ᠭᠡᠲᠦᠯᠦᠯ ᠭᠤᠴᠢ ᠶᠢᠰᠦ
ᠲᠠᠬᠢᠯᠴᠢ ᠶᠢᠨ ᠡᠮᠦᠰᠬᠡᠯ
1 ᠲᠡᠳᠡ ᠬᠥᠬᠡ᠂ ᠨᠢᠯ ᠶᠠᠭᠠᠨ᠂ ᠴᠢᠰ ᠤᠯᠠᠭᠠᠨ ᠪᠥᠰ ᠢᠶᠡᠷ ᠠᠷᠢᠭᠤᠨ ᠭᠠᠵᠠᠷ ᠲᠤ ᠦᠢᠯᠡᠴᠢᠯᠡᠬᠦ ᠳᠦ ᠡᠮᠦᠰᠬᠦ ᠨᠡᠬᠡᠮᠡᠯ ᠬᠤᠪᠴᠠᠰᠤ ᠬᠢᠪᠡ᠃ ᠡᠢᠨ ᠬᠦ ᠲᠡᠳᠡ ᠶᠣᠬᠣᠸᠠ ᠶᠢᠨ ᠮᠣᠰᠧ ᠳᠤ ᠲᠤᠰᠢᠶᠠᠭᠰᠠᠨ ᠶᠣᠰᠣᠭᠠᠷ ᠠᠷᠣᠨ ᠤ ᠲᠥᠯᠥᠭᠡ ᠠᠷᠢᠭᠤᠨ ᠬᠤᠪᠴᠠᠰᠤ ᠬᠢᠵᠡᠢ᠃
ᠡᠹᠣᠳ
2 ᠲᠡᠷᠡ ᠡᠹᠣᠳ ᠢ ᠴᠤ ᠠᠯᠲᠠᠨ ᠪᠥᠰ᠂ ᠬᠥᠬᠡ᠂ ᠨᠢᠯ ᠶᠠᠭᠠᠨ᠂ ᠴᠢᠰ ᠤᠯᠠᠭᠠᠨ ᠪᠥᠰ᠂ ᠨᠠᠷᠢᠨ ᠨᠡᠬᠡᠭᠰᠡᠨ ᠮᠠᠭᠠᠯᠢᠩ᠋ᠭᠤ ᠪᠠᠷ ᠬᠢᠪᠡ᠃ 3 ᠲᠡᠳᠡ ᠠᠯᠲᠠ ᠶᠢ ᠳᠠᠪᠲᠠᠵᠤ ᠨᠢᠮᠭᠡᠯᠡᠭᠡᠳ ᠨᠠᠷᠢᠨ ᠤᠲᠠᠰᠤ ᠪᠣᠯᠭᠠᠨ ᠵᠦᠰᠦᠵᠦ᠂ ᠬᠥᠬᠡ᠂ ᠨᠢᠯ ᠶᠠᠭᠠᠨ᠂ ᠴᠢᠰ ᠤᠯᠠᠭᠠᠨ ᠪᠥᠰ ᠪᠣᠯᠣᠨ ᠨᠠᠷᠢᠨ ᠨᠡᠬᠡᠭᠰᠡᠨ ᠮᠠᠭᠠᠯᠢᠩ᠋ᠭᠤ ᠲᠠᠢ ᠬᠠᠮᠲᠤ ᠰᠦᠯᠵᠢᠵᠦ ᠤᠷᠠᠨ ᠨᠠᠷᠢᠨ ᠤᠷᠠᠯᠠᠪᠠ᠃ 4 ᠲᠡᠳᠡ ᠬᠣᠶᠠᠷ ᠮᠥᠷᠥᠪᠴᠢ ᠬᠢᠵᠦ᠂ ᠡᠹᠣᠳ ᠤᠨ ᠠᠷᠤ ᠡᠮᠦᠨ᠎ᠡ ᠲᠠᠯ᠎ᠠ ᠶᠢ ᠬᠣᠯᠪᠣᠵᠠᠢ᠃ 5 ᠡᠹᠣᠳ ᠤᠨ ᠳᠡᠭᠡᠷᠡᠬᠢ ᠪᠦᠰᠡ ᠶᠢ ᠴᠤ ᠡᠹᠣᠳ ᠢ ᠨᠡᠬᠡᠭᠰᠡᠨ ᠲᠡᠢ ᠠᠳᠠᠯᠢ ᠪᠠᠷ ᠠᠯᠲᠠᠨ ᠪᠥᠰ᠂ ᠬᠥᠬᠡ᠂ ᠨᠢᠯ ᠶᠠᠭᠠᠨ᠂ ᠴᠢᠰ ᠤᠯᠠᠭᠠᠨ ᠪᠥᠰ᠂ ᠨᠠᠷᠢᠨ ᠨᠡᠬᠡᠭᠰᠡᠨ ᠮᠠᠭᠠᠯᠢᠩ᠋ᠭᠤ ᠪᠠᠷ ᠡᠹᠣᠳ ᠲᠤ ᠬᠣᠯᠪᠣᠨ ᠤᠷᠠᠨ ᠨᠠᠷᠢᠨ ᠢᠶᠠᠷ ᠨᠡᠬᠡᠵᠦ᠂ ᠶᠣᠬᠣᠸᠠ ᠶᠢᠨ ᠮᠣᠰᠧ ᠳᠤ ᠲᠤᠰᠢᠶᠠᠭᠰᠠᠨ ᠶᠣᠰᠣᠭᠠᠷ ᠬᠢᠵᠡᠢ᠃
6 ᠲᠡᠳᠡ ᠰᠤᠳᠠᠯᠲᠤ ᠮᠠᠨᠤᠬᠤ ᠨᠤᠭᠤᠳ ᠢ ᠠᠯᠲᠠᠨ ᠬᠦᠷᠢᠶ᠎ᠡ ᠳᠦ ᠰᠠᠭᠤᠯᠭᠠᠵᠤ᠂ ᠲᠡᠭᠦᠨ ᠦ ᠳᠡᠭᠡᠷ᠎ᠡ ᠢᠰᠷᠧᠯ ᠤᠨ ᠬᠥᠪᠡᠭᠦᠳ ᠦᠨ ᠨᠡᠷᠡᠰ ᠢ ᠲᠠᠮᠠᠭ᠎ᠠ ᠰᠡᠢᠯᠳᠡᠭ ᠮᠡᠲᠦ ᠰᠡᠢᠯᠪᠡ᠃ 7 ᠢᠰᠷᠧᠯ ᠤᠨ ᠬᠥᠪᠡᠭᠦᠳ ᠢ ᠳᠤᠷᠠᠰᠬᠠᠬᠤ ᠡᠨᠡ ᠬᠣᠶᠠᠷ ᠴᠢᠯᠠᠭᠤ ᠶᠢ ᠡᠹᠣᠳ ᠤᠨ ᠮᠥᠷᠥᠪᠴᠢ ᠳᠡᠭᠡᠷ᠎ᠡ ᠰᠠᠭᠤᠯᠭᠠᠵᠤ᠂ ᠶᠣᠬᠣᠸᠠ ᠶᠢᠨ ᠮᠣᠰᠧ ᠳᠤ ᠲᠤᠰᠢᠶᠠᠭᠰᠠᠨ ᠶᠣᠰᠣᠭᠠᠷ ᠬᠢᠵᠡᠢ᠃
ᠴᠡᠭᠡᠵᠢᠪᠴᠢ
8 ᠲᠡᠷᠡ ᠪᠡᠷ ᠴᠡᠭᠡᠵᠢᠪᠴᠢ ᠶᠢ ᠤᠷᠠᠨ ᠨᠠᠷᠢᠨ ᠤᠷᠠᠯᠠᠪᠠ᠃ ᠡᠭᠦᠨ ᠢ ᠴᠤ ᠡᠹᠣᠳ ᠢ ᠤᠷᠠᠯᠠᠭᠰᠠᠨ ᠲᠠᠢ ᠠᠳᠠᠯᠢ ᠠᠯᠲᠠᠨ ᠪᠥᠰ᠂ ᠬᠥᠬᠡ᠂ ᠨᠢᠯ ᠶᠠᠭᠠᠨ᠂ ᠴᠢᠰ ᠤᠯᠠᠭᠠᠨ ᠪᠥᠰ ᠪᠣᠯᠣᠨ ᠨᠠᠷᠢᠨ ᠨᠡᠬᠡᠭᠰᠡᠨ ᠮᠠᠭᠠᠯᠢᠩ᠋ᠭᠤ ᠪᠠᠷ ᠬᠢᠪᠡ᠃ 9 ᠲᠡᠷᠡ ᠴᠡᠭᠡᠵᠢᠪᠴᠢ ᠨᠢ ᠳᠥᠷᠪᠡᠯᠵᠢᠨ᠂ ᠨᠢᠭᠡ ᠰᠥᠭᠥᠮ ᠤᠷᠲᠤ᠂ ᠨᠢᠭᠡ ᠰᠥᠭᠥᠮ ᠥᠷᠭᠡᠨ ᠪᠥᠭᠡᠳ ᠬᠣᠶᠠᠷ ᠳᠠᠪᠬᠤᠷᠯᠠᠭᠰᠠᠨ ᠪᠠᠢᠪᠠ᠃ 10 ᠲᠡᠳᠡ ᠲᠡᠭᠦᠨ ᠦ ᠳᠡᠭᠡᠷ᠎ᠡ ᠳᠥᠷᠪᠡᠨ ᠡᠩᠨᠡᠭᠡ ᠴᠢᠯᠠᠭᠤᠨ ᠰᠢᠭᠢᠳᠬᠡᠭᠡ ᠬᠢᠪᠡ᠃ ᠡᠬᠢᠨ ᠤ ᠡᠩᠨᠡᠭᠡᠨ ᠳᠦ ᠪᠠᠳᠮᠠᠷᠠᠭ᠎ᠠ᠂ ᠮᠣᠯᠣᠷ᠂ ᠨᠣᠮᠢᠨ; 11 ᠬᠣᠶᠠᠳᠠᠬᠢ ᠡᠩᠨᠡᠭᠡᠨ ᠳᠦ ᠣᠭ᠍ᠶᠤ᠂ ᠢᠨᠳᠠᠷᠨᠢᠯᠠ᠂ ᠠᠯᠮᠠᠰ; 12 ᠭᠤᠷᠪᠠᠳᠠᠬᠢ ᠡᠩᠨᠡᠭᠡᠨ ᠳᠦ ᠨᠠᠯ ᠡᠷᠳᠡᠨᠢ᠂ ᠭᠠᠷᠲᠠᠮ᠎ᠠ᠂ ᠶᠠᠭᠠᠨ ᠪᠣᠯᠣᠷ; 13 ᠳᠥᠷᠪᠡᠳᠡᠬᠢ ᠡᠩᠨᠡᠭᠡᠨ ᠳᠦ ᠪᠢᠨᠳᠡᠷᠢᠶ᠎ᠡ᠂ ᠰᠤᠳᠠᠯᠲᠤ ᠮᠠᠨᠤᠬᠤ᠂ ᠬᠠᠰ ᠴᠢᠯᠠᠭᠤ ᠶᠢ ᠰᠢᠭᠢᠳᠬᠡᠵᠦ᠂ ᠲᠡᠳᠡᠭᠡᠷ ᠢ ᠠᠯᠲᠠᠨ ᠬᠦᠷᠢᠶᠡᠨ ᠳᠦ ᠰᠠᠭᠤᠯᠭᠠᠪᠠ᠃ 14 ᠴᠢᠯᠠᠭᠤ ᠪᠦᠷᠢ ᠨᠢ ᠢᠰᠷᠧᠯ ᠤᠨ ᠠᠷᠪᠠᠨ ᠬᠣᠶᠠᠷ ᠬᠥᠪᠡᠭᠦᠨ ᠦ ᠨᠢᠭᠡ ᠶᠢ ᠲᠥᠯᠥᠭᠡᠯᠡᠬᠦ ᠪᠥᠭᠡᠳ ᠴᠢᠯᠠᠭᠤ ᠪᠦᠷᠢ ᠳᠤ ᠨᠢᠭᠡ ᠣᠪᠣᠭ ᠤᠨ ᠨᠡᠷ᠎ᠡ ᠶᠢ ᠲᠠᠮᠠᠭ᠎ᠠ ᠮᠡᠲᠦ ᠰᠡᠢᠯᠦᠭᠰᠡᠨ ᠪᠠᠢᠯ᠎ᠠ᠃ 15 ᠲᠡᠭᠡᠭᠡᠳ ᠲᠡᠳᠡ ᠣᠯᠣᠰᠣ ᠰᠢᠭ᠋ ᠰᠦᠯᠵᠢᠭᠰᠡᠨ ᠰᠢᠵᠢᠷ ᠠᠯᠲᠠᠨ ᠭᠢᠨᠵᠢ ᠶᠢ ᠴᠡᠭᠡᠵᠢᠪᠴᠢᠨ ᠳᠤ ᠬᠣᠯᠪᠣᠪᠠ᠃ 16 ᠡᠭᠦᠨ ᠦ ᠲᠥᠯᠥᠭᠡ ᠬᠣᠶᠠᠷ ᠠᠯᠲᠠᠨ ᠬᠦᠷᠢᠶ᠎ᠡ ᠪᠣᠯᠣᠨ ᠬᠣᠶᠠᠷ ᠠᠯᠲᠠᠨ ᠭᠠᠷᠠᠬ᠎ᠠ ᠬᠢᠵᠦ ᠴᠡᠭᠡᠵᠢᠪᠴᠢᠨ ᠤ ᠳᠡᠭᠡᠳᠦ ᠬᠣᠶᠠᠷ ᠥᠨᠴᠥᠭ ᠲᠦ ᠬᠠᠳᠠᠭᠠᠳ 17 ᠳᠠᠷᠠᠭ᠎ᠠ ᠨᠢ ᠲᠡᠳᠡ ᠰᠦᠯᠵᠢᠭᠰᠡᠨ ᠥᠨᠥᠬᠢ ᠬᠣᠶᠠᠷ ᠠᠯᠲᠠᠨ ᠭᠢᠨᠵᠢ ᠶᠢ ᠴᠡᠭᠡᠵᠢᠪᠴᠢᠨ ᠤ ᠳᠡᠭᠡᠳᠦ ᠥᠨᠴᠥᠭ ᠳᠠᠬᠢ ᠬᠣᠶᠠᠷ ᠭᠠᠷᠠᠬᠠᠨ ᠳᠤ ᠬᠣᠯᠪᠣᠵᠤ᠂ 18 ᠰᠦᠯᠵᠢᠭᠰᠡᠨ ᠭᠢᠨᠵᠢ ᠶᠢᠨ ᠪᠤᠰᠤᠳ ᠬᠣᠶᠠᠷ ᠦᠵᠦᠭᠦᠷ ᠢ ᠡᠹᠣᠳ ᠤᠨ ᠤᠷᠳᠤ ᠲᠠᠯ᠎ᠠ ᠶᠢᠨ ᠬᠣᠶᠠᠷ ᠮᠥᠷᠥᠪᠴᠢ ᠲᠠᠢ ᠨᠢ ᠬᠣᠯᠪᠣᠪᠠ᠃ 19 ᠲᠡᠳᠡ ᠢᠯᠡᠭᠦᠦ ᠬᠣᠶᠠᠷ ᠠᠯᠲᠠᠨ ᠭᠠᠷᠠᠬ᠎ᠠ ᠬᠢᠵᠦ᠂ ᠴᠡᠭᠡᠵᠢᠪᠴᠢᠨ ᠤ ᠳᠣᠣᠷ᠎ᠠ ᠬᠣᠶᠠᠷ ᠥᠨᠴᠥᠭ ᠦᠨ ᠡᠹᠣᠳ ᠤᠷᠤᠭᠤ ᠬᠠᠷᠠᠭᠰᠠᠨ ᠳᠣᠲᠣᠭᠠᠳᠤ ᠢᠷᠮᠡᠭ ᠲᠤᠨᠢ ᠬᠠᠳᠠᠪᠠ᠃ 20 ᠲᠡᠳᠡ ᠮᠥᠨ ᠢᠯᠡᠭᠦᠦ ᠬᠣᠶᠠᠷ ᠠᠯᠲᠠᠨ ᠭᠠᠷᠠᠬ᠎ᠠ ᠬᠢᠵᠦ᠂ ᠡᠹᠣᠳ ᠤᠨ ᠡᠮᠦᠨ᠎ᠡ ᠲᠠᠯ᠎ᠠ ᠳᠤ ᠬᠣᠶᠠᠷ ᠮᠥᠷᠥᠪᠴᠢᠨ ᠤ ᠬᠢᠨᠢ ᠳᠣᠣᠷ᠎ᠠ᠂ ᠵᠠᠯᠭᠠᠭᠠᠷᠢ ᠶᠢᠨ ᠣᠢᠷᠠᠯᠴᠠᠭ᠎ᠠ ᠡᠹᠣᠳ ᠤᠨ ᠤᠷᠠᠨ ᠨᠡᠬᠡᠭᠰᠡᠨ ᠪᠦᠰᠡᠨ ᠦ ᠳᠡᠭᠡᠳᠦ ᠲᠠᠯ᠎ᠠ ᠳᠤ ᠬᠠᠳᠠᠪᠠ᠃ 21 ᠲᠡᠳᠡ ᠬᠥᠬᠡ ᠣᠭᠣᠰᠣᠷ ᠢᠶᠠᠷ ᠴᠡᠭᠡᠵᠢᠪᠴᠢᠨ ᠤ ᠭᠠᠷᠠᠬ᠎ᠠ ᠶᠢ ᠡᠹᠣᠳ ᠤᠨ ᠭᠠᠷᠠᠬᠠᠨ ᠳᠤ ᠬᠣᠯᠪᠣᠪᠠ᠃ ᠡᠢᠨ ᠬᠦ ᠴᠡᠭᠡᠵᠢᠪᠴᠢ ᠨᠢ ᠡᠹᠣᠳ ᠠᠴᠠ ᠰᠠᠯᠬᠤ ᠦᠭᠡᠢ ᠪᠠᠢᠵᠤ᠂ ᠡᠹᠣᠳ ᠤᠨ ᠤᠷᠠᠨ ᠨᠡᠬᠡᠭᠰᠡᠨ ᠪᠦᠰᠡᠨ ᠦ ᠵᠢᠭᠠᠬᠠᠨ ᠳᠡᠭᠡᠳᠦ ᠲᠠᠯ᠎ᠠ ᠳᠤ ᠪᠠᠢᠪᠠ᠃ ᠡᠢᠨ ᠬᠦ ᠲᠡᠳᠡ ᠶᠣᠬᠣᠸᠠ ᠶᠢᠨ ᠮᠣᠰᠧ ᠳᠤ ᠲᠤᠰᠢᠶᠠᠭᠰᠠᠨ ᠶᠣᠰᠣᠭᠠᠷ ᠬᠢᠪᠡ᠃
