ᠭᠡᠲᠦᠯᠦᠯ ᠬᠣᠷᠢᠨ ᠳᠣᠯᠣᠭ᠎ᠠ
ᠰᠢᠲᠠᠭᠠᠯᠭᠠᠲᠤ ᠲᠠᠬᠢᠯ ᠤᠨ ᠰᠢᠷᠡᠭᠡ
1 ᠴᠢ ᠬᠤᠸᠠᠢᠰᠠ ᠮᠣᠳᠣ ᠪᠠᠷ ᠲᠠᠬᠢᠯ ᠤᠨ ᠰᠢᠷᠡᠭᠡ ᠶᠢ ᠬᠢ᠃ ᠲᠡᠷᠡ ᠨᠢ ᠳᠥᠷᠪᠡᠯᠵᠢᠨ᠂ ᠲᠠᠪᠤᠨ ᠲᠣᠬᠣᠢ ᠤᠷᠲᠤ᠂ ᠲᠠᠪᠤᠨ ᠲᠣᠬᠣᠢ ᠥᠷᠭᠡᠨ ᠪᠥᠭᠡᠳ ᠭᠤᠷᠪᠠᠨ ᠲᠣᠬᠣᠢ ᠥᠨᠳᠥᠷ ᠪᠠᠢᠬᠤ ᠶᠣᠰᠣᠲᠠᠢ᠃ 2 ᠰᠢᠷᠡᠭᠡᠨ ᠦ ᠳᠥᠷᠪᠡᠨ ᠥᠨᠴᠥᠭ ᠲᠦ᠂ ᠥᠨᠴᠥᠭ ᠪᠦᠷᠢ ᠳᠡᠭᠡᠷ᠎ᠡ ᠨᠢᠭᠡ ᠡᠪᠡᠷ ᠢ ᠪᠣᠰᠬ᠎ᠠ᠃ ᠲᠡᠳᠡᠭᠡᠷ ᠡᠪᠡᠷ ᠨᠢ ᠰᠢᠷᠡᠭᠡ ᠲᠠᠢ ᠪᠠᠨ ᠨᠢᠭᠡ ᠴᠣᠭᠴᠠ ᠪᠠᠢᠬᠤ ᠶᠣᠰᠣᠲᠠᠢ᠃ ᠲᠡᠭᠦᠨ ᠢ ᠬᠦᠷᠡᠯ ᠢᠶᠡᠷ ᠪᠦᠷᠢ᠃ 3 ᠰᠢᠷᠡᠭᠡᠨ ᠦ ᠠᠯᠢᠪᠠ ᠬᠡᠷᠡᠭᠰᠡᠯ ᠢ ᠴᠤ ᠬᠦᠷᠡᠯ ᠢᠶᠡᠷ ᠬᠢ᠃ ᠰᠠᠪᠠ᠂ ᠮᠥᠨ ᠤᠳᠬᠤᠭᠤᠷ᠂ ᠤᠬᠢᠶᠠᠭᠤᠷ᠂ ᠮᠢᠬᠠᠨ ᠤ ᠰᠡᠷᠡᠭᠡ ᠪᠣᠯᠣᠨ ᠪᠣᠢᠫᠣᠷ ᠵᠡᠷᠭᠡ ᠶᠢ ᠬᠢ᠃ 4 ᠰᠢᠷᠡᠭᠡᠨ ᠳᠡᠭᠡᠷ᠎ᠡ ᠬᠡᠷᠡᠭᠯᠡᠬᠦ ᠰᠠᠷᠠᠯᠵᠢ ᠶᠢ ᠬᠦᠷᠡᠯ ᠢᠶᠡᠷ ᠬᠢ᠂ ᠳᠥᠷᠪᠡᠨ ᠥᠨᠴᠥᠭ ᠲᠤᠨᠢ ᠳᠥᠷᠪᠡᠨ ᠬᠦᠷᠡᠯ ᠭᠠᠷᠠᠬ᠎ᠠ ᠬᠢ᠃ 5 ᠴᠢ ᠲᠣᠣᠷ ᠢ ᠲᠠᠬᠢᠯ ᠤᠨ ᠰᠢᠷᠡᠭᠡᠨ ᠦ ᠲᠠᠪᠴᠠᠩ ᠤᠨ ᠳᠣᠣᠷ᠎ᠠ᠂ ᠰᠢᠷᠡᠭᠡᠨ ᠦ ᠥᠨᠳᠥᠷ ᠦᠨ ᠬᠠᠭᠠᠰ ᠲᠤ ᠪᠠᠢᠯᠭ᠎ᠠ᠃ 6 ᠲᠠᠬᠢᠯ ᠤᠨ ᠰᠢᠷᠡᠭᠡ ᠶᠢ ᠵᠥᠭᠡᠭᠡᠬᠦ ᠳᠠᠮᠨᠠᠭᠤᠷᠭ᠎ᠠ ᠨᠤᠭᠤᠳ ᠢ ᠬᠤᠸᠠᠢᠰᠠ ᠮᠣᠳᠣ ᠪᠠᠷ ᠬᠢᠵᠦ ᠬᠦᠷᠡᠯ ᠢᠶᠡᠷ ᠪᠦᠷᠢ᠃ 7 ᠡᠳᠡᠭᠡᠷ ᠢ ᠲᠠᠬᠢᠯ ᠤᠨ ᠰᠢᠷᠡᠭᠡᠨ ᠦ ᠬᠣᠶᠠᠷ ᠲᠠᠯ᠎ᠠ ᠶᠢᠨ ᠭᠠᠷᠠᠬᠠᠨ ᠳᠤ ᠰᠢᠷᠭᠤᠭᠤᠯᠵᠤ᠂ ᠲᠡᠭᠦᠨ ᠢ ᠵᠥᠭᠡᠭᠡᠬᠦ ᠪᠣᠯᠣᠨ᠎ᠠ᠃ 8 ᠲᠠᠬᠢᠯ ᠤᠨ ᠰᠢᠷᠡᠭᠡ ᠶᠢ ᠳᠣᠲᠣᠷ᠎ᠠ ᠨᠢ ᠬᠥᠨᠳᠡᠢ ᠭᠠᠷᠭᠠᠵᠤ᠂ ᠮᠣᠳᠣᠨ ᠬᠠᠪᠲᠠᠰᠤ ᠪᠠᠷ ᠬᠢ᠃ ᠲᠡᠭᠦᠨ ᠢ ᠠᠭᠤᠯᠠᠨ ᠳᠡᠭᠡᠷ᠎ᠡ ᠴᠢᠮ᠎ᠠ ᠳᠤ ᠦᠵᠡᠭᠦᠯᠦᠭᠰᠡᠨ ᠶᠣᠰᠣᠭᠠᠷ ᠬᠢᠬᠦ ᠶᠣᠰᠣᠲᠠᠢ᠃
ᠬᠦᠷᠢᠶ᠎ᠡ
9 ᠴᠢ ᠴᠠᠴᠠᠷ ᠤᠨ ᠬᠦᠷᠢᠶ᠎ᠡ ᠶᠢ ᠬᠢ᠃ ᠬᠦᠷᠢᠶ᠎ᠡ ᠶᠢ ᠨᠠᠷᠢᠨ ᠨᠡᠬᠡᠭᠰᠡᠨ ᠮᠠᠭᠠᠯᠢᠩ᠋ᠭᠤᠨ ᠬᠥᠰᠢᠭᠡ ᠨᠦᠭᠦᠳ ᠢᠶᠡᠷ ᠬᠦᠷᠢᠶᠡᠯᠡ᠂ ᠡᠮᠦᠨ᠎ᠡ ᠲᠠᠯ᠎ᠠ ᠶᠢᠨ ᠬᠥᠰᠢᠭᠡ ᠨᠢ ᠵᠠᠭᠤᠨ ᠲᠣᠬᠣᠢ ᠤᠷᠲᠤ ᠪᠠᠢᠬᠤ ᠶᠣᠰᠣᠲᠠᠢ᠃ 10 ᠡᠭᠦᠨ ᠳᠦ ᠵᠣᠷᠢᠭᠤᠯᠤᠨ ᠬᠣᠷᠢᠨ ᠪᠠᠭᠠᠨ᠎ᠠ᠂ ᠬᠣᠷᠢᠨ ᠤᠭᠯᠠᠭᠤᠷ ᠬᠡᠷᠡᠭ ᠲᠡᠢ᠃ ᠡᠳᠡᠭᠡᠷ ᠢ ᠬᠦᠷᠡᠯ ᠢᠶᠡᠷ᠂ ᠪᠠᠭᠠᠨ᠎ᠠ ᠶᠢᠨ ᠳᠡᠭᠡᠭᠡ ᠪᠣᠯᠣᠨ ᠬᠣᠯᠪᠣᠭᠠᠰᠤ ᠶᠢ ᠮᠥᠩᠭᠥ ᠪᠡᠷ ᠬᠢ᠃ 11 ᠬᠣᠢᠲᠤ ᠲᠠᠯ᠎ᠠ ᠶᠢᠨ ᠬᠥᠰᠢᠭᠡ ᠴᠤ ᠵᠠᠭᠤᠨ ᠲᠣᠬᠣᠢ ᠤᠷᠲᠤ ᠪᠠᠢᠬᠤ ᠶᠣᠰᠣᠲᠠᠢ᠃ ᠡᠭᠦᠨ ᠳᠦ ᠵᠣᠷᠢᠭᠤᠯᠤᠨ ᠬᠣᠷᠢᠨ ᠪᠠᠭᠠᠨ᠎ᠠ ᠬᠣᠷᠢᠨ ᠤᠭᠯᠠᠭᠤᠷ ᠢ ᠬᠦᠷᠡᠯ ᠢᠶᠡᠷ᠂ ᠳᠡᠭᠡᠭᠡ ᠪᠣᠯᠣᠨ ᠬᠣᠯᠪᠣᠭᠠᠰᠤ ᠶᠢ ᠨᠢ ᠮᠥᠩᠭᠥ ᠪᠡᠷ ᠬᠢ᠃ 12 ᠬᠦᠷᠢᠶᠡᠨ ᠦ ᠪᠠᠷᠠᠭᠤᠨ ᠲᠠᠯ᠎ᠠ ᠳᠤᠨᠢ ᠲᠠᠪᠢᠨ ᠲᠣᠬᠣᠢ ᠤᠷᠲᠤ ᠬᠥᠰᠢᠭᠡ ᠲᠠᠲᠠ᠃ ᠡᠭᠦᠨ ᠳᠦ ᠵᠣᠷᠢᠭᠤᠯᠤᠨ ᠠᠷᠪᠠᠨ ᠪᠠᠭᠠᠨ᠎ᠠ᠂ ᠠᠷᠪᠠᠨ ᠤᠭᠯᠠᠭᠤᠷ ᠬᠡᠷᠡᠭ ᠲᠡᠢ᠃ 13 ᠨᠠᠷᠠ ᠮᠠᠨᠳᠤᠬᠤ ᠵᠦᠭ ᠪᠣᠯᠬᠤ ᠬᠦᠷᠢᠶᠡᠨ ᠦ ᠵᠡᠭᠦᠨ ᠲᠠᠯ᠎ᠠ ᠶᠢᠨ ᠬᠥᠰᠢᠭᠡ ᠴᠤ ᠲᠠᠪᠢᠨ ᠲᠣᠬᠣᠢ ᠤᠷᠲᠤ ᠪᠠᠢᠬᠤ ᠶᠣᠰᠣᠲᠠᠢ᠃ 14 ᠬᠠᠷᠢᠨ ᠲᠡᠨᠳᠡ ᠬᠦᠷᠢᠶᠡᠨ ᠦ ᠬᠠᠭᠠᠯᠭ᠎ᠠ ᠪᠤᠢ᠂ ᠡᠭᠦᠨ ᠦ ᠨᠢᠭᠡ ᠲᠠᠯ᠎ᠠ ᠳᠤ ᠠᠷᠪᠠᠨ ᠲᠠᠪᠤᠨ ᠲᠣᠬᠣᠢ ᠤᠷᠲᠤ ᠬᠥᠰᠢᠭᠡ ᠲᠠᠲᠠ᠃ ᠡᠭᠦᠨ ᠳᠦ ᠵᠣᠷᠢᠭᠤᠯᠤᠨ ᠭᠤᠷᠪᠠᠨ ᠪᠠᠭᠠᠨ᠎ᠠ᠂ ᠭᠤᠷᠪᠠᠨ ᠤᠭᠯᠠᠭᠤᠷ ᠬᠡᠷᠡᠭ ᠲᠡᠢ᠃ 15 ᠨᠥᠭᠥᠭᠡ ᠲᠠᠯ᠎ᠠ ᠳᠤ ᠴᠤ ᠠᠷᠪᠠᠨ ᠲᠠᠪᠤᠨ ᠲᠣᠬᠣᠢ ᠤᠷᠲᠤ ᠬᠥᠰᠢᠭᠡ ᠲᠠᠲᠠ᠃ ᠡᠭᠦᠨ ᠳᠦ ᠵᠣᠷᠢᠭᠤᠯᠤᠨ ᠮᠥᠨ ᠭᠤᠷᠪᠠᠨ ᠪᠠᠭᠠᠨ᠎ᠠ᠂ ᠭᠤᠷᠪᠠᠨ ᠤᠭᠯᠠᠭᠤᠷ ᠬᠡᠷᠡᠭ ᠲᠡᠢ᠃
16 ᠬᠦᠷᠢᠶᠡᠨ ᠦ ᠬᠠᠭᠠᠯᠭᠠᠨ ᠳᠤ ᠬᠣᠷᠢᠨ ᠲᠣᠬᠣᠢ ᠤᠷᠲᠤ ᠬᠥᠰᠢᠭᠡ ᠪᠡᠯᠡᠳᠬᠡ᠃ ᠬᠠᠭᠠᠯᠭ᠎ᠠ ᠶᠢ ᠳᠥᠷᠪᠡᠨ ᠪᠠᠭᠠᠨ᠎ᠠ᠂ ᠳᠥᠷᠪᠡᠨ ᠤᠭᠯᠠᠭᠤᠷ ᠢᠶᠠᠷ ᠬᠢᠵᠦ᠂ ᠬᠥᠰᠢᠭᠡ ᠶᠢ ᠨᠢ ᠬᠥᠬᠡ᠂ ᠨᠢᠯ ᠶᠠᠭᠠᠨ᠂ ᠴᠢᠰ ᠤᠯᠠᠭᠠᠨ ᠪᠥᠰ ᠪᠣᠯᠣᠨ ᠨᠠᠷᠢᠨ ᠨᠡᠬᠡᠭᠰᠡᠨ ᠮᠠᠭᠠᠯᠢᠩ᠋ᠭᠤ ᠪᠠᠷ ᠤᠷᠠᠨ ᠨᠠᠷᠢᠨ ᠤᠷᠠᠯᠠᠵᠤ ᠬᠢᠬᠦ ᠶᠣᠰᠣᠲᠠᠢ᠃ 17 ᠬᠦᠷᠢᠶᠡᠨ ᠦ ᠡᠷᠭᠢᠨ ᠲᠣᠭᠣᠷᠢᠨ ᠳᠠᠬᠢ ᠪᠦᠬᠦ ᠪᠠᠭᠠᠨ᠎ᠠ ᠳᠤ ᠮᠥᠩᠭᠥᠨ ᠬᠣᠯᠪᠣᠭᠠᠰᠤ᠂ ᠮᠥᠩᠭᠥᠨ ᠳᠡᠭᠡᠭᠡ᠂ ᠬᠦᠷᠡᠯ ᠤᠭᠯᠠᠭᠤᠷ ᠪᠠᠢᠷᠢᠯᠠᠭᠤᠯ᠃ 18 ᠬᠦᠷᠢᠶᠡᠨ ᠦ ᠤᠷᠲᠤ ᠨᠢ ᠵᠠᠭᠤᠨ ᠲᠣᠬᠣᠢ᠂ ᠥᠷᠭᠡᠨ ᠨᠢ ᠲᠠᠪᠢᠨ ᠲᠣᠬᠣᠢ᠂ ᠥᠨᠳᠥᠷ ᠨᠢ ᠲᠠᠪᠤᠨ ᠲᠣᠬᠣᠢ ᠪᠠᠢᠬᠤ ᠶᠣᠰᠣᠲᠠᠢ᠃ ᠬᠦᠷᠢᠶᠡᠨ ᠦ ᠬᠥᠰᠢᠭᠡ ᠨᠦᠭᠦᠳ ᠢ ᠨᠠᠷᠢᠨ ᠨᠡᠬᠡᠭᠰᠡᠨ ᠮᠠᠭᠠᠯᠢᠩ᠋ᠭᠤ ᠪᠠᠷ᠂ ᠤᠭᠯᠠᠭᠤᠷ ᠤᠳ ᠢ ᠬᠦᠷᠡᠯ ᠢᠶᠡᠷ ᠬᠢ᠃ 19 ᠴᠠᠴᠠᠷ ᠲᠤ ᠬᠡᠷᠡᠭᠯᠡᠬᠦ ᠬᠡᠷᠡᠭᠰᠡᠯ᠂ ᠴᠠᠴᠠᠷ ᠤᠨ ᠭᠠᠳᠠᠰᠤ ᠪᠣᠯᠣᠨ ᠬᠦᠷᠢᠶᠡᠨ ᠦ ᠭᠠᠳᠠᠰᠤ ᠪᠦᠭᠦᠳᠡᠭᠡᠷ ᠬᠦᠷᠡᠯ ᠪᠠᠢᠬᠤ ᠶᠣᠰᠣᠲᠠᠢ᠃
ᠳ᠋ᠧᠩ ᠤᠨ ᠲᠣᠰᠣ
20 ᠴᠢᠳᠦᠨ ᠡᠴᠡ ᠰᠢᠬᠠᠵᠤ ᠣᠯᠣᠭᠰᠠᠨ ᠴᠡᠪᠡᠷ ᠲᠣᠰᠣ ᠶᠢ ᠳ᠋ᠧᠩ ᠤᠨ ᠭᠡᠷᠡᠯᠲᠦᠭᠦᠯᠭᠡᠨ ᠳᠦ ᠬᠡᠷᠡᠭᠯᠡᠬᠦ ᠪᠡᠷ ᠴᠢᠮ᠎ᠠ ᠳᠤ ᠠᠪᠴᠢᠷᠠᠬᠤ ᠶᠢ ᠢᠰᠷᠧᠯᠴᠦᠳ ᠲᠦ ᠲᠤᠰᠢᠶ᠎ᠠ᠃ ᠡᠢᠨ ᠬᠦ ᠳ᠋ᠧᠩ ᠢ ᠠᠰᠠᠭᠠᠯᠲᠠᠲᠠᠢ ᠪᠠᠢᠯᠭᠠᠬᠤ ᠶᠣᠰᠣᠲᠠᠢ᠃ 21 ᠲᠡᠷᠡ ᠳ᠋ᠧᠩ ᠢ ᠠᠭᠤᠯᠵᠠᠯᠲᠠ ᠶᠢᠨ ᠴᠠᠴᠠᠷ ᠤᠨ ᠳᠣᠲᠣᠷᠠᠬᠢ ᠭᠡᠷᠡᠴᠢᠯᠡᠯ ᠦᠨ ᠠᠪᠳᠠᠷ᠎ᠠ ᠶᠢᠨ ᠤᠷᠳᠤ ᠪᠤᠢ ᠬᠥᠰᠢᠭᠡ ᠶᠢᠨ ᠭᠠᠳᠠᠨ᠎ᠠ ᠲᠠᠯ᠎ᠠ ᠳᠤ ᠪᠠᠢᠷᠢᠯᠠᠭᠤᠯ᠃ ᠠᠷᠣᠨ ᠪᠠ ᠲᠡᠭᠦᠨ ᠦ ᠬᠥᠪᠡᠭᠦᠳ ᠦᠳᠡᠰᠢ ᠡᠴᠡ ᠥᠷᠯᠥᠭᠡ ᠬᠦᠷᠲᠡᠯ᠎ᠡ ᠲᠡᠷᠡ ᠳ᠋ᠧᠩ ᠢ ᠶᠣᠬᠣᠸᠠ ᠶᠢᠨ ᠡᠮᠦᠨ᠎ᠡ ᠠᠰᠠᠭᠠᠯᠲᠠᠲᠠᠢ ᠪᠠᠢᠯᠭᠠᠬᠤ ᠶᠣᠰᠣᠲᠠᠢ᠃ ᠡᠨᠡ ᠨᠢ ᠢᠰᠷᠧᠯᠴᠦᠳ ᠦᠨ ᠦᠶ᠎ᠡ ᠤᠯᠠᠮᠵᠢᠯᠠᠨ ᠰᠠᠬᠢᠬᠤ ᠡᠭᠦᠷᠢᠳᠡ ᠶᠢᠨ ᠶᠣᠰᠣ ᠵᠢᠷᠤᠮ ᠪᠣᠯᠬᠤ ᠶᠤᠮ᠃