ᠭᠡᠲᠦᠯᠦᠯ ᠳᠥᠴᠢ
ᠴᠠᠴᠠᠷ ᠢ ᠪᠠᠷᠢᠵᠤ ᠳᠠᠭᠤᠰᠬᠠᠪᠠ
1 ᠶᠣᠬᠣᠸᠠ ᠮᠣᠰᠧ ᠳᠤ ᠠᠢᠯᠠᠳᠤᠨ᠄ 2 《ᠡᠬᠢᠨ ᠤ ᠰᠠᠷ᠎ᠠ ᠶᠢᠨ ᠡᠬᠢᠨ ᠤ ᠡᠳᠦᠷ ᠲᠦ ᠴᠢ ᠠᠭᠤᠯᠵᠠᠯᠲᠠ ᠶᠢᠨ ᠮᠠᠢᠬᠠᠨ ᠪᠣᠯᠬᠤ ᠣᠷᠣᠰᠢᠬᠤᠢ ᠶᠢᠨ ᠮᠠᠢᠬᠠᠨ ᠢ ᠪᠣᠰᠬᠠᠵᠤ᠂ 3 ᠲᠡᠨᠳᠡ ᠭᠡᠷᠡᠴᠢᠯᠡᠯ ᠦᠨ ᠠᠪᠳᠠᠷ᠎ᠠ ᠶᠢ ᠲᠠᠯᠪᠢᠵᠤ᠂ ᠠᠪᠳᠠᠷ᠎ᠠ ᠶᠢ ᠬᠥᠰᠢᠭᠡ ᠪᠡᠷ ᠬᠠᠯᠬᠠᠯᠠ᠃ 4 ᠲᠡᠭᠡᠭᠡᠳ ᠰᠢᠷᠡᠭᠡ ᠶᠢ ᠣᠷᠣᠭᠤᠯᠤᠭᠠᠳ᠂ ᠡᠭᠦᠨ ᠦ ᠳᠡᠭᠡᠷᠡᠬᠢ ᠬᠡᠷᠡᠭᠰᠡᠯ ᠤᠳ ᠢ ᠪᠠᠢᠷᠢᠯᠠᠭᠤᠯᠵᠤ᠂ ᠳ᠋ᠧᠩ ᠤᠨ ᠲᠠᠯᠪᠢᠭᠤᠷ ᠢ ᠣᠷᠣᠭᠤᠯᠤᠨ᠂ ᠳ᠋ᠧᠩ ᠤᠳ ᠢ ᠳᠡᠭᠡᠷ᠎ᠡ ᠨᠢ ᠲᠠᠯᠪᠢ᠂ 5 ᠤᠲᠤᠯᠭ᠎ᠠ ᠶᠢᠨ ᠠᠯᠲᠠᠨ ᠲᠠᠬᠢᠯ ᠤᠨ ᠰᠢᠷᠡᠭᠡ ᠶᠢ ᠭᠡᠷᠡᠴᠢᠯᠡᠯ ᠦᠨ ᠠᠪᠳᠠᠷ᠎ᠠ ᠶᠢᠨ ᠡᠮᠦᠨ᠎ᠡ ᠲᠠᠯᠪᠢᠵᠤ᠂ ᠣᠷᠣᠰᠢᠬᠤᠢ ᠶᠢᠨ ᠴᠠᠴᠠᠷ ᠤᠨ ᠬᠥᠰᠢᠭᠡᠨ ᠡᠭᠦᠳᠡ ᠶᠢ ᠲᠠᠲᠠ᠂ 6 ᠰᠢᠲᠠᠭᠠᠯᠭᠠᠲᠤ ᠲᠠᠬᠢᠯ ᠤᠨ ᠰᠢᠷᠡᠭᠡ ᠶᠢ ᠠᠭᠤᠯᠵᠠᠯᠲᠠ ᠶᠢᠨ ᠮᠠᠢᠬᠠᠨ ᠪᠣᠯᠬᠤ ᠴᠠᠴᠠᠷ ᠤᠨ ᠡᠭᠦᠳᠡᠨ ᠦ ᠡᠮᠦᠨ᠎ᠡ ᠲᠠᠯᠪᠢᠵᠤ᠂ 7 ᠤᠬᠢᠶᠠᠯᠭ᠎ᠠ ᠶᠢᠨ ᠰᠠᠪᠠ ᠶᠢ ᠠᠭᠤᠯᠵᠠᠯᠲᠠ ᠶᠢᠨ ᠮᠠᠢᠬᠠᠨ ᠪᠠ ᠲᠠᠬᠢᠯ ᠤᠨ ᠰᠢᠷᠡᠭᠡᠨ ᠦ ᠬᠣᠭᠣᠷᠣᠨᠳᠣ ᠲᠠᠯᠪᠢᠭᠠᠳ᠂ ᠳᠣᠲᠣᠷ᠎ᠠ ᠨᠢ ᠤᠰᠤ ᠬᠢ᠂ 8 ᠴᠠᠴᠠᠷ ᠢ ᠲᠣᠭᠣᠷᠢᠭᠤᠯᠤᠨ ᠬᠦᠷᠢᠶ᠎ᠡ ᠪᠠᠷᠢᠵᠤ᠂ ᠬᠦᠷᠢᠶᠡᠨ ᠳᠦ ᠬᠥᠰᠢᠭᠡᠨ ᠡᠭᠦᠳᠡ ᠡᠯᠭᠦ᠃ 9 ᠲᠡᠭᠡᠭᠡᠳ ᠴᠢ ᠲᠣᠰᠣᠯᠠᠯᠭ᠎ᠠ ᠶᠢᠨ ᠲᠣᠰᠣ ᠠᠪᠴᠤ᠂ ᠴᠠᠴᠠᠷ ᠪᠣᠯᠣᠨ ᠲᠡᠭᠦᠨ ᠦ ᠳᠣᠲᠣᠷᠠᠬᠢ ᠪᠦᠬᠦ ᠵᠦᠢᠯ ᠢ ᠲᠣᠰᠣᠯᠠᠭᠠᠳ᠂ ᠴᠠᠴᠠᠷ ᠪᠣᠯᠣᠨ ᠪᠦᠬᠦ ᠬᠡᠷᠡᠭᠰᠡᠯ ᠢ ᠨᠢ ᠠᠷᠢᠭᠤᠰᠬ᠎ᠠ᠃ ᠲᠡᠭᠡᠪᠡᠯ ᠴᠠᠴᠠᠷ ᠨᠢ ᠠᠷᠢᠭᠤᠨ ᠪᠣᠯᠣᠨ᠎ᠠ᠃ 10 ᠮᠥᠨ ᠰᠢᠲᠠᠭᠠᠯᠭᠠᠲᠤ ᠲᠠᠬᠢᠯ ᠤᠨ ᠰᠢᠷᠡᠭᠡ ᠪᠣᠯᠣᠨ ᠪᠦᠬᠦ ᠬᠡᠷᠡᠭᠰᠡᠯ ᠢ ᠨᠢ ᠲᠣᠰᠣᠯᠠᠵᠤ᠂ ᠰᠢᠷᠡᠭᠡ ᠶᠢ ᠠᠷᠢᠭᠤᠰᠬ᠎ᠠ᠃ ᠲᠡᠭᠡᠪᠡᠯ ᠰᠢᠷᠡᠭᠡ ᠨᠢ ᠠᠷᠢᠭᠤᠨ ᠠᠴᠠ ᠠᠷᠢᠭᠤᠨ ᠪᠣᠯᠣᠨ᠎ᠠ᠃ 11 ᠪᠠᠰᠠ ᠤᠬᠢᠶᠠᠯᠭ᠎ᠠ ᠶᠢᠨ ᠰᠠᠪᠠ ᠪᠣᠯᠣᠨ ᠰᠠᠭᠤᠷᠢ ᠶᠢ ᠨᠢ ᠲᠣᠰᠣᠯᠠᠵᠤ ᠠᠷᠢᠭᠤᠰᠬ᠎ᠠ᠃ 12 ᠴᠢ ᠠᠷᠣᠨ ᠪᠣᠯᠣᠨ ᠲᠡᠭᠦᠨ ᠦ ᠬᠥᠪᠡᠭᠦᠳ ᠢ ᠠᠭᠤᠯᠵᠠᠯᠲᠠ ᠶᠢᠨ ᠮᠠᠢᠬᠠᠨ ᠤ ᠡᠭᠦᠳᠡᠨ ᠳᠦ ᠠᠪᠴᠢᠷᠠᠨ᠂ ᠤᠰᠤ ᠪᠠᠷ ᠤᠬᠢᠶᠠ᠃ 13 ᠠᠷᠣᠨ ᠳᠤ ᠠᠷᠢᠭᠤᠨ ᠬᠤᠪᠴᠠᠰᠤ ᠡᠮᠦᠰᠬᠡᠭᠡᠳ᠂ ᠲᠣᠰᠣᠯᠠᠨ ᠠᠷᠢᠭᠤᠰᠬᠠᠵᠤ᠂ ᠨᠠᠳᠠ ᠳᠤ ᠦᠢᠯᠡᠴᠢᠯᠡᠬᠦ ᠲᠠᠬᠢᠯᠴᠢ ᠪᠣᠯᠭ᠎ᠠ᠂ 14 ᠪᠠᠰᠠ ᠲᠡᠭᠦᠨ ᠦ ᠬᠥᠪᠡᠭᠦᠳ ᠢ ᠣᠷᠣᠭᠤᠯᠵᠤ᠂ ᠲᠡᠳᠡᠨ ᠳᠦ ᠳᠣᠲᠣᠷ ᠴᠠᠮᠴᠠ ᠡᠮᠦᠰᠬᠡᠨ 15 ᠡᠴᠢᠭᠡ ᠶᠢ ᠨᠢ ᠲᠣᠰᠣᠯᠠᠭᠰᠠᠨ ᠰᠢᠭ᠋ ᠢᠶᠠᠨ ᠲᠡᠳᠡᠨ ᠢ ᠲᠣᠰᠣᠯᠠᠵᠤ᠂ ᠨᠠᠳᠠ ᠳᠤ ᠦᠢᠯᠡᠴᠢᠯᠡᠬᠦ ᠲᠠᠬᠢᠯᠴᠢ ᠪᠣᠯᠭ᠎ᠠ᠃ ᠡᠨᠡ ᠲᠣᠰᠣᠯᠠᠯᠭ᠎ᠠ ᠪᠠᠷ ᠮᠥᠩᠬᠡ ᠶᠢᠨ ᠲᠠᠬᠢᠯᠴᠢ ᠶᠢᠨ ᠲᠤᠰᠢᠶᠠᠯ ᠨᠢ ᠦᠶ᠎ᠡ ᠶᠢᠨ ᠦᠶ᠎ᠡ ᠳᠦ ᠲᠡᠳᠡᠨ ᠦ ᠬᠢ ᠪᠠᠢᠬᠤ ᠪᠣᠯᠣᠨ᠎ᠠ》 ᠭᠡᠰᠡᠨ ᠳᠦ᠂ 16 ᠮᠣᠰᠧ ᠡᠢᠨ ᠬᠦ ᠭᠦᠢᠴᠡᠳᠬᠡᠪᠡ᠃ ᠮᠣᠰᠧ ᠪᠦᠬᠦᠨ ᠢ ᠶᠠᠭ ᠶᠣᠬᠣᠸᠠ ᠶᠢᠨ ᠲᠤᠰᠢᠶᠠᠭᠰᠠᠨ ᠶᠣᠰᠣᠭᠠᠷ ᠦᠢᠯᠡᠳᠪᠡ᠃