ᠲᠠᠬᠢᠯᠴᠢ ᠶᠢᠨ ᠪᠤᠰᠤᠳ ᠡᠮᠦᠰᠬᠡᠯ
22 ᠳᠠᠷᠠᠭ᠎ᠠ ᠨᠢ ᠲᠡᠷᠡ ᠡᠹᠣᠳ ᠤᠨ ᠳᠣᠲᠣᠷ᠎ᠠ ᠡᠮᠦᠰᠬᠦ ᠭᠠᠳᠠᠷ ᠴᠠᠮᠴᠠ 37 ᠶᠢ ᠪᠦᠬᠦᠯᠢ ᠳᠦᠨᠢ ᠬᠥᠬᠡ ᠪᠥᠰ ᠢᠶᠡᠷ ᠨᠡᠬᠡᠵᠦ ᠤᠷᠠᠯᠠᠵᠤ ᠬᠢᠪᠡ᠃ 23 ᠭᠣᠣᠯ ᠳᠤᠨᠢ ᠲᠣᠯᠣᠭᠠᠢ ᠣᠷᠣᠭᠤᠯᠬᠤ ᠵᠠᠭᠠᠮ᠎ᠠ ᠭᠠᠷᠭᠠᠵᠤ᠂ ᠵᠠᠭᠠᠮ᠎ᠠ ᠶᠢ ᠤᠷᠠᠭᠳᠠᠭᠤᠯᠬᠤ ᠦᠭᠡᠢ ᠶᠢᠨ ᠲᠤᠯᠠᠳᠠ ᠲᠣᠭᠣᠷᠢᠭᠤᠯᠤᠨ ᠰᠦᠯᠵᠢᠵᠦ ᠵᠠᠬᠠᠯᠠᠪᠠ᠃ 24 ᠲᠡᠳᠡ ᠪᠠᠰᠠ ᠬᠥᠬᠡ᠂ ᠨᠢᠯ ᠶᠠᠭᠠᠨ᠂ ᠴᠢᠰ ᠤᠯᠠᠭᠠᠨ ᠪᠥᠰ᠂ ᠨᠠᠷᠢᠨ ᠨᠡᠬᠡᠭᠰᠡᠨ ᠮᠠᠭᠠᠯᠢᠩ᠋ᠭᠤ ᠪᠠᠷ ᠠᠨᠠᠷ ᠮᠠᠶ᠋ᠢᠭ ᠤᠨ ᠰᠠᠴᠤᠭ ᠤᠳ ᠬᠢᠵᠦ ᠬᠣᠷᠮᠣᠢ ᠶᠢ ᠨᠢ ᠲᠣᠭᠣᠷᠢᠭᠤᠯᠤᠨ ᠡᠯᠭᠦᠪᠡ᠃ 25 ᠲᠡᠳᠡ ᠪᠠᠰᠠ ᠰᠢᠵᠢᠷ ᠠᠯᠲᠠ ᠪᠠᠷ ᠬᠣᠩ᠋ᠬᠣ ᠨᠤᠭᠤᠳ ᠬᠢᠵᠦ᠂ ᠲᠡᠳᠡᠭᠡᠷ ᠢ ᠭᠠᠳᠠᠷ ᠴᠠᠮᠴᠠ ᠶᠢᠨ ᠬᠣᠷᠮᠣᠢ ᠶᠢ ᠲᠣᠭᠣᠷᠢᠭᠤᠯᠤᠨ ᠠᠨᠠᠷ ᠤᠳ ᠤᠨ ᠵᠠᠪᠰᠠᠷ ᠲᠤ ᠡᠯᠭᠦᠪᠡ᠃ 26 ᠦᠢᠯᠡᠴᠢᠯᠡᠯ ᠳᠦ ᠡᠮᠦᠰᠬᠦ ᠭᠠᠳᠠᠷ ᠴᠠᠮᠴᠠ ᠶᠢᠨ ᠬᠣᠷᠮᠣᠢ ᠶᠢᠨ ᠡᠷᠭᠢᠨ ᠲᠣᠭᠣᠷᠢᠨ ᠳᠤᠨᠢ ᠨᠢᠭᠡ ᠠᠯᠲᠠᠨ ᠬᠣᠩ᠋ᠬᠣᠨ ᠤ ᠳᠠᠷᠠᠭ᠎ᠠ ᠨᠢᠭᠡ ᠠᠨᠠᠷ ᠪᠠᠢᠬᠤ ᠪᠠᠷ ᠰᠣᠯᠢᠪᠴᠠᠭᠤᠯᠵᠤ ᠬᠢᠭᠰᠡᠨ ᠪᠥᠭᠡᠳ ᠡᠭᠦᠨ ᠢ ᠲᠡᠳᠡ ᠶᠣᠬᠣᠸᠠ ᠶᠢᠨ ᠮᠣᠰᠧ ᠳᠤ ᠲᠤᠰᠢᠶᠠᠭᠰᠠᠨ ᠶᠣᠰᠣᠭᠠᠷ ᠬᠢᠵᠡᠢ᠃
