠪᠠ᠃ 11 ᠲᠡᠳᠡ ᠮᠣᠰᠧ ᠳᠤ᠄ 《ᠶᠧᠵᠢᠫᠲ ᠲᠤ ᠣᠷᠣᠰᠢᠭᠤᠯᠭ᠎ᠠ ᠶᠢᠨ ᠭᠠᠵᠠᠷ ᠳᠤᠲᠠᠭᠠᠳ ᠴᠢ ᠮᠠᠨ ᠤ ᠬᠢᠨ ᠢ ᠴᠥᠯ ᠳᠤ ᠦᠬᠦᠭᠦᠯᠬᠦ ᠪᠡᠷ ᠠᠪᠴᠢᠷᠠᠭᠰᠠᠨ ᠤᠤ︖ ᠴᠢ ᠪᠢᠳᠡᠨ ᠢ ᠶᠧᠵᠢᠫᠲ ᠡᠴᠡ ᠭᠠᠷᠭᠠᠭᠰᠠᠨ ᠢᠶᠠᠷ ᠪᠢᠳᠡᠨ ᠳᠦ ᠶᠠᠭᠤ ᠬᠢᠴᠢᠬᠡᠭᠰᠡᠨ ᠨᠢ ᠡᠨᠡ ᠪᠤᠢ︖ 12 ᠪᠢᠳᠡ ᠶᠧᠵᠢᠫᠲ ᠲᠤ ᠪᠠᠢᠬᠤ ᠳᠠᠭᠠᠨ ᠴᠢᠮ᠎ᠠ ᠳᠤ᠄ 〈ᠪᠢᠳᠡᠨ ᠢ ᠪᠦᠦ ᠦᠢᠮᠡᠭᠦᠯᠦᠭᠡᠳ ᠪᠠᠢ᠂ ᠪᠢᠳᠡ ᠶᠧᠵᠢᠫᠲ᠋ᠴᠦᠳ ᠲᠦ ᠵᠠᠷᠤᠴᠠᠯᠠᠭᠳᠠᠵᠤ ᠪᠠᠢᠶ᠎ᠠ〉 ᠭᠡᠵᠦ ᠬᠡᠯᠡᠭᠡ ᠦᠭᠡᠢ ᠭᠡᠵᠢ ᠤᠤ︖ ᠴᠥᠯ ᠳᠤ ᠦᠬᠦᠭᠰᠡᠨ ᠡᠴᠡ ᠶᠧᠵᠢᠫᠲ᠋ᠴᠦᠳ ᠲᠦ ᠵᠠᠷᠤᠴᠠᠯᠠᠭᠳᠠᠵᠤ ᠪᠠᠢᠭᠰᠠᠨ ᠨᠢ ᠳᠡᠭᠡᠷ᠎ᠡ ᠰᠠᠨ》 ᠭᠡᠵᠡᠭᠡᠪᠡ᠃

13 ᠮᠣᠰᠧ ᠠᠷᠠᠳ ᠲᠦᠮᠡᠨ ᠳᠦ᠄ 《ᠪᠦᠦ ᠠᠶᠤᠵᠠᠭ᠎ᠠ᠂ ᠪᠠᠲᠤ ᠵᠣᠭᠰᠣᠭᠠᠳ᠂ ᠥᠨᠥᠳᠥᠷ ᠶᠣᠬᠣᠸᠠ ᠶᠢᠨ ᠲᠠ ᠨᠠᠷ ᠤᠨ ᠲᠥᠯᠥᠭᠡ ᠦᠢᠯᠡᠳᠬᠦ ᠠᠪᠤᠷᠠᠯ ᠢ ᠬᠠᠷᠠᠵᠠᠭ᠎ᠠ᠃ ᠥᠨᠥᠳᠥᠷ ᠦᠨ ᠬᠠᠷᠠᠭᠰᠠᠨ ᠶᠧᠵᠢᠫᠲ᠋ᠴᠦᠳ ᠢ ᠲᠠ ᠨᠠᠷ ᠳᠠᠬᠢᠨ ᠬᠠᠷᠠᠬᠤ ᠦᠭᠡᠢ ᠪᠣᠯᠣᠨ᠎ᠠ᠃ 14 ᠶᠣᠬᠣᠸᠠ ᠲᠠ ᠨᠠᠷ ᠤᠨ ᠡᠮᠦᠨ᠎ᠡ ᠡᠴᠡ ᠪᠠᠢᠯᠳᠤᠨ᠎ᠠ᠂ ᠲᠠ ᠨᠠᠷ ᠵᠥᠪᠬᠡᠨ ᠴᠢᠮᠡᠭᠡ ᠦᠭᠡᠢ ᠪᠠᠢᠭᠲᠤᠨ》 ᠭᠡᠵᠦ ᠬᠡᠯᠡᠪᠡ᠃

15 ᠶᠣᠬᠣᠸᠠ ᠮᠣᠰᠧ ᠳᠤ᠄ 《ᠴᠢ ᠶᠠᠭᠤᠨ ᠳᠤ ᠨᠠᠳᠠ ᠤᠷᠤᠭᠤ ᠬᠠᠰᠬᠢᠷᠤᠭᠰᠠᠭᠠᠷ ᠪᠠᠢᠨ᠎ᠠ ᠪᠤᠢ︖ ᠢᠰᠷᠧᠯᠴᠦᠳ ᠲᠦ ᠤᠷᠤᠭᠰᠢ ᠪᠠᠨ ᠶᠠᠪᠤ ᠭᠡᠵᠦ ᠬᠡᠯᠡ᠃ 16 ᠬᠠᠷᠢᠨ ᠴᠢ ᠲᠠᠶᠠᠭ ᠢᠶᠠᠨ ᠡᠷᠭᠦᠵᠦ᠂ ᠳᠠᠯᠠᠢ ᠳᠡᠭᠡᠭᠦᠷ ᠭᠠᠷ ᠢᠶᠠᠨ ᠰᠤᠩ᠋ᠭᠠᠨ᠂ ᠳᠠᠯᠠᠢ ᠶᠢ ᠬᠤᠪᠢᠶᠠ᠃ ᠢᠰᠷᠧᠯᠴᠦᠳ ᠳᠠᠯᠠᠢ ᠳᠤᠮᠳᠠ ᠭᠠᠷᠤᠭᠰᠠᠨ ᠬᠠᠭᠤᠷᠠᠢ ᠭᠠᠵᠠᠷ ᠢᠶᠠᠷ ᠶᠠᠪᠠᠭᠠᠨ ᠶᠠᠪᠤᠨ᠎ᠠ᠃ 17 ᠬᠠᠷᠢᠨ ᠪᠢ ᠶᠧᠵᠢᠫᠲ᠋ᠴᠦᠳ ᠦᠨ ᠵᠢᠷᠦᠬᠡ ᠶᠢ ᠬᠠᠲᠠᠭᠤᠷᠠᠭᠤᠯᠵᠤ᠂ ᠶᠧᠵᠢᠫᠲ᠋ᠴᠦᠳ ᠲᠡᠳᠡᠨ ᠦ ᠬᠣᠢᠨ᠎ᠠ ᠠᠴᠠ ᠣᠷᠣᠨ᠎ᠠ᠃ ᠲᠡᠷᠡ ᠴᠠᠭ ᠲᠤ ᠪᠢ ᠹᠠᠷᠠᠣ᠋ ᠪᠣᠯᠣᠨ ᠲᠡᠭᠦᠨ ᠦ ᠬᠠᠮᠤᠭ ᠴᠡᠷᠢᠭ᠂ ᠲᠡᠭᠦᠨ ᠦ ᠲᠡᠷᠭᠡ ᠪᠣᠯᠣᠨ ᠮᠣᠷᠢᠲᠠᠳ ᠤᠨ ᠳᠡᠭᠡᠷ᠎ᠡ ᠠᠯᠳᠠᠷᠰᠢᠬᠤ ᠪᠣᠯᠣᠨ᠎ᠠ᠃ 18 ᠪᠢ ᠹᠠᠷᠠᠣ᠋ ᠪᠣᠯᠣᠨ ᠲᠡᠭᠦᠨ ᠦ ᠲᠡᠷᠭᠡ᠂ ᠲᠡᠭᠦᠨ ᠦ ᠮᠣᠷᠢᠲᠠᠳ ᠳᠡᠭᠡᠷ᠎ᠡ ᠠᠯᠳᠠᠷᠰᠢᠨ᠎ᠠ᠃ ᠲᠡᠷᠡ ᠦᠶ᠎ᠡ ᠳᠦ 〈ᠪᠢ ᠪᠣᠯ ᠶᠣᠬᠣᠸᠠ ᠮᠥᠨ〉 ᠭᠡᠳᠡᠭ ᠢ ᠶᠧᠵᠢᠫᠲ᠋ᠴᠦᠳ ᠮᠡᠳᠡᠬᠦ ᠪᠣᠯᠣᠨ᠎ᠠ》 ᠭᠡᠵᠦ ᠠᠢᠯᠠᠳᠪᠠ᠃

19 ᠢᠰᠷᠧᠯ ᠤᠨ ᠵᠢᠭᠰᠠᠭᠠᠯ ᠤᠨ ᠲᠦᠷᠦᠭᠦᠨ ᠳᠦ ᠶᠠᠪᠤᠵᠤ ᠪᠠᠢᠭᠰᠠᠨ ᠪᠤᠷᠬᠠᠨ ᠤ ᠡᠯᠴᠢ ᠰᠢᠯᠵᠢᠵᠦ᠂ ᠲᠡᠳᠡᠨ ᠦ ᠠᠷᠤ ᠳᠤ ᠭᠠᠷᠪᠠ᠃ ᠡᠭᠦᠯᠡᠨ ᠪᠠᠭᠠᠨ᠎ᠠ ᠴᠤ ᠲᠡᠳᠡᠨ ᠦ ᠡᠮᠦᠨ᠎ᠡ ᠡᠴᠡ ᠰᠢᠯᠵᠢᠵᠦ᠂ ᠲᠡᠳᠡᠨ ᠦ ᠠᠷᠤ ᠳᠤ ᠵᠣᠭᠰᠣᠪᠠ᠃ 20 ᠡᠭᠦᠯᠡᠨ ᠪᠠᠭᠠᠨ᠎ᠠ ᠶᠧᠵᠢᠫᠲ ᠤᠨ ᠵᠢᠭᠰᠠᠭᠠᠯ ᠪᠠ ᠢᠰᠷᠧᠯ ᠤᠨ ᠵᠢᠭᠰᠠᠭᠠᠯ ᠤᠨ ᠬᠣᠭᠣᠷᠣᠨᠳᠣ ᠣᠷᠣᠬᠤ ᠳᠤ᠂ ᠰᠥᠨᠢᠵᠢᠨ ᠨᠢᠭᠡ ᠲᠠᠯ᠎ᠠ ᠳᠤᠨᠢ ᠬᠠᠷᠠᠩ᠋ᠭᠤᠢ ᠡᠭᠦᠯᠡ ᠪᠠᠢᠵᠤ᠂ ᠨᠥᠭᠥᠭᠡ ᠲᠠᠯ᠎ᠠ ᠳᠤᠨᠢ ᠭᠡᠷᠡᠯ ᠲᠤᠰᠪᠠ᠃ ᠡᠢᠮᠦ ᠡᠴᠡ ᠰᠥᠨᠢ ᠶᠢᠨ ᠲᠤᠷᠰᠢ ᠨᠢᠭᠡ ᠨᠢ ᠨᠥᠭᠥᠭᠡ ᠳᠡᠭᠡᠨ ᠣᠢᠷᠠᠲᠤᠭᠰᠠᠨ ᠦᠭᠡᠢ᠃