17 ᠬᠣᠶᠠᠳᠠᠬᠢ ᠵᠢᠯ ᠤᠨ ᠡᠬᠢᠨ ᠤ ᠰᠠᠷ᠎ᠠ ᠶᠢᠨ ᠠᠩ᠋ᠬᠠᠨ ᠤ ᠡᠳᠦᠷ ᠴᠠᠴᠠᠷ ᠪᠣᠰᠬᠠᠭᠳᠠᠵᠠᠢ᠃ 18 ᠮᠣᠰᠧ ᠣᠷᠣᠰᠢᠬᠤᠢ ᠶᠢᠨ ᠮᠠᠢᠬᠠᠨ ᠢ ᠪᠠᠷᠢᠬᠤ ᠳᠠᠭᠠᠨ᠂ ᠰᠠᠭᠤᠷᠢ ᠨᠤᠭᠤᠳ ᠢ ᠨᠢ ᠰᠠᠭᠤᠯᠭᠠᠵᠤ᠂ ᠬᠠᠪᠲᠠᠰᠤ ᠨᠤᠭᠤᠳ ᠢ ᠨᠢ ᠪᠣᠰᠬᠠᠨ᠂ ᠬᠥᠨᠳᠡᠯᠡᠪᠴᠢ ᠮᠣᠳᠣᠳ ᠢ ᠨᠢ ᠰᠢᠷᠭᠤᠭᠤᠯᠵᠤ᠂ ᠪᠠᠭᠠᠨ᠎ᠠ ᠨᠤᠭᠤᠳ ᠢ ᠨᠢ ᠪᠣᠰᠬᠠᠭᠠᠳ 19 ᠣᠷᠣᠰᠢᠬᠤᠢ ᠶᠢᠨ ᠮᠠᠢᠬᠠᠨ ᠤ ᠮᠠᠢᠬᠠᠨ ᠢ ᠨᠢ ᠪᠦᠷᠬᠦᠵᠦ᠂ ᠮᠠᠢᠬᠠᠨ ᠤ ᠳᠡᠭᠡᠭᠦᠷ ᠪᠦᠷᠢᠶᠡᠰᠦ ᠶᠢ ᠨᠢ ᠲᠠᠯᠪᠢᠭᠰᠠᠨ ᠳᠤ᠂ ᠡᠨᠡ ᠨᠢ ᠶᠣᠬᠣᠸᠠ ᠶᠢᠨ ᠮᠣᠰᠧ ᠳᠤ ᠲᠤᠰᠢᠶᠠᠭᠰᠠᠨ ᠶᠣᠰᠣᠭᠠᠷ ᠪᠣᠯᠵᠠᠢ᠃
20 ᠳᠠᠷᠠᠭ᠎ᠠ ᠨᠢ ᠲᠡᠷᠡ ᠭᠡᠷᠡᠴᠢᠯᠡᠯ ᠦᠨ ᠬᠠᠪᠲᠠᠰᠤ ᠶᠢ ᠠᠪᠴᠢᠷᠠᠵᠤ ᠠᠪᠳᠠᠷ᠎ᠠ ᠳᠤ ᠬᠢᠭᠡᠳ ᠳᠠᠮᠨᠠᠭᠤᠷᠭ᠎ᠠ ᠨᠤᠭᠤᠳ ᠢ ᠨᠢ ᠠᠪᠳᠠᠷ᠎ᠠ ᠳᠤ ᠰᠢᠷᠭᠤᠭᠤᠯᠵᠤ᠂ ᠠᠪᠳᠠᠷ᠎ᠠ ᠶᠢᠨ ᠳᠡᠭᠡᠷ᠎ᠡ ᠬᠡᠯᠲᠦᠷᠢᠭᠦᠯᠦᠯᠭᠡ ᠶᠢᠨ ᠬᠠᠪᠬᠠᠭ ᠢ ᠲᠠᠯᠪᠢᠨ᠂ 21 ᠠᠪᠳᠠᠷ᠎ᠠ ᠶᠢ ᠣᠷᠣᠰᠢᠬᠤᠢ ᠶᠢᠨ ᠮᠠᠢᠬᠠᠨ ᠳᠣᠲᠣᠷ᠎ᠠ ᠣᠷᠣᠭᠤᠯᠵᠤ᠂ ᠬᠠᠯᠬᠠᠪᠴᠢ ᠡᠯᠭᠦᠭᠡᠳ ᠭᠡᠷᠡᠴᠢᠯᠡᠯ ᠦᠨ ᠠᠪᠳᠠᠷ᠎ᠠ ᠶᠢ ᠬᠠᠯᠬᠠᠯᠠᠭᠰᠠᠨ ᠳᠤ᠂ ᠡᠨᠡ ᠨᠢ ᠶᠣᠬᠣᠸᠠ ᠶᠢᠨ ᠮᠣᠰᠧ ᠳᠤ ᠲᠤᠰᠢᠶᠠᠭᠰᠠᠨ ᠶᠣᠰᠣᠭᠠᠷ ᠪᠣᠯᠵᠠᠢ᠃
22 ᠳᠠᠷᠠᠭ᠎ᠠ ᠨᠢ ᠰᠢᠷᠡᠭᠡ ᠶᠢ ᠠᠭᠤᠯᠵᠠᠯᠲᠠ ᠶᠢᠨ ᠮᠠᠢᠬᠠᠨ ᠳᠤ ᠣᠷᠣᠭᠤᠯᠤᠨ ᠴᠠᠴᠠᠷ ᠤᠨ ᠬᠣᠢᠲᠤ ᠲᠠᠯ᠎ᠠ᠂ ᠬᠥᠰᠢᠭᠡᠨ ᠦ ᠭᠠᠳᠠᠨ᠎ᠠ ᠲᠠᠯᠪᠢᠵᠤ᠂
23 ᠰᠢᠷᠡᠭᠡᠨ ᠳᠡᠭᠡᠷ᠎ᠡ ᠶᠣᠬᠣᠸᠠ ᠶᠢᠨ ᠡᠮᠦᠨ᠎ᠡ ᠪᠣᠣᠪᠣ ᠶᠢ ᠲᠠᠯᠪᠢᠭᠰᠠᠨ ᠳᠤ᠂ ᠡᠨᠡ ᠨᠢ ᠶᠣᠬᠣᠸᠠ ᠶᠢᠨ ᠮᠣᠰᠧ ᠳᠤ ᠲᠤᠰᠢᠶᠠᠭᠰᠠᠨ ᠶᠣᠰᠣᠭᠠᠷ ᠪᠣᠯᠵᠠᠢ᠃
24 ᠲᠡᠭᠡᠭᠡᠳ ᠳ᠋ᠧᠩ ᠤᠨ ᠲᠠᠯᠪᠢᠭᠤᠷ ᠢ ᠠᠭᠤᠯᠵᠠᠯᠲᠠ ᠶᠢᠨ ᠮᠠᠢᠬᠠᠨ ᠤ ᠳᠣᠲᠣᠷᠠᠬᠢ ᠰᠢᠷᠡᠭᠡᠨ ᠦ ᠬᠠᠷᠠᠯᠳᠤᠭ᠎ᠠ᠂ ᠴᠠᠴᠠᠷ ᠤᠨ ᠡᠮᠦᠨ᠎ᠡ ᠲᠠᠯ᠎ᠠ ᠳᠤ ᠲᠠᠯᠪᠢᠵᠤ᠂ 25 ᠶᠣᠬᠣᠸᠠ ᠶᠢᠨ ᠡᠮᠦᠨ᠎ᠡ ᠳ᠋ᠧᠩ ᠤᠳ ᠢ ᠲᠠᠯᠪᠢᠭᠰᠠᠨ ᠳᠤ᠂ ᠡᠨᠡ ᠨᠢ ᠶᠣᠬᠣᠸᠠ ᠶᠢᠨ ᠮᠣᠰᠧ ᠳᠤ ᠲᠤᠰᠢᠶᠠᠭᠰᠠᠨ ᠶᠣᠰᠣᠭᠠᠷ ᠪᠣᠯᠵᠠᠢ᠃
26 ᠳᠠᠷᠠᠭ᠎ᠠ ᠨᠢ ᠠᠯᠲᠠᠨ ᠲᠠᠬᠢᠯ ᠤᠨ ᠰᠢᠷᠡᠭᠡ ᠶᠢ ᠠᠭᠤᠯᠵᠠᠯᠲᠠ ᠶᠢᠨ ᠴᠠᠴᠠᠷ ᠳᠣᠲᠣᠷ᠎ᠠ ᠬᠥᠰᠢᠭᠡᠨ ᠦ ᠡᠮᠦᠨ᠎ᠡ ᠲᠠᠯᠪᠢᠵᠤ᠂ 27 ᠠᠩᠬᠢᠯᠤᠭᠤᠨ ᠤᠲᠤᠯᠭ᠎ᠠ ᠶᠢ ᠲᠡᠭᠦᠨ ᠳᠡᠭᠡᠷ᠎ᠡ ᠤᠭᠤᠭᠢᠭᠤᠯᠤᠭᠰᠠᠨ ᠳᠤ᠂ ᠡᠨᠡ ᠨᠢ ᠶᠣᠬᠣᠸᠠ ᠶᠢᠨ ᠮᠣᠰᠧ ᠳᠤ ᠲᠤᠰᠢᠶᠠᠭᠰᠠᠨ ᠶᠣᠰᠣᠭᠠᠷ ᠪᠣᠯᠵᠠᠢ᠃
28 ᠲᠡᠭᠡᠭᠡᠳ ᠣᠷᠣᠰᠢᠬᠤᠢ ᠶᠢᠨ ᠮᠠᠢᠬᠠᠨ ᠤ ᠪᠦᠷᠬᠦᠭᠦᠯ ᠡᠭᠦᠳᠡ ᠶᠢ ᠡᠯᠭᠦᠭᠡᠳ 29 ᠰᠢᠲᠠᠭᠠᠯᠭᠠᠲᠤ ᠲᠠᠬᠢᠯ ᠤᠨ ᠰᠢᠷᠡᠭᠡ ᠶᠢ ᠠᠭᠤᠯᠵᠠᠯᠲᠠ ᠶᠢᠨ ᠮᠠᠢᠬᠠᠨ ᠪᠣᠯᠬᠤ ᠴᠠᠴᠠᠷ ᠤᠨ ᠡᠭᠦᠳᠡᠨ ᠦ ᠡᠮᠦᠨ᠎ᠡ ᠲᠠᠯᠪᠢᠵᠤ᠂ ᠲᠡᠭᠦᠨ ᠳᠡᠭᠡᠷ᠎ᠡ ᠰᠢᠲᠠᠭᠠᠯᠭᠠᠲᠤ ᠲᠠᠬᠢᠯ ᠪᠣᠯᠣᠨ ᠢᠳᠡᠭᠡᠨ ᠡᠷᠭᠦᠯ ᠢ ᠡᠷᠭᠦᠭᠰᠡᠨ ᠳᠦ᠂ ᠡᠨᠡ ᠨᠢ ᠶᠣᠬᠣᠸᠠ ᠶᠢᠨ ᠮᠣᠰᠧ ᠳᠤ ᠲᠤᠰᠢᠶᠠᠭᠰᠠᠨ ᠶᠣᠰᠣᠭᠠᠷ ᠪᠣᠯᠵᠠᠢ᠃
30 ᠲᠡᠭᠡᠭᠡᠳ ᠤᠬᠢᠶᠠᠯᠭ᠎ᠠ ᠶᠢᠨ ᠰᠠᠪᠠ ᠶᠢ ᠠᠭᠤᠯᠵᠠᠯᠲᠠ ᠶᠢᠨ ᠴᠠᠴᠠᠷ ᠪᠠ ᠲᠠᠬᠢᠯ ᠤᠨ ᠰᠢᠷᠡᠭᠡᠨ ᠦ ᠬᠣᠭᠣᠷᠣᠨᠳᠣ ᠲᠠᠯᠪᠢᠵᠤ᠂ ᠲᠡᠭᠦᠨ ᠳᠣᠲᠣᠷ᠎ᠠ ᠤᠬᠢᠶᠠᠬᠤ ᠤᠰᠤ ᠬᠢᠭᠰᠡᠨ ᠳᠦ 31 ᠮᠣᠰᠧ᠂ ᠠᠷᠣᠨ ᠪᠣᠯᠣᠨ ᠲᠡᠭᠦᠨ ᠦ ᠬᠥᠪᠡᠭᠦᠳ ᠲᠡᠷᠡ ᠤᠰᠤ ᠪᠠᠷ ᠭᠠᠷ᠂ ᠬᠥᠯ ᠢᠶᠡᠨ ᠤᠬᠢᠶᠠᠨ 32 ᠠᠭᠤᠯᠵᠠᠯᠲᠠ ᠶᠢᠨ ᠴᠠᠴᠠᠷ ᠲᠤ ᠣᠷᠣᠬᠤ ᠳᠠᠭᠠᠨ ᠴᠤ᠂ ᠲᠠᠬᠢᠯ ᠤᠨ ᠰᠢᠷᠡᠭᠡᠨ ᠳᠦ ᠣᠢᠷᠠᠲᠤᠬᠤ ᠳᠠᠭᠠᠨ ᠴᠤ ᠤᠬᠢᠶᠠᠳᠠᠭ ᠪᠣᠯᠣᠭᠰᠠᠨ ᠨᠢ ᠶᠣᠬᠣᠸᠠ ᠶᠢᠨ ᠮᠣᠰᠧ ᠳᠤ ᠲᠤᠰᠢᠶᠠᠭᠰᠠᠨ ᠶᠣᠰᠣᠭᠠᠷ ᠪᠣᠯᠵᠠᠢ᠃
33 ᠲᠡᠭᠡᠭᠡᠳ ᠴᠠᠴᠠᠷ ᠪᠠ ᠲᠠᠬᠢᠯ ᠤᠨ ᠰᠢᠷᠡᠭᠡ ᠶᠢ ᠲᠣᠭᠣᠷᠢᠭᠤᠯᠤᠨ ᠬᠦᠷᠢᠶ᠎ᠡ ᠪᠣᠰᠬᠠᠵᠤ᠂ ᠬᠦᠷᠢᠶᠡᠨ ᠳᠦ ᠪᠦᠷᠬᠦᠭᠦᠯ ᠡᠭᠦᠳᠡ ᠡᠯᠭᠦᠭᠰᠡᠨ ᠢᠶᠡᠷ ᠮᠣᠰᠧ ᠠᠵᠢᠯ ᠢᠶᠠᠨ ᠳᠠᠭᠤᠰᠬᠠᠯ᠎ᠠ᠃
ᠴᠠᠴᠠᠷ ᠤᠨ ᠳᠡᠭᠡᠷᠡᠬᠢ ᠴᠣᠭ ᠵᠢᠪᠬᠤᠯᠠᠩ
34 ᠲᠡᠭᠡᠲᠡᠯ᠎ᠡ ᠠᠭᠤᠯᠵᠠᠯᠲᠠ ᠶᠢᠨ ᠮᠠᠢᠬᠠᠨ ᠢ ᠡᠭᠦᠯᠡ ᠪᠦᠷᠬᠦᠪᠡ᠂ ᠴᠠᠴᠠᠷ ᠢ ᠶᠣᠬᠣᠸᠠ ᠶᠢᠨ ᠴᠣᠭ ᠵᠢᠪᠬᠤᠯᠠᠩ ᠳᠦᠭᠦᠷᠭᠡᠯ᠎ᠡ᠃ 35 ᠮᠣᠰᠧ ᠠᠭᠤᠯᠵᠠᠯᠲᠠ ᠶᠢᠨ ᠮᠠᠢᠬᠠᠨ ᠳᠤ ᠣᠷᠣᠵᠤ ᠴᠢᠳᠠᠭᠰᠠᠨ ᠦᠭᠡᠢ᠂ ᠴᠠᠴᠠᠷ ᠤᠨ ᠳᠡᠭᠡᠷ᠎ᠡ ᠡᠭᠦᠯᠡ ᠲᠣᠭᠲᠠᠵᠤ ᠶᠣᠬᠣᠸᠠ ᠶᠢᠨ ᠴᠣᠭ ᠵᠢᠪᠬᠤᠯᠠᠩ ᠴᠠᠴᠠᠷ ᠢ ᠳᠦᠭᠦᠷᠭᠡᠭᠰᠡᠨ ᠪᠠᠢᠯ᠎ᠠ᠃ 36 ᠪᠦᠬᠦ ᠠᠶᠠᠨ ᠵᠠᠮ ᠳᠠᠭᠠᠨ ᠡᠭᠦᠯᠡ ᠴᠠᠴᠠᠷ ᠤᠨ ᠳᠡᠭᠡᠷ᠎ᠡ ᠡᠴᠡ ᠳᠡᠭᠡᠭᠰᠢ ᠡᠷᠭᠦᠭᠳᠡᠪᠡᠯ ᠢᠰᠷᠧᠯᠴᠦᠳ ᠬᠥᠳᠡᠯᠵᠦ᠂ 37 ᠡᠭᠦᠯᠡ ᠡᠷᠭᠦᠭᠳᠡᠬᠦ ᠦᠭᠡᠢ ᠪᠣᠯ ᠳᠡᠭᠡᠭᠰᠢ ᠡᠷᠭᠦᠭᠳᠡᠬᠦ ᠡᠳᠦᠷ ᠪᠣᠯᠲᠠᠯ᠎ᠠ ᠬᠥᠳᠡᠯᠳᠡᠭ ᠦᠭᠡᠢ ᠪᠠᠢᠯ᠎ᠠ᠃ 38 ᠡᠢᠨ ᠬᠦ ᠡᠳᠦᠷ ᠨᠢ ᠶᠣᠬᠣᠸᠠ ᠶᠢᠨ ᠡᠭᠦᠯᠡ ᠴᠠᠴᠠᠷ ᠤᠨ ᠳᠡᠭᠡᠷ᠎ᠡ ᠪᠠᠢᠭ᠎ᠠ ᠨᠢ᠂ ᠰᠥᠨᠢ ᠨᠢ ᠲᠡᠷᠡ ᠡᠭᠦᠯᠡᠨ ᠦ ᠳᠣᠲᠣᠷ᠎ᠠ ᠭᠠᠯ ᠪᠠᠢᠭ᠎ᠠ ᠨᠢ ᠢᠰᠷᠧᠯ ᠤᠨ ᠪᠦᠬᠦ ᠭᠡᠷ ᠦᠨ ᠬᠢᠨ ᠤ ᠨᠢᠳᠦᠨ ᠡᠮᠦᠨ᠎ᠡ ᠠᠶᠠᠨ ᠤ ᠲᠤᠷᠰᠢ ᠦᠵᠡᠭᠳᠡᠵᠦ ᠪᠠᠢᠭᠰᠠᠨ ᠶᠤᠮ᠃