27 ᠲᠡᠳᠡ ᠮᠥᠨ ᠠᠷᠣᠨ ᠪᠣᠯᠣᠨ ᠲᠡᠭᠦᠨ ᠦ ᠬᠥᠪᠡᠭᠦᠳ ᠲᠦ ᠨᠠᠷᠢᠨ ᠨᠡᠬᠡᠭᠰᠡᠨ ᠮᠠᠭᠠᠯᠢᠩ᠋ᠭᠤ ᠪᠠᠷ ᠳᠣᠲᠣᠷ ᠴᠠᠮᠴᠠ ᠨᠡᠬᠡᠨ ᠤᠷᠠᠯᠠᠵᠤ᠂ 28 ᠨᠠᠷᠢᠨ ᠨᠡᠬᠡᠭᠰᠡᠨ ᠮᠠᠭᠠᠯᠢᠩ᠋ᠭᠤ ᠪᠠᠷ ᠲᠣᠯᠣᠭᠠᠢ ᠶᠢᠨ ᠣᠷᠢᠶᠠᠯᠲᠠ᠂ ᠲᠣᠯᠣᠭᠠᠢ ᠶᠢᠨ ᠠᠯᠴᠢᠭᠤᠷ᠂ ᠮᠥᠨ ᠨᠠᠷᠢᠨ ᠨᠡᠬᠡᠭᠰᠡᠨ ᠮᠠᠭᠠᠯᠢᠩ᠋ᠭᠤ ᠪᠠᠷ ᠳᠣᠲᠣᠭᠤᠷ ᠥᠮᠥᠳᠥ᠂ 29 ᠨᠠᠷᠢᠨ ᠨᠡᠬᠡᠭᠰᠡᠨ ᠮᠠᠭᠠᠯᠢᠩ᠋ᠭᠤ ᠪᠠ ᠬᠥᠬᠡ᠂ ᠨᠢᠯ ᠶᠠᠭᠠᠨ᠂ ᠴᠢᠰ ᠤᠯᠠᠭᠠᠨ ᠪᠥᠰ ᠢᠶᠡᠷ ᠪᠦᠰᠡ ᠶᠢ ᠨᠡᠬᠡᠨ ᠤᠷᠠᠯᠠᠵᠤ᠂ ᠶᠣᠬᠣᠸᠠ ᠶᠢᠨ ᠮᠣᠰᠧ ᠳᠤ ᠲᠤᠰᠢᠶᠠᠭᠰᠠᠨ ᠶᠣᠰᠣᠭᠠᠷ ᠬᠢᠪᠡ᠃
30 ᠲᠡᠳᠡ ᠰᠢᠵᠢᠷ ᠠᠯᠲᠠ ᠪᠠᠷ ᠠᠷᠢᠭᠤᠨ ᠲᠢᠲᠢᠮ ᠤᠨ ᠫᠠᠢᠵᠠ ᠬᠢᠵᠦ᠂ ᠲᠡᠭᠦᠨ ᠳᠡᠭᠡᠷ᠎ᠡ 《ᠶᠣᠬᠣᠸᠠ ᠳᠤ ᠠᠷᠢᠭᠤᠨ》 ᠭᠡᠵᠦ ᠲᠠᠮᠠᠭ᠎ᠠ ᠰᠡᠢᠯᠳᠡᠭ ᠮᠡᠲᠦ ᠰᠡᠢᠯᠦᠭᠡᠳ 31 ᠡᠭᠦᠨ ᠢ ᠬᠥᠬᠡ ᠤᠶᠠᠭᠠᠰᠤ ᠪᠠᠷ ᠤᠶᠠᠵᠤ᠂ ᠲᠢᠲᠢᠮ ᠤᠨ ᠳᠡᠭᠡᠷ᠎ᠡ ᠲᠠᠯ᠎ᠠ ᠳᠤ ᠬᠣᠯᠪᠣᠨ᠂ ᠶᠣᠬᠣᠸᠠ ᠶᠢᠨ ᠮᠣᠰᠧ ᠳᠤ ᠲᠤᠰᠢᠶᠠᠭᠰᠠᠨ ᠶᠣᠰᠣᠭᠠᠷ ᠬᠢᠵᠡᠢ᠃
ᠮᠣᠰᠧ ᠴᠠᠴᠠᠷ ᠢ ᠰᠢᠯᠭᠠᠪᠠ
32 ᠡᠢᠨ ᠬᠦ ᠠᠭᠤᠯᠵᠠᠯᠲᠠ ᠶᠢᠨ ᠮᠠᠢᠬᠠᠨ ᠪᠣᠯᠬᠤ ᠴᠠᠴᠠᠷ ᠤᠨ ᠪᠦᠬᠦ ᠠᠵᠢᠯ ᠳᠠᠭᠤᠰᠤᠭᠰᠠᠨ ᠪᠠᠢᠨ᠎ᠠ᠃ ᠢᠰᠷᠧᠯᠴᠦᠳ ᠪᠦᠬᠦᠨ ᠢ ᠶᠠᠭ ᠶᠣᠬᠣᠸᠠ ᠶᠢᠨ ᠮᠣᠰᠧ ᠳᠤ ᠲᠤᠰᠢᠶᠠᠭᠰᠠᠨ ᠶᠣᠰᠣᠭᠠᠷ ᠬᠢᠪᠡ᠃ 33 ᠲᠡᠳᠡ ᠲᠡᠷᠡ ᠴᠠᠴᠠᠷ ᠢ ᠮᠣᠰᠧ ᠳᠤ ᠠᠪᠴᠢᠷᠠᠪᠠ᠃ ᠲᠤᠬᠠᠢᠯᠠᠪᠠᠯ᠂ ᠮᠠᠢᠬᠠᠨ ᠪᠠ ᠲᠡᠭᠦᠨ ᠦ ᠠᠯᠢᠪᠠ ᠬᠡᠷᠡᠭᠰᠡᠯ ᠪᠣᠯᠬᠤ ᠳᠡᠭᠡᠭᠡ᠂ ᠳ᠋ᠦᠨᠵᠡ᠂ ᠬᠥᠨᠳᠡᠯᠡᠪᠴᠢ ᠮᠣᠳᠣ᠂ ᠪᠠᠭᠠᠨ᠎ᠠ᠂ ᠤᠭᠯᠠᠭᠤᠷ᠂ 34 ᠤᠯᠠᠭᠠᠨ ᠢᠶᠠᠷ ᠪᠤᠳᠤᠭᠰᠠᠨ ᠬᠤᠴᠠ ᠶᠢᠨ ᠠᠷᠠᠰᠤᠨ ᠪᠦᠷᠢᠶᠡᠰᠦ᠂ ᠳᠠᠯᠠᠢ ᠶᠢᠨ ᠭᠠᠬᠠᠢ ᠶᠢᠨ ᠠᠷᠠᠰᠤᠨ ᠪᠦᠷᠢᠶᠡᠰᠦ ᠪᠣᠯᠣᠨ ᠬᠠᠯᠬᠠᠪᠴᠢ ᠬᠥᠰᠢᠭᠡ᠂ 35 ᠭᠡᠷᠡᠴᠢᠯᠡᠯ ᠦᠨ ᠠᠪᠳᠠᠷ᠎ᠠ᠂ ᠲᠡᠭᠦᠨ ᠦ ᠳᠠᠮᠨᠠᠭᠤᠷᠭ᠎ᠠ ᠪᠠ ᠬᠡᠯᠲᠦᠷᠢᠭᠦᠯᠦᠯᠭᠡ ᠶᠢᠨ ᠬᠠᠪᠬᠠᠭ᠂ 36 ᠰᠢᠷᠡᠭᠡ ᠪᠣᠯᠣᠨ ᠲᠡᠭᠦᠨ ᠦ ᠠᠯᠢᠪᠠ ᠬᠡᠷᠡᠭᠰᠡᠯ᠂ ᠲᠠᠪᠢᠭ ᠪᠣᠣᠪᠣ᠂ 37 ᠰᠢᠵᠢᠷ ᠠᠯᠲᠠᠨ ᠳ᠋ᠧᠩ ᠤᠨ ᠲᠠᠯᠪᠢᠭᠤᠷ᠂ ᠲᠡᠭᠦᠨ ᠦ ᠳᠡᠭᠡᠷᠡᠬᠢ ᠳ᠋ᠧᠩ ᠤᠳ᠂ ᠲᠡᠭᠦᠨ ᠦ ᠠᠯᠢᠪᠠ ᠬᠡᠷᠡᠭᠰᠡᠯ᠂ ᠳ᠋ᠧᠩ ᠤᠨ ᠲᠣᠰᠣ᠂ 38 ᠠᠯᠲᠠᠨ ᠲᠠᠬᠢᠯ ᠤᠨ ᠰᠢᠷᠡᠭᠡ᠂ ᠲᠣᠰᠣᠯᠠᠯᠭ᠎ᠠ ᠶᠢᠨ ᠲᠣᠰᠣ᠂ ᠠᠩᠬᠢᠯᠤᠭᠤᠨ ᠤᠲᠤᠯᠭ᠎ᠠ ᠪᠣᠯᠣᠨ ᠴᠠᠴᠠᠷ ᠤᠨ ᠡᠭᠦᠳᠡᠨ ᠦ ᠬᠥᠰᠢᠭᠡ᠂ 