21 ᠮᠣᠰᠧ ᠳᠠᠯᠠᠢ ᠳᠡᠭᠡᠭᠦᠷ ᠭᠠᠷ ᠢᠶᠠᠨ ᠰᠤᠩ᠋ᠭᠠᠪᠠ᠃ ᠶᠣᠬᠣᠸᠠ ᠰᠥᠨᠢ ᠶᠢᠨ ᠲᠤᠷᠰᠢ ᠳᠣᠷᠣᠨ᠎ᠠ ᠶᠢᠨ ᠬᠦᠴᠦᠲᠦ ᠰᠠᠯᠬᠢ ᠪᠠᠷ ᠳᠠᠯᠠᠢ ᠶᠢᠨ ᠤᠰᠤ ᠶᠢ ᠤᠬᠤᠷᠢᠭᠤᠯᠤᠭᠰᠠᠨ ᠳᠤ᠂ ᠤᠰᠤ ᠬᠤᠪᠢᠶᠠᠭᠳᠠᠵᠤ᠂ ᠬᠠᠭᠤᠷᠠᠢ ᠭᠠᠵᠠᠷ ᠭᠠᠷᠪᠠ᠃ 22 ᠢᠰᠷᠧᠯᠴᠦᠳ ᠳᠠᠯᠠᠢ ᠳᠤᠮᠳᠠ ᠭᠠᠷᠤᠭᠰᠠᠨ ᠬᠠᠭᠤᠷᠠᠢ ᠭᠠᠵᠠᠷ ᠢᠶᠠᠷ ᠶᠠᠪᠠᠭᠠᠨ ᠶᠠᠪᠤᠬᠤ ᠳᠤ᠂ ᠤᠰᠤ ᠲᠡᠳᠡᠨ ᠦ ᠪᠠᠷᠠᠭᠤᠨ ᠵᠡᠭᠦᠨ ᠲᠠᠯ᠎ᠠ ᠳᠤ ᠬᠠᠨ᠎ᠠ ᠮᠡᠲᠦ ᠪᠠᠢᠪᠠ᠃ 23 ᠶᠧᠵᠢᠫᠲ᠋ᠴᠦᠳ ᠠᠷᠤ ᠠᠴᠠ ᠨᠢ ᠬᠥᠭᠡᠭᠡᠵᠦ᠂ ᠹᠠᠷᠠᠣ᠋ ᠶᠢᠨ ᠲᠡᠷᠭᠡ ᠮᠣᠷᠢᠳ᠂ ᠮᠣᠷᠢᠲᠠᠨ ᠨᠢ ᠪᠦᠭᠦᠳᠡᠭᠡᠷ ᠲᠡᠳᠡᠨ ᠢ ᠳᠠᠭᠠᠵᠤ ᠳᠠᠯᠠᠢ ᠳᠤ ᠣᠷᠣᠪᠠ᠃ 24 ᠦᠷ ᠴᠠᠢᠬᠤ ᠶᠢᠨ ᠡᠮᠦᠨ᠎ᠡ ᠶᠣᠬᠣᠸᠠ ᠭᠠᠯᠲᠤ ᠡᠭᠦᠯᠡᠨ ᠪᠠᠭᠠᠨ᠎ᠠ ᠠᠴᠠ ᠥᠩᠭᠡᠶᠢᠵᠦ᠂ ᠶᠧᠵᠢᠫᠲ ᠤᠨ ᠴᠡᠷᠢᠭ ᠤᠳ ᠢ ᠬᠠᠷᠠᠭᠠᠳ ᠲᠡᠳᠡᠨ ᠢ ᠰᠠᠮᠭᠠᠷᠳᠠᠭᠤᠯᠪᠠ᠃ 25 ᠲᠡᠷᠡ ᠪᠡᠷ ᠲᠡᠷᠭᠡ ᠨᠦᠭᠦᠳ ᠦᠨ ᠬᠢᠨᠢ ᠬᠦᠷᠳᠦ ᠶᠢ ᠮᠤᠯᠲᠤᠷᠠᠭᠤᠯᠵᠤ᠂ ᠶᠠᠪᠤᠬᠤ ᠳᠤ ᠬᠡᠴᠡᠭᠦᠦ ᠪᠣᠯᠭᠠᠪᠠ᠃ ᠶᠧᠵᠢᠫᠲ᠋ᠴᠦᠳ᠄ 《ᠢᠰᠷᠧᠯ ᠡᠴᠡ ᠵᠢᠭᠤᠲᠠᠵᠠᠭᠠᠶ᠎ᠠ᠃ ᠶᠣᠬᠣᠸᠠ ᠲᠡᠳᠡᠨ ᠦ ᠡᠮᠦᠨ᠎ᠡ ᠡᠴᠡ ᠶᠧᠵᠢᠫᠲ᠋ᠴᠦᠳ ᠦᠨ ᠡᠰᠡᠷᠭᠦ ᠪᠠᠢᠯᠳᠤᠬᠤ ᠨᠢ ᠡ》 ᠭᠡᠵᠡᠭᠡᠪᠡ᠃

26 ᠶᠣᠬᠣᠸᠠ ᠮᠣᠰᠧ ᠳᠤ᠄ 《ᠳᠠᠯᠠᠢ ᠳᠡᠭᠡᠭᠦᠷ ᠭᠠᠷ ᠢᠶᠠᠨ ᠰᠤᠩ᠋ᠭᠠᠵᠤ᠂ ᠶᠧᠵᠢᠫᠲ᠋ᠴᠦᠳ ᠳᠡᠭᠡᠷ᠎ᠡ᠂ ᠲᠡᠳᠡᠨ ᠦ ᠲᠡᠷᠭᠡ ᠨᠦᠭᠦᠳ᠂ ᠲᠡᠳᠡᠨ ᠦ ᠮᠣᠷᠢᠲᠠᠳ ᠤᠨ ᠳᠡᠭᠡᠷ᠎ᠡ ᠤᠰᠤ ᠶᠢ ᠪᠤᠴᠠᠭᠠᠭᠲᠤᠨ》 ᠭᠡᠪᠡ᠃ 27 ᠮᠣᠰᠧ ᠳᠠᠯᠠᠢ ᠶᠢᠨ ᠳᠡᠭᠡᠭᠦᠷ ᠭᠠᠷ ᠢᠶᠠᠨ ᠰᠤᠩ᠋ᠭᠠᠭᠰᠠᠨ ᠳᠤ᠂ ᠦᠷ ᠦᠨ ᠭᠡᠭᠡ ᠪᠡᠷ ᠳᠠᠯᠠᠢ ᠪᠤᠴᠠᠵᠤ ᠬᠡᠪ ᠲᠡᠭᠡᠨ ᠣᠷᠣᠪᠠ᠃ ᠶᠧᠵᠢᠫᠲ᠋ᠴᠦᠳ ᠤᠰᠤᠨ ᠠᠴᠠ ᠵᠢᠭᠤᠲᠠᠬᠤ ᠭᠡᠰᠡᠨ ᠪᠣᠯᠪᠠᠴᠤ ᠶᠣᠬᠣᠸᠠ ᠶᠧᠵᠢᠫᠲ᠋ᠴᠦᠳ ᠢ ᠳᠠᠯᠠᠢ ᠶᠢᠨ ᠳᠤᠮᠳᠠ ᠵᠢᠪᠪᠦᠭᠦᠯᠪᠡ᠃ 28 ᠤᠰᠤ ᠪᠤᠴᠠᠨ ᠢᠷᠡᠵᠦ᠂ ᠲᠡᠷᠭᠡ ᠨᠦᠭᠦᠳ ᠪᠠ ᠮᠣᠷᠢᠲᠠᠳ᠂ ᠲᠤᠬᠠᠢᠯᠠᠪᠠᠯ ᠢᠰᠷᠧᠯᠴᠦᠳ ᠦᠨ ᠬᠣᠢᠨ᠎ᠠ ᠠᠴᠠ ᠳᠠᠯᠠᠢ ᠤᠷᠤᠭᠤ ᠣᠷᠣᠭᠰᠠᠨ ᠹᠠᠷᠠᠣ᠋ ᠶᠢᠨ ᠬᠠᠮᠤᠭ ᠴᠡᠷᠢᠭ ᠢ ᠪᠦᠷᠬᠦᠨ ᠠᠪᠤᠭᠰᠠᠨ ᠢᠶᠠᠷ᠂ ᠲᠡᠳᠡᠨ ᠦ ᠨᠢᠭᠡ ᠨᠢ ᠴᠤ ᠦᠯᠡᠳᠡᠭᠰᠡᠨ ᠦᠭᠡᠢ᠃ 29 ᠭᠡᠪᠡᠴᠦ ᠢᠰᠷᠧᠯᠴᠦᠳ ᠳᠠᠯᠠᠢ ᠳᠤᠮᠳᠠ ᠭᠠᠷᠤᠭᠰᠠᠨ ᠬᠠᠭᠤᠷᠠᠢ ᠭᠠᠵᠠᠷ ᠢᠶᠠᠷ ᠶᠠᠪᠠᠭᠠᠨ ᠶᠠᠪᠤᠵᠤ᠂ ᠤᠰᠤ ᠲᠡᠳᠡᠨ ᠦ ᠪᠠᠷᠠᠭᠤᠨ ᠵᠡᠭᠦᠨ ᠲᠠᠯ᠎ᠠ ᠳᠤ ᠬᠠᠨ᠎ᠠ ᠮᠡᠲᠦ ᠪᠠᠢᠭᠰᠠᠨ᠃

30 ᠡᠢᠨ ᠬᠦ ᠶᠣᠬᠣᠸᠠ ᠲᠡᠷᠡ ᠡᠳᠦᠷ ᠢᠰᠷᠧᠯ ᠢ ᠶᠧᠵᠢᠫᠲ᠋ᠴᠦᠳ ᠦᠨ ᠭᠠᠷ ᠠᠴᠠ ᠠᠪᠤᠷᠠᠭᠰᠠᠨ ᠳᠤ᠂ ᠢᠰᠷᠧᠯ ᠳᠠᠯᠠᠢ ᠶᠢᠨ ᠬᠥᠪᠡᠭᠡᠨ ᠳᠡᠭᠡᠷᠡᠬᠢ ᠶᠧᠵᠢᠫᠲ᠋ᠴᠦᠳ ᠦᠨ ᠦᠬᠦᠳᠡᠯ ᠢ ᠬᠠᠷᠠᠪᠠ᠃ 31 ᠢᠰᠷᠧᠯᠴᠦᠳ ᠶᠣᠬᠣᠸᠠ ᠶᠢᠨ ᠶᠧᠵᠢᠫᠲ᠋ᠴᠦᠳ ᠲᠦ ᠦᠵᠡᠭᠦᠯᠦᠭᠰᠡᠨ ᠠᠭᠤᠤ ᠬᠦᠴᠦ ᠶᠢ ᠬᠠᠷᠠᠭᠠᠳ ᠶᠣᠬᠣᠸᠠ ᠠᠴᠠ ᠡᠮᠢᠶᠡᠨ᠂ ᠶᠣᠬᠣᠸᠠ ᠪᠣᠯᠣᠨ ᠲᠡᠭᠦᠨ ᠦ ᠵᠠᠷᠤᠴᠠ ᠮᠣᠰᠧ ᠳᠤ ᠢᠲᠡᠭᠡᠭᠰᠡᠨ ᠪᠠᠢᠨ᠎ᠠ᠃