39 ᠬᠦᠷᠡᠯ ᠲᠠᠬᠢᠯ ᠤᠨ ᠰᠢᠷᠡᠭᠡ᠂ ᠲᠡᠭᠦᠨ ᠦ ᠬᠦᠷᠡᠯ ᠲᠣᠣᠷ᠂ ᠲᠡᠭᠦᠨ ᠦ ᠳᠠᠮᠨᠠᠭᠤᠷᠭ᠎ᠠ ᠪᠣᠯᠣᠨ ᠠᠯᠢᠪᠠ ᠬᠡᠷᠡᠭᠰᠡᠯ᠂ ᠤᠬᠢᠶᠠᠯᠭ᠎ᠠ ᠶᠢᠨ ᠰᠠᠪᠠ ᠪᠣᠯᠣᠨ ᠲᠡᠭᠦᠨ ᠦ ᠰᠠᠭᠤᠷᠢ᠂ 40 ᠬᠦᠷᠢᠶᠡᠨ ᠦ ᠬᠥᠰᠢᠭᠡ᠂ ᠲᠡᠭᠦᠨ ᠦ ᠪᠠᠭᠠᠨ᠎ᠠ ᠪᠣᠯᠣᠨ ᠤᠭᠯᠠᠭᠤᠷ᠂ ᠬᠦᠷᠢᠶᠡᠨ ᠦ ᠬᠥᠰᠢᠭᠡᠨ ᠡᠭᠦᠳᠡ᠂ ᠬᠦᠷᠢᠶᠡᠨ ᠦ ᠣᠭᠣᠰᠣᠷ ᠪᠣᠯᠣᠨ ᠭᠠᠳᠠᠰᠤ᠂ ᠠᠭᠤᠯᠵᠠᠯᠲᠠ ᠶᠢᠨ ᠮᠠᠢᠬᠠᠨ ᠪᠣᠯᠬᠤ ᠴᠠᠴᠠᠷ ᠤᠨ ᠠᠯᠢᠪᠠ ᠬᠡᠷᠡᠭᠰᠡᠯ᠂ 41 ᠮᠥᠨ ᠠᠷᠢᠭᠤᠨ ᠭᠠᠵᠠᠷ ᠲᠤ ᠦᠢᠯᠡᠴᠢᠯᠡᠬᠦ ᠳᠦ ᠡᠮᠦᠰᠬᠦ ᠨᠡᠬᠡᠮᠡᠯ ᠬᠤᠪᠴᠠᠰᠤ᠂ ᠲᠤᠬᠠᠢᠯᠠᠪᠠᠯ ᠲᠠᠬᠢᠯᠴᠢ ᠠᠷᠣᠨ ᠤ ᠠᠷᠢᠭᠤᠨ ᠬᠤᠪᠴᠠᠰᠤ ᠪᠠ ᠲᠠᠬᠢᠯᠴᠢ ᠪᠠᠷ ᠦᠢᠯᠡᠴᠢᠯᠡᠬᠦ ᠬᠥᠪᠡᠭᠦᠳ ᠦᠨ ᠬᠢᠨᠢ ᠬᠤᠪᠴᠠᠰᠤ ᠶᠢ ᠠᠪᠴᠢᠷᠠᠪᠠ᠃ 42 ᠲᠡᠢᠨ ᠬᠦ ᠢᠰᠷᠧᠯᠴᠦᠳ ᠪᠦᠬᠦ ᠠᠵᠢᠯ ᠢ ᠶᠣᠬᠣᠸᠠ ᠶᠢᠨ ᠮᠣᠰᠧ ᠳᠤ ᠲᠤᠰᠢᠶᠠᠭᠰᠠᠨ ᠪᠦᠬᠦᠨ ᠦ ᠶᠣᠰᠣᠭᠠᠷ ᠬᠢᠵᠡᠢ᠃ 43 ᠮᠣᠰᠧ ᠪᠦᠬᠦ ᠠᠵᠢᠯ ᠢ ᠰᠢᠯᠭᠠᠵᠤ ᠦᠵᠡᠬᠦ ᠳᠦ᠂ ᠲᠡᠳᠡ ᠡᠭᠦᠨ ᠢ ᠶᠠᠭ ᠶᠣᠬᠣᠸᠠ ᠶᠢᠨ ᠲᠤᠰᠢᠶᠠᠭᠰᠠᠨ ᠶᠣᠰᠣᠭᠠᠷ ᠬᠢᠭᠰᠡᠨ ᠪᠠᠢᠪᠠ︕ ᠲᠡᠢᠮᠦ ᠡᠴᠡ ᠮᠣᠰᠧ ᠲᠡᠳᠡᠨ ᠢ ᠢᠷᠥᠭᠡᠭᠰᠡᠨ ᠪᠠᠢᠯ᠎ᠠ